ᠰᠠᠶᠢ᠊ · ᠤᠶᠤᠨᠴᠢᠮᠡᠭ | | | ᠬᠦᠳᠡᠭᠡ ᠨᠤᠳᠤᠭ | ᠮᠤᠩᠭᠤᠯ ᠤᠨ ᠦᠨᠳᠦᠷᠯᠢᠭ ᠤᠨ ᠤᠷᠤᠨ | ᠬᠦᠳᠡᠭᠡ ᠨᠤᠳᠤᠭ | ᠴᠢᠩᠬᠢᠰ ᠪᠤᠭᠳᠠ ᠶᠢᠨ ᠦᠭᠭᠦᠭᠰᠡᠨ ᠤᠷᠤᠨ | ᠬᠦᠳᠡᠭᠡ ᠨᠤᠳᠤᠭ | ᠮᠤᠩᠭᠤᠯ ᠵᠠᠶᠠᠭᠠᠨ ᠤ ᠤᠷᠤᠨ | ᠬᠦᠳᠡᠭᠡ ᠨᠤᠳᠤᠭ | ᠪᠠᠶᠢᠭᠠᠯᠢ ᠲᠡᠯᠡᠭᠡᠢ ᠶᠢᠨ ᠡᠪᠤᠷ | ᠮᠢᠨᠤ ᠮᠤᠩᠭᠤᠯ ᠤᠨ ᠰᠦᠵᠢᠭᠯᠡᠳᠡᠭ | ᠤᠪᠤᠭ᠎ᠠ ᠬᠠᠶᠢᠷᠬᠠᠨ ᠮᠤᠳᠤ ᠰᠢᠭᠤᠢ ᠠᠳᠡ ᠪᠤᠢ | ᠮᠢᠨᠤ ᠮᠤᠩᠭᠤᠯ ᠤᠨ ᠡᠬᠦᠰᠦᠭᠰᠡᠨ | ᠬᠠᠯᠠᠭᠤᠨ ᠭᠤᠯᠤᠮᠳᠠ ᠠᠳᠡ ᠪᠤᠢ | ᠮᠢᠨᠤ ᠮᠤᠩᠭᠤᠯ ᠤᠨ ᠲᠡᠭᠡᠳᠤᠰ ᠤᠨ | ᠠᠯᠳᠠᠨ ᠶᠠᠰᠤ ᠠᠳᠡ ᠪᠤᠢ | ᠮᠢᠨᠤ ᠮᠤᠩᠭᠤᠯ ᠤᠨ ᠦᠶ᠎ᠡ ᠤᠯᠠᠷᠢᠨ | ᠠᠮᠢᠳᠤᠷᠠᠭᠰᠠᠨ ᠨᠤᠳᠤᠭ ᠠᠳᠡ ᠪᠤᠢ | ᠮᠢᠨᠤ ᠮᠦᠯᠬᠦᠵᠦ ᠦᠰᠦᠭᠰᠡᠨ | ᠬᠠᠯᠠᠭᠤᠨ ᠰᠢᠷᠤᠢ ᠠᠳᠡ ᠪᠤᠢ | ᠮᠢᠨᠤ ᠮᠦᠷᠦᠭᠡᠳᠤᠯ ᠳᠤ ᠰᠠᠨᠠᠭᠳᠠᠳᠠᠭ | ᠪᠠᠭ᠎ᠠ ᠶᠢᠨ ᠨᠠᠰᠣ ᠠᠳᠡ ᠪᠤᠢ | ᠮᠢᠨᠤ ᠰᠣᠶᠣᠯ ᠤᠨ ᠮᠦᠷ ᠤᠨ | ᠨᠠᠷᠢᠨ ᠵᠦᠷᠢᠭ ᠠᠳᠡ ᠪᠤᠢ | ᠮᠢᠨᠤ ᠠᠵᠢᠯ ᠤᠨ ᠠᠩᠬᠠᠨ ᠤ | ᠭᠠᠷᠤᠭ᠎ᠠ ᠠᠳᠡ ᠪᠤᠢ | ᠲᠠᠪᠤᠨ ᠬᠤᠰᠢᠭᠤ ᠮᠠᠯ ᠨᠢ | ᠲᠠᠯ᠎ᠠ ᠲᠦᠬᠦᠷᠡᠩ ᠪᠡᠯᠴᠢᠳᠡᠭ ᠭᠠᠵᠠᠷ | ᠲᠠᠷᠠᠭ ᠠᠶᠢᠷᠠᠭ ᠤᠨ ᠦᠨᠦᠷ | ᠭᠡᠷ ᠲᠦᠬᠦᠷᠡᠩ ᠰᠡᠩᠬᠢᠨᠡᠳᠡᠭ ᠭᠠᠵᠠᠷ | ᠲᠠᠩᠰᠤᠭ ᠰᠤᠷᠭᠤᠭ ᠪᠡᠯᠴᠢᠭᠡᠷ ᠨᠢ | ᠣᠰᠣᠨ ᠲᠤᠯᠬᠢᠶᠠᠨ ᠰᠢᠭ᠋ ᠦᠶᠡᠯᠵᠡᠳᠡᠭ ᠭᠠᠵᠠᠷ | ᠲᠠᠭᠠᠳᠠᠢ ᠮᠤᠩᠭᠤᠯ ᠠᠮᠢᠳᠤᠷᠠᠯ ᠨᠢ | ᠨᠠᠷᠠᠨ ᠰᠠᠷᠠᠨ ᠤ ᠢᠪᠡᠭᠡᠯ ᠲᠠᠢ ᠭᠠᠵᠠᠷ | ᠬᠦᠭᠡ ᠤᠭᠳᠠᠷᠭᠤᠢ ᠳᠤ | ᠬᠦᠪᠦᠩ ᠡᠬᠦᠯᠡ ᠤᠷᠭᠤᠳᠠᠭ ᠭᠠᠵᠠᠷ | ᠬᠦᠭᠡᠮᠳᠤᠭ᠌ ᠠᠭᠤᠯᠠᠰ ᠨᠢ | ᠰᠦᠮᠪᠤᠷᠯᠡᠨ ᠰᠡᠬᠦ᠋ᠢᠳᠡᠭ ᠭᠠᠵᠠᠷ | ᠠᠭᠠᠷ ᠨᠢ ᠲᠤᠭᠤᠰᠤ ᠦᠭᠡᠢ | ᠲᠤᠩᠭᠠᠯᠠᠭ ᠪᠠᠶᠢᠳᠠᠭ ᠭᠠᠵᠠᠷ | ᠠᠯᠳᠠᠨ ᠨᠠᠷᠠᠨ ᠤ ᠲᠤᠶᠠᠭ᠎ᠠ | ᠰᠠᠴᠤᠷᠠᠵᠦ ᠪᠠᠶᠢᠳᠠᠭ ᠭᠠᠵᠠᠷ | ᠨᠤᠭᠤᠰᠤ ᠭᠠᠯᠠᠭᠤ ᠨᠢ ᠨᠠᠭᠤᠷ ᠲᠠᠭᠠᠨ | ᠱᠤᠩᠪᠠᠨ ᠨᠠᠭᠠᠳᠳᠠᠬ ᠭᠠᠵᠠᠷ | ᠰᠢᠮᠡᠳᠦ ᠬᠦᠷᠦᠰᠦᠨ ᠳᠤ | ᠴᠡᠴᠡᠭᠡᠰ ᠮᠦᠰᠢᠶᠡᠨ ᠲᠡᠯᠭᠡᠷᠡᠳᠡᠭ ᠭᠠᠵᠠᠷ | ᠲᠠᠯ᠎ᠠ ᠶᠢᠨ ᠮᠠᠯᠴᠢᠳ ᠲᠠᠭᠠᠳᠠᠢ | ᠠᠮᠢᠳᠤᠷᠠᠨ ᠰᠠᠭᠤᠳᠠᠭ ᠭᠠᠵᠠᠷ | ᠲᠠᠨ᠎ᠠ ᠰᠤᠪᠤᠳ ᠰᠢᠭ᠋ ᠤᠯᠠᠨ ᠰᠦᠷᠦᠭ ᠢᠶᠠᠨ | ᠦᠷᠡᠵᠢᠬᠦᠯᠵᠦ ᠦᠰᠭᠡᠳᠡᠭ ᠭᠠᠵᠠᠷ | ᠬᠦᠪᠦᠩ ᠴᠠᠭᠠᠨ ᠨᠤᠤᠰᠤ ᠪᠠᠨ | ᠡᠯᠪᠡᠭ ᠬᠤᠷᠢᠶᠠᠳᠠᠭ ᠭᠠᠵᠠᠷ | ᠬᠦᠢᠳᠡᠨ ᠬᠠᠯᠠᠭᠤᠨ ᠢᠶᠠᠨ | ᠬᠠᠯᠠᠭᠯᠠᠵᠦ ᠪᠠᠶᠢᠭᠰᠠᠨ ᠭᠠᠵᠠᠷ | ᠬᠦᠳᠡᠯᠮᠤᠷᠢᠴᠢ ᠤᠯᠠᠨ ᠮᠤᠩᠭᠤᠯᠴᠤᠳ ᠢ | ᠲᠦᠷᠦᠬᠦᠯᠵᠦ ᠦᠰᠭᠡᠭᠰᠡᠨ ᠭᠠᠵᠠᠷ | ᠬᠦᠳᠡᠭᠡ ᠨᠤᠳᠤᠭ ᠢᠶᠠᠨ ᠦᠮᠴᠢᠷᠭᠡᠭᠰᠡᠨ | ᠡᠵᠡᠨ ᠪᠤᠯᠭᠠᠭᠰᠠᠨ ᠭᠠᠵᠠᠷ | ᠮᠤᠩᠭᠤᠯ ᠭᠡᠰᠡᠨ ᠦᠨᠳᠦᠰᠦᠳᠡᠨ ᠢᠶᠠᠨ | ᠬᠠᠮᠠᠭᠠᠯᠠᠵᠦ ᠪᠦᠪᠠᠶᠢᠯᠡᠭᠰᠡᠨ ᠭᠠᠵᠠᠷ | ᠮᠤᠩᠭᠤᠯ ᠭᠡᠮᠡᠬᠦ ᠰᠤᠶᠤᠯ ᠢᠶᠠᠨ | ᠤᠯᠠᠮᠵᠢᠯᠠᠵᠦ ᠬᠦᠭᠵᠢᠬᠦᠯᠦᠭᠰᠡᠨ ᠨᠤᠳᠤᠭ | ᠮᠤᠩᠭᠤᠯ ᠵᠠᠩ ᠦᠢᠯᠡ ᠪᠠᠨ | ᠦᠪᠯᠡᠵᠦ ᠲᠡᠯᠭᠡᠷᠡᠭᠦᠯᠦᠭᠰᠡᠨ ᠦᠯᠦᠭᠡᠢ | ᠮᠤᠩᠭᠤᠯ ᠤᠨ ᠤᠯᠠᠨ ᠦᠷᠡᠰ ᠢᠶᠠᠨ | ᠬᠦᠮᠦᠵᠢᠬᠦᠯᠵᠦ ᠬᠦᠭᠵᠢᠬᠦᠯᠦᠭᠰᠡᠨ ᠠᠯᠳᠠᠨ ᠰᠢᠷᠤᠢ᠃ | |