ᠨᠡᠬᠦᠳᠡᠯ ᠤᠨ ᠮᠣᠩᠭᠤᠯ ᠬᠤᠷᠸ᠎ᠠ
ᠨᠡᠶᠢᠲᠡᠯᠡᠭᠰᠡᠨ ᠴᠠᠭ᠄
2016/4/6
              ᠨᠡᠬᠦᠳᠡᠯ ᠤᠨ ᠮᠣᠩᠭᠤᠯ ᠬᠤᠷᠸ᠎ᠠ                                                                                                        ●ᠡᠷᠢᠯᠴᠢᠨᠬᠦᠦ    ᠣᠨᠣᠨ ᠬᠡᠷᠦᠯᠦᠨ ᠠᠴᠠ ᠣᠴᠢᠯᠠᠨ ᠪᠣᠰᠣᠬᠰᠠᠨ ᠮᠣᠩᠭᠤᠯ ᠬᠡᠳᠡᠭ      ᠣᠷᠬᠤᠨ ᠰᠡᠯᠡᠩᠬᠡ ᠪᠠᠷ ᠣᠳᠣᠷᠯᠠᠨ ᠨᠡᠬᠦᠭᠰᠠᠨ ᠮᠣᠩᠭᠤᠯ ᠬᠡᠳᠡᠭ    ᠣᠷᠣᠨ ᠳᠠᠭᠠᠨ ᠦᠯᠦ ᠬᠡᠪᠳᠡᠨ ᠣᠣᠯᠭᠠᠯᠠᠬᠰᠠᠨ ᠮᠣᠩᠭᠤᠯ ᠬᠡᠳᠡᠭ      ᠣᠯᠠᠨ ᠵᠠᠭᠤᠨ ᠤ ᠲᠣᠣᠯᠢᠶᠠᠨ ᠪᠣᠯᠣᠬᠰᠠᠨ ᠬᠦᠴᠦᠷᠬᠡᠭ ᠮᠣᠩᠭᠤᠯ ᠬᠡᠳᠡᠭ                   ᠮᠣᠩᠭᠤᠯ ᠬᠡᠶᠢᠮᠣᠷᠢ ᠬᠡᠶᠢᠰᠴᠦ ᠪᠡᠶᠢᠬᠰᠠᠨ                 ᠮᠣᠩᠭᠤᠯ ᠵᠠᠶᠠᠬ᠋᠎ᠠ ᠮᠠᠨᠳᠣᠵᠣ ᠪᠡᠶᠢᠬᠰᠠᠨ      ᠵᠦᠷᠢᠴᠡᠯᠳᠦ ᠠᠶᠢᠮᠠᠬ ᠤᠳ ᠢ ᠵᠦᠭᠰᠢᠷᠡᠬᠦᠯᠦᠨ ᠨᠢᠬᠡᠳᠬᠡᠭᠰᠡᠨ ᠨᠢ ᠲᠠᠶᠢᠽᠦ ᠲᠡᠮᠦᠵᠢᠨ ᠬᠡᠳᠡᠭ      ᠵᠦᠭ ᠵᠦᠭ ᠤᠨ ᠲᠠᠶᠢᠰᠣᠨ ᠢ ᠮᠣᠬᠤᠭᠠᠨ ᠴᠡᠴᠡᠷᠡᠬᠦᠯᠦᠭᠰᠡᠨ ᠨᠢ ᠮᠣᠩᠭᠤᠯ ᠮᠣᠷᠢᠳᠠᠳ ᠬᠡᠳᠡᠭ      ᠵᠦᠢ ᠶᠢ ᠨᠢ ᠦᠵᠡᠵᠣ ᠡᠮᠦᠨᠡᠳᠦ ᠶᠢ ᠨᠣᠶᠠᠷᠬᠠᠬᠰᠠᠨ ᠨᠢ ᠱᠢᠽᠦ ᠬᠤᠪᠢᠯᠠᠢ ᠬᠡᠳᠡᠭ      ᠵᠦᠷᠢᠶᠡᠳᠦ ᠰᠣᠶᠣᠯ ᠢ ᠡᠪᠰᠡᠬᠦᠯᠵᠣ ᠵᠠᠰᠠᠵᠣ ᠪᠡᠶᠢᠬᠰᠠᠨ ᠨᠢ ᠮᠣᠩᠭᠤᠯ ᠰᠡᠴᠡᠳᠡᠳ ᠬᠡᠳᠡᠭ                   ᠮᠣᠩᠭᠤᠯ ᠲᠤᠬ ᠨᠠᠮᠢᠷᠠᠵᠣ ᠪᠡᠶᠢᠬᠰᠠᠨ                   ᠮᠣᠩᠭᠤᠯ ᠰᠦᠷ ᠪᠡᠳᠠᠷᠠᠵᠣ ᠪᠡᠶᠢᠬᠰᠠᠨ    ᠮᠦᠡᠭᠬᠡ ᠲᠡᠭᠷᠢ ᠶᠢᠨ ᠬᠦᠴᠦᠨ ᠢᠶᠠᠷ ᠡᠸᠦ᠋ᠷᠦᠫᠠ ᠠᠷᠠᠪ ᠢ ᠰᠦᠷᠳᠡᠬᠦᠯᠦᠭᠰᠡᠨ ᠨᠢ ᠡᠵᠡᠨ ᠬᠦᠶᠦᠭ ᠬᠡᠳᠡᠭ    ᠪᠣᠳᠠᠷᠠᠬᠰᠠᠨ ᠮᠣᠩᠭᠤᠯ ᠢᠶᠠᠨ ᠨᠢᠬᠡᠳᠬᠡᠬᠦ ᠬᠡᠳ ᠴᠢᠷᠮᠠᠶᠢᠨ ᠵᠢᠳᠬᠦᠭᠰᠡᠨ ᠨᠢ ᠬᠠᠳᠣᠨ ᠮᠠᠨᠳᠣᠬᠠᠢ ᠬᠡᠳᠡᠭ    ᠪᠣᠬᠳᠠ ᠴᠢᠩᠬᠢᠰ ᠰᠢᠭ ᠬᠤᠷᠢᠶᠠᠬᠤ ᠬᠡᠳ ᠪᠡᠶᠢᠯᠳᠣᠨ ᠲᠡᠨᠦᠭᠰᠡᠨ ᠨᠢ ᠬᠠᠭᠠᠨᠳᠠᠨ ᠲᠡᠮᠦᠷ ᠬᠡᠳᠡᠭ    ᠪᠣᠷᠣᠩᠬᠤᠢ ᠲᠠᠷᠣᠯᠠᠯ ᠢ ᠡᠰᠡᠷᠬᠦᠴᠡᠬᠦ ᠬᠡᠳ ᠦᠬᠦᠨ ᠲᠡᠮᠡᠴᠡᠭᠰᠡᠨ ᠨᠢ ᠪᠣᠱᠣᠬᠳᠣ ᠬ᠋ᠠᠯᠳᠠᠨ ᠬᠡᠳᠡᠭ                  ᠮᠣᠩᠭᠤᠯ ᠲᠦᠷᠦ ᠬᠦᠭᠵᠢᠵᠣ ᠪᠡᠶᠢᠬᠰᠠᠨ                  ᠮᠣᠩᠭᠤᠯ ᠶᠠᠰᠣᠳᠠᠳ ᠮᠡᠷᠡᠶᠢᠵᠣ ᠪᠡᠶᠢᠬᠰᠠᠨ     ᠰᠢᠷ᠎ᠠ ᠶᠢᠨ ᠱᠠᠰᠢᠨ ᠤ ᠰᠠᠶᠢᠨ ᠢᠶᠠᠷ ᠰᠢᠳᠢᠳᠡᠨ ᠪᠣᠷᠬᠠᠨ ᠳᠠᠭᠠᠨ ᠰᠦᠰᠦᠭᠯᠡᠭᠰᠡᠨ ᠬᠡᠳᠡᠭ     ᠰᠢᠵᠢᠷ ᠦᠡᠭᠬᠡ ᠶᠢᠨ ᠲᠠᠳᠠᠯᠳᠠ ᠪᠠᠷ ᠬᠤᠰᠢᠭᠤ ᠠᠶᠢᠮᠠᠬ ᠬᠤᠪᠢᠶᠠᠨ ᠲᠡᠮᠡᠴᠡᠯᠳᠦᠭᠰᠡᠨ ᠬᠡᠳᠡᠭ     ᠠᠯᠳᠠᠨ ᠬ᠋ᠠᠨᠵᠢᠷᠠᠳᠣ ᠰᠦᠮ᠎ᠠ ᠳᠤᠨᠢ ᠠᠷᠢᠶᠠᠪᠡᠯᠦ ᠶᠢᠨ ᠱᠠᠪᠢ ᠣᠯᠠᠳᠣᠬᠰᠠᠨ ᠬᠡᠳᠡᠭ   ᠠᠷᠭᠠᠨ ᠳᠤ ᠮᠢᠨᠢ ᠣᠨᠠᠯ᠎ᠠ ᠬᠡᠵᠣ ᠮᠠᠨᠵᠣ ᠶᠢᠨ ᠨᠣᠶᠠᠷᠬᠠᠬᠴᠢᠳ ᠰᠡᠳᠬᠢᠯ ᠬᠠᠨᠵᠣ ᠢᠷᠵᠢᠢᠭᠰᠡᠨ ᠬᠡᠳᠡᠭ                ᠮᠣᠩᠭᠤᠯ ᠲᠡᠯᠡᠬᠡᠢ ᠮᠢᠨᠢ ᠵᠠᠳᠠᠷᠠᠵᠣ ᠡᠬᠢᠯᠡᠭᠰᠡᠨ                  ᠮᠣᠩᠭᠤᠯ ᠵᠠᠶᠠᠬ᠋᠎ᠠ ᠮᠢᠨᠢ ᠲᠠᠷᠳᠠᠵᠣ ᠢᠷᠡᠭᠰᠡᠨ   ᠪᠡᠷᠠᠭᠠᠨ ᠡᠬᠦᠯᠡᠳᠦ ᠣᠬᠳᠠᠷᠭᠤᠢ ᠳᠤ ᠬᠠᠪᠣᠷ ᠤᠨ ᠠᠶᠣᠩᠬ᠋᠎ᠠ ᠨᠢᠵᠢᠬᠢᠨᠡᠭᠰᠡᠨ ᠬᠡᠳᠡᠭ     ᠪᠡᠯᠠᠷ ᠤᠨ ᠲᠣᠮᠳᠠ ᠲᠡᠮᠳᠡᠷᠬᠢᠯᠡᠭᠰᠡᠨ ᠮᠣᠩᠭᠤᠯ ᠶᠠᠰᠣᠳᠠᠳ ᠰᠡᠷᠢᠭᠰᠡᠨ ᠬᠡᠳᠡᠭ     ᠪᠣᠯᠱᠸᠧᠢᠭ ᠦᠵᠡᠯᠳᠡ ᠶᠢᠨ ᠰᠢᠮ᠎ᠠ ᠶᠢ ᠪᠣᠴᠠᠯᠳᠠ ᠦᠬᠡᠢ ᠬᠦᠯᠢᠶᠡᠨ ᠠᠪᠣᠬᠰᠠᠨ ᠬᠡᠳᠡᠭ   ᠪᠣᠷᠣᠩᠬᠤᠢ ᠲᠠᠶᠢᠰᠣᠨ ᠤᠳ ᠢ ᠦᠯᠳᠡᠵᠣ ᠮᠣᠩᠭᠤᠯ ᠨᠣᠳᠤᠬ ᠢᠶᠠᠨ ᠴᠢᠯᠦᠬᠡᠯᠡᠭᠰᠡᠨ ᠬᠡᠳᠡᠭ                ᠮᠣᠩᠭᠤᠯ ᠠᠷᠠᠳ ᠰᠡᠬᠡᠬᠡᠷᠡᠵᠣ ᠣᠬᠠᠭᠠᠷᠠᠬᠰᠠᠨ                  ᠮᠣᠩᠭᠤᠯ ᠠᠮᠢᠳᠣᠷᠠᠯ ᠨᠡᠬᠡᠬᠡᠯᠳᠡᠳᠠᠢ ᠪᠣᠯᠣᠬᠰᠠᠨ     ᠬᠦᠭᠵᠢᠯ ᠤᠨ ᠵᠠᠮ ᠳᠠᠭᠠᠨ ᠣᠷᠣᠨ ᠬᠦᠬᠡᠷᠴᠦ ᠢᠰᠬᠢᠷᠦᠭᠰᠡᠨ ᠮᠣᠩᠭᠤᠯ ᠬᠡᠳᠡᠭ   ᠬᠦᠰᠡᠯ ᠢᠳᠡᠬᠡᠯ ᠢᠶᠠᠨ ᠪᠡᠳᠣᠳᠬᠠᠨ ᠵᠢᠯᠣᠭᠤ ᠲᠠᠯᠪᠢᠨ ᠲᠣᠪᠳᠣᠯᠣᠬᠰᠠᠨ ᠬᠡᠳᠡᠭ     ᠰᠢᠨ᠎ᠡ ᠡᠷᠡᠨ ᠤ ᠰᠠᠶᠢᠬᠠᠨ ᠢ ᠬ᠋ᠠᠶᠢᠬᠠᠰᠢ ᠠᠯᠳᠠᠨ ᠰᠣᠨᠢᠷᠬᠠᠬᠰᠠᠨ ᠬᠡᠳᠡᠭ     ᠰᠢᠨᠵᠢᠯᠡᠬᠦ ᠣᠬᠠᠭᠠᠨ ᠰᠣᠶᠣᠯ ᠢ ᠰᠢᠮᠳᠠᠨ ᠰᠣᠷᠣᠯᠴᠠᠵᠣ ᠡᠬᠢᠯᠡᠭᠰᠡᠨ ᠬᠡᠳᠡᠭ              ᠮᠣᠩᠭᠤᠯ ᠣᠷᠴᠢᠯᠠᠩ ᠰᠢᠨᠡᠴᠢᠯᠡᠵᠣ ᠡᠬᠢᠯᠡᠭᠰᠡᠨ                  ᠮᠣᠩᠭᠤᠯ ᠴᠤᠬ ᠵᠢᠪᠬᠤᠭᠠᠵᠢᠵᠣ ᠢᠷᠡᠭᠰᠡᠨ     ᠵᠢᠷᠭᠠᠯᠠᠩ ᠪᠦᠬᠦᠨ ᠲᠣᠶᠠᠭᠠᠷᠠᠬᠰᠠᠨ ᠢᠶᠠᠷ ᠢᠶᠠᠨ ᠮᠣᠩᠭᠤᠯ ᠬᠤᠷᠸ᠎ᠠ ᠲᠠᠶᠢᠪᠣᠩ ᠬᠡᠳᠡᠭ     ᠵᠢᠪᠬᠤᠯᠠᠩ ᠪᠦᠬᠦᠳᠡ ᠪᠦᠷᠢᠳᠦᠭᠰᠡᠨ ᠢᠶᠠᠷ ᠢᠶᠠᠨ ᠮᠣᠩᠭᠤᠯ ᠵᠠᠯᠠᠭᠤᠰ ᠠᠭᠤᠳᠠᠮᠴᠢ ᠬᠡᠳᠡᠭ   ᠠᠮᠣᠭᠤᠯᠠᠩ ᠪᠦᠬᠦᠨ ᠲᠣᠳᠠᠨᠢᠬᠰᠠᠨ ᠢᠶᠠᠷ ᠢᠶᠠᠨ ᠮᠣᠩᠭᠤᠯ ᠤᠨ ᠢᠷᠡᠬᠡᠳᠦᠢ ᠰᠠᠷᠠᠭᠤᠯ ᠬᠡᠳᠡᠭ   ᠪᠡᠶᠠᠰᠬᠤᠯᠠᠩ ᠪᠦᠬᠦᠳᠡ ᠪᠢᠯᠬᠠᠷᠠᠬᠰᠠᠨ ᠢᠶᠠᠷ ᠢᠶᠠᠨ ᠮᠣᠩᠭᠤᠯ ᠰᠣᠶᠣᠯ ᠮᠦᠡᠭᠬᠡ ᠬᠡᠳᠡᠭ             ᠮᠣᠩᠭᠤᠯ ᠬᠤᠷᠸ᠎ᠠ ᠮᠦᠡᠭᠬᠡ ᠠᠮᠥᠷᠯᠢᠩᠭᠤᠢ               ᠮᠣᠩᠭᠤᠯ ᠠᠵᠠ ᠲᠡᠬᠦᠰ ᠠᠮᠢᠯᠠᠩᠭᠤᠢ      ᠵᠣᠬᠢᠶᠠᠬᠴᠢ ᠶᠢᠨ ᠬᠠᠶ᠋ᠢᠬ᠄ ᠠᠯᠠᠱᠠ ᠪᠡᠷᠠᠭᠤᠨ ᠬᠤᠰᠢᠭᠤᠨ ᠤ ᠠᠷᠠᠳ ᠤᠨ ᠪᠡᠶᠢᠴᠠᠭᠠᠬᠤ ᠬᠤᠷᠢᠶ᠎ᠠ  
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备14003692号