ᠪᠢ ᠲᠤᠷᠠᠲᠠᠢ
ᠨᠡᠶᠢᠲᠡᠯᠡᠭᠰᠡᠨ ᠴᠠᠭ᠄
2016/4/6
               ᠪᠢ ᠲᠤᠷᠠᠲᠠᠢ                              ︵ᠭᠠᠲᠠᠨ᠎ᠠ ᠨᠢᠭᠡ︶                                                 ●ᠲᠡᠮᠦᠷᠪᠠᠭᠠᠨ᠎ᠠ       ᠠᠩᠬᠠᠨ ᠤ ᠴᠠᠰᠤ ᠬᠤᠴᠢᠭᠰᠠᠨ ᠴᠠᠭᠠᠨ ᠡᠪᠤᠯ ᠳᠤ ᠪᠢ ᠲᠤᠷᠠᠲᠠᠢ             ᠠᠮᠢᠯᠠᠯ ᠤᠨ ᠢᠷᠭᠤᠢ ᠲᠡᠯᠭᠡᠷᠡᠭᠰᠡᠨ ᠨᠤᠭᠤᠭᠠᠨ ᠬᠠᠪᠤᠷ ᠲᠤ ᠪᠢ ᠲᠤᠷᠠᠲᠠᠢ             ᠠᠷᠭᠠᠯ ᠤᠨ ᠤᠲᠤᠭ᠎ᠠ ᠰᠤᠭᠤᠨᠠᠭᠯᠠᠭᠰᠠᠨ ᠴᠡᠯᠭᠡᠷ ᠵᠣᠨ ᠳᠤ ᠪᠢ ᠲᠤᠷᠠᠲᠠᠢ             ᠠᠭᠠᠷᠤᠤᠯ ᠤᠨ ᠲᠤᠰᠤ ᠭᠢᠯᠲᠠᠭᠠᠨᠠᠭᠰᠠᠨ ᠰᠢᠷᠭᠠᠯ ᠨᠠᠮᠤᠷ ᠲᠤ ᠪᠠᠰᠠ ᠲᠤᠷᠠᠲᠠᠢ︕          ᠁  ᠁           ᠠᠶᠠᠷ ᠰᠢᠪᠡᠷᠡᠭᠰᠡᠨ ᠪᠤᠷᠤᠭ᠎ᠠ ᠦᠷᠭᠦᠯᠵᠢᠯᠡᠬᠦ ᠳᠤ ᠪᠢ ᠲᠤᠷᠠᠲᠠᠢ           ᠠᠲᠠᠷ ᠲᠠᠯ᠎ᠠ ᠳᠤ ᠠᠲᠤᠭᠤ ᠲᠠᠪᠬᠢᠯᠲᠤᠬᠤ ᠳᠤ ᠪᠢ ᠲᠤᠷᠠᠲᠠᠢ           ᠠᠶᠠᠰᠯᠠᠨ ᠰᠡᠪᠢᠯᠵᠡᠬᠦ ᠰᠠᠯᠬᠢ ᠢᠯᠪᠢᠬᠦ ᠳᠤ ᠪᠢ ᠲᠤᠷᠠᠲᠠᠢ           ᠠᠷᠤ ᠶᠢᠨ ᠠᠭᠤᠯᠠᠨ ᠳᠤ ᠪᠤᠭᠤ ᠤᠷᠤᠮᠲᠠᠬᠤ ᠳᠤ ᠪᠢ ᠲᠤᠷᠠᠲᠠᠢ           ᠲᠤᠨᠤᠭᠰᠠᠨ ᠴᠡᠩᠭᠡᠷ ᠨᠠᠭᠤᠷ ᠤᠨ ᠮᠡᠯᠲᠡᠭᠡᠨᠡᠬᠦ ᠳᠤ ᠪᠢ ᠲᠤᠷᠠᠲᠠᠢ           ᠲᠤᠭᠤᠷᠤᠤ ᠭᠠᠯᠠᠭᠤᠳ ᠤᠨ ᠬᠤᠤᠰᠯᠠᠨ ᠨᠢᠰᠬᠦ ᠳᠤ ᠪᠢ ᠲᠤᠷᠠᠲᠠᠢ           ᠲᠤᠷᠭᠠᠨ ᠨᠤᠭᠤᠭᠠᠨ ᠲᠡᠨᠵᠢ ᠶᠢᠨ ᠴᠡᠮᠪᠡᠭᠡᠷ ᠲᠤ ᠪᠢ ᠲᠤᠷᠠᠲᠠᠢ             ᠲᠤᠪᠤᠷᠤᠲᠦ ᠵᠤᠲᠤᠭᠲᠦ ᠪᠦᠬᠡᠴᠢᠳ ᠤᠨ ᠪᠠᠷᠢᠯᠲᠤᠬᠤ ᠳᠤ ᠪᠢ ᠲᠤᠷᠠᠲᠠᠢ           ᠲᠤᠪᠶᠤᠭ ᠭᠦᠭᠡ ᠨᠤᠲᠤᠭ ᠤᠨ ᠲᠠᠩᠰᠤᠭᠯᠠᠯ ᠳᠤ ᠪᠢ ᠲᠤᠷᠠᠲᠠᠢ︕         ᠵᠤᠰᠠᠯᠠᠩ ᠤᠨ ᠰᠢᠷ᠎ᠠ ᠪᠦᠷᠦᠢ ᠠᠭᠠᠵᠢᠮ ᠵᠠᠮᠬᠠᠷᠠᠬᠤ ᠳᠤ ᠪᠢ ᠲᠤᠷᠠᠲᠠᠢ         ᠵᠤᠤᠵᠠᠢ ᠬᠤᠯᠪᠤᠭᠰᠠᠨ ᠪᠤᠯᠵᠤᠭᠠᠨ ᠵᠠᠯᠠᠭᠤᠰ ᠤᠨ ᠢᠨᠠᠭᠰᠢᠨ ᠢᠨᠢᠶᠡᠯᠲᠤᠬᠦ ᠳᠤ ᠪᠢ ᠲᠤᠷᠠᠲᠠᠢ           ᠵᠤᠨ ᠤ ᠰᠠᠶᠢᠬᠠᠨ ᠦᠲᠡᠰᠢ ᠶᠢᠨ ᠨᠠᠮᠤᠭᠤᠬᠠᠨ ᠰᠡᠯᠡᠭᠦᠤ ᠳᠤ ᠪᠢ ᠲᠤᠷᠠᠲᠠᠢ           ᠵᠤᠭᠤᠭ ᠬᠦᠤᠷᠨᠢᠭ᠍ᠰᠡᠨ ᠭᠦᠭᠰᠢᠳ ᠡᠪᠤᠭᠡᠳ ᠤᠨ ᠲᠠᠮᠠᠬᠢ ᠨᠡᠷᠡᠬᠦ ᠳᠤ ᠪᠢ ᠲᠤᠷᠠᠲᠠᠢ           ᠵᠠᠭᠤᠨ ᠵᠠᠭᠤᠨ ᠤ ᠪᠤᠭᠤᠷᠤᠯ ᠮᠣᠩᠭᠤᠯ ᠤᠨ ᠭᠡᠭᠡᠨ ᠬᠠᠭᠤᠴᠢ ᠳᠤ ᠪᠢ ᠲᠤᠷᠠᠲᠠᠢ︕           ᠤᠲᠤᠳ ᠴᠠᠶᠢᠷᠠᠨ ᠬᠢᠯᠠᠯᠵᠠᠲᠠᠭ ᠬᠦᠨ ᠰᠦᠨᠢ ᠳᠤ ᠪᠢ ᠲᠤᠷᠠᠲᠠᠢ             ᠤᠷᠲᠦ ᠰᠤᠨᠤᠷᠲᠦ ᠬᠠᠷ᠎ᠠ ᠭᠦᠯᠦᠭᠡ ᠬᠠᠶᠠ ᠬᠤᠴᠠᠬᠤ ᠳᠤ ᠪᠢ ᠲᠤᠷᠠᠲᠠᠢ           ᠤᠷᠭ᠎ᠠ ᠲᠦᠰᠢᠭᠦᠯᠦᠭᠰᠡᠨ ᠮᠤᠩᠭᠤᠯ ᠭᠡᠷ ᠲᠡᠷᠲᠡᠭᠡ ᠰᠦᠮᠡᠯᠵᠡᠬᠦ ᠳᠤ ᠪᠢ ᠲᠤᠷᠠᠲᠠᠢ           ᠤᠮᠤᠯᠵᠠᠨ ᠤᠨᠲᠠᠬᠤ ᠵᠢᠭᠠᠯ ᠬᠦᠤ ᠶᠢᠨ ᠵᠡᠭᠦᠲᠦᠨ ᠢᠨᠢᠶᠡᠯ ᠳᠤ ᠪᠢ ᠲᠤᠷᠠᠲᠠᠢ           ᠤᠲᠤᠮ ᠬᠦᠢ ᠶᠢᠨ ᠠᠯᠲᠠᠨ ᠭᠡᠭᠡ ᠦᠨᠢᠲᠡ ᠮᠠᠨᠲᠤᠬᠤ ᠳᠤ ᠪᠢ ᠲᠤᠷᠠᠲᠠᠢ︕             ᠦᠷ᠎ᠡ ᠪᠠᠨ ᠦᠨᠦᠰᠦᠭᠰᠡᠨ ᠬᠦᠭᠡᠷᠦᠭᠦᠨ ᠪᠦᠰᠡᠭᠦᠢ ᠶᠢᠨ ᠡᠬᠡ ᠬᠠᠶᠢᠷ᠎ᠠ ᠳᠤ ᠪᠢ ᠲᠤᠷᠠᠲᠠᠢ           ᠦᠷᠦᠭᠡᠨ ᠤ ᠴᠡᠭᠡᠨ ᠳ᠋ᠧᠡᠭ ᠰᠠᠷᠠ ᠰᠢᠭ᠋ ᠭᠡᠷᠡᠯᠲᠦᠬᠦ ᠳᠤ ᠪᠢ ᠲᠤᠷᠠᠲᠠᠢ             ᠦᠷᠦᠴᠡᠨ ᠳᠤ ᠰᠢᠯᠥᠭ ᠲᠦᠭᠰᠢᠬᠦᠯᠦᠭᠰᠡᠨ ᠶᠠᠩᠵᠢᠨᠯᠾᠮᠦ ᠪᠤᠷᠬᠠᠨ ᠳᠤ ᠪᠢ ᠲᠤᠷᠠᠲᠠᠢ             ᠦᠡᠭᠭᠡ ᠲᠠᠢ ᠠᠮᠢᠲᠤᠷᠠᠯ ᠤᠨ ᠰᠤᠪᠢᠩ ᠢ ᠵᠡᠭᠦᠳᠦᠨ ᠠᠴᠠ ᠡᠬᠢᠯᠡᠬᠦᠯᠬᠦ ᠯᠡ ᠪᠢ ᠲᠤᠷᠠᠲᠠᠢ︕             ᠁    ᠁                              ᠮᠢᠨᠦ  ᠪᠠᠭᠰᠢ                    ᠡᠪᠦᠭᠡ ᠶᠢᠨ ᠮᠢᠨᠢ ᠡᠭᠦᠷᠴᠦ ᠶᠠᠪᠤᠭᠰᠠᠨ ᠪᠤᠷᠭᠠᠰᠤᠨ ᠠᠷᠤᠭ ᠮᠢᠨᠦ ᠪᠠᠭᠰᠢ            ᠦᠷᠦᠭᠡ ᠭᠡᠷ ᠢ ᠮᠢᠨᠢ ᠲᠤᠯᠠᠭᠠᠯᠠᠲᠠᠭ ᠠᠷᠭᠠᠯ ᠨᠢ ᠴᠤ ᠮᠢᠨᠦ ᠪᠠᠭᠰᠢ᠂            ᠡᠮᠡᠭᠡ ᠶᠢᠨ ᠮᠢᠨᠢ ᠲᠠᠮᠤᠵᠦ ᠰᠠᠭᠤᠲᠠᠭ ᠰᠢᠷᠢᠯᠲᠤᠭ᠍ᠰᠡᠨ ᠤᠯᠤᠰᠤ ᠮᠢᠨᠦ ᠪᠠᠭᠰᠢ            ᠦᠭᠡᠲᠡᠭ ᠭᠤᠲᠤᠯ ᠢ ᠮᠢᠨᠢ ᠤᠯᠠᠯᠠᠭᠰᠠᠨ ᠤᠲᠠᠰᠤ ᠨᠢ ᠴᠤ ᠮᠢᠨᠦ ᠪᠠᠭᠰᠢ︕            ᠠᠪᠤ ᠶᠢᠨ ᠮᠢᠨᠢ ᠬᠠᠷᠠᠴᠠᠯᠠᠵᠦ ᠪᠤᠰᠬᠠᠭᠰᠠᠨ ᠬᠠᠨᠠᠲᠦ ᠭᠡᠷ ᠮᠢᠨᠦ ᠪᠠᠭᠰᠢ            ᠠᠪᠠ ᠳᠤ ᠰᠤᠶᠢᠷᠠᠲᠠᠭ ᠲᠡᠭᠦᠵᠢᠩ ᠪᠢᠯᠠᠭᠤ ᠨᠢ ᠴᠤ ᠮᠢᠨᠦ ᠪᠠᠭᠰᠢ᠂            ᠡᠵᠢ ᠶᠢᠨ ᠮᠢᠨᠢ ᠡᠷᠲᠡᠯᠡᠵᠦ ᠶᠠᠭᠠᠷᠠᠲᠠᠭ ᠰᠠᠭᠠᠯᠢ ᠶᠢᠨ ᠵᠠᠯ᠎ᠠ ᠮᠢᠨᠦ ᠪᠠᠭᠰᠢ          ᠡᠷᠭᠦᠯ ᠳᠤ ᠵᠠᠷᠤᠲᠠᠭ ᠭᠠᠤᠯᠢᠨ ᠰᠢᠨᠠᠭ᠎ᠠ ᠨᠢ ᠴᠤ ᠮᠢᠨᠦ ᠪᠠᠭᠰᠢ ᠡ︕                      ᠮᠦᠡᠭᠭᠦᠨ ᠲᠠᠷᠤᠯᠭ᠎ᠠ ᠬᠦᠷᠡᠯ ᠲᠦᠷᠦᠭᠡᠲᠦ ᠡᠮᠡᠭᠡᠯ ᠮᠢᠨᠦ ᠪᠠᠭᠰᠢ              ᠭᠤᠷᠮᠤᠰᠤᠨ ᠬᠤᠶᠢᠪᠢ ᠴᠠᠶᠢᠷ ᠴᠡᠭᠡᠵᠢ ᠲᠠᠢ ᠤᠷᠭ᠎ᠠ ᠮᠢᠨᠦ ᠪᠠᠭᠰᠢ᠂            ᠮᠦᠭᠡᠷ ᠲᠡᠩᠭᠡᠯᠢᠭ ᠪᠤᠭᠤᠯᠠᠭ᠎ᠠ ᠪᠤᠭᠤᠷᠭᠢᠯᠵᠢᠲᠦ ᠮᠤᠲᠤᠨ ᠲᠡᠷᠭᠡ ᠮᠢᠨᠦ ᠪᠠᠭᠰᠢ        ᠭᠤᠲᠤᠯᠢᠲᠦ ᠰᠤᠮᠦ ᠰᠠᠷᠠᠨ ᠫᠠᠢ ᠲᠠᠢ ᠡᠪᠡᠷ ᠨᠤᠮᠦ ᠮᠢᠨᠦ ᠪᠠᠭᠰᠢ︕            ᠤᠶᠠᠨ ᠲᠦᠭᠦᠷᠢᠭ ᠨᠠᠶᠢᠷ ᠤᠨ ᠬᠦᠷᠢᠶ᠎ᠡ ᠮᠢᠨᠦ ᠪᠠᠭᠰᠢ          ᠤᠷᠠᠢ ᠶᠢᠨ ᠲᠠᠭᠤᠤ ᠪᠠᠷ ᠲᠠᠪᠢᠲᠡᠭ ᠪᠦᠭᠡᠴᠢᠳ ᠮᠢᠨᠦ ᠪᠠᠭᠰᠢ᠂            ᠭᠤᠷ᠎ᠠ ᠵᠡᠭᠡᠷ᠎ᠡ ᠶᠢᠨ ᠬᠦᠶᠦᠲᠡᠯ ᠲᠠᠢ ᠬᠦᠯᠦᠭ ᠮᠢᠨᠦ ᠪᠠᠭᠰᠢ          ᠭᠤᠷᠪᠠᠨ ᠠᠯᠠᠭ᠎ᠠ ᠲᠠᠢ ᠰᠤᠷ ᠴᠢᠲᠦᠷ ᠮᠢᠨᠦ ᠪᠠᠭᠰᠢ ᠡ︕                      ᠰᠦᠵᠢᠭᠯᠡᠨ ᠰᠢᠲᠦᠲᠡᠭ ᠤᠪᠤᠭ᠎ᠠ ᠬᠠᠶᠢᠷᠬᠠᠨ ᠮᠢᠨᠦ ᠪᠠᠭᠰᠢ            ᠰᠦᠷᠦᠭᠯᠡᠨ ᠵᠡᠯᠡᠯᠡᠲᠡᠭ ᠨᠡᠭᠦᠲᠡᠯ ᠰᠢᠪᠠᠭᠤ ᠮᠢᠨᠦ ᠪᠠᠭᠰᠢ᠂            ᠤᠭᠠᠯᠵᠠᠯᠠᠨ ᠤᠷᠤᠰᠲᠠᠭ ᠭᠤᠤᠯ ᠮᠢᠨᠦ ᠪᠠᠭᠰᠢ            ᠤᠰᠤ ᠨᠢ ᠮᠡᠯᠮᠡᠷᠡᠲᠡᠭ ᠨᠠᠭᠤᠷ ᠮᠢᠨᠦ ᠪᠠᠭᠰᠢ︕               ᠁  ᠁            ᠴᠡᠯᠭᠡᠷ ᠲᠠᠯ᠎ᠠ ᠨᠢ ᠮᠢᠨᠦ ᠪᠠᠭᠰᠢ            ᠴᠡᠴᠡᠭ ᠡᠪᠡᠰᠤ ᠨᠢ ᠮᠢᠨᠦ ᠪᠠᠭᠰᠢ᠂             ᠦᠡᠭᠭᠡᠲᠦ ᠰᠤᠯᠤᠩᠭ᠎ᠠ ᠨᠢ ᠮᠢᠨᠦ ᠪᠠᠭᠰᠢ           ᠦᠲᠡᠰᠢ ᠶᠢᠨ ᠰᠠᠷᠠ ᠤᠲᠤ ᠡᠲᠦᠷ ᠤᠨ ᠨᠠᠷᠠ ᠴᠤ ᠮᠢᠨᠦ ᠪᠠᠭᠰᠢ ᠡ︕           ᠮᠢᠨᠦ ᠪᠠᠭᠰᠢ ᠤᠯᠠᠨ︕             ᠮᠢᠩᠭᠠᠨ ᠮᠢᠩᠭᠠᠨ ᠤ ᠲᠡᠣᠭᠡ ᠲᠠᠢ ᠮᠤᠩᠭᠤᠯ ᠬᠦᠮᠦᠨ ᠵᠤᠨ ᠪᠠᠶᠢᠭᠠᠯᠢ ᠪᠦᠷ ᠮᠢᠨᠦ ᠪᠠᠭᠰᠢ ᠡ︕    
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备14003692号