ᠨᠢᠮᠪᠥᠥ ᠶᠢᠨ ᠨᠢᠯᠪᠤᠰᠥ
ᠨᠡᠶᠢᠲᠡᠯᠡᠭᠰᠡᠨ ᠴᠠᠭ᠄
2016/4/6
              ᠨᠢᠮᠪᠥᠥ ᠶᠢᠨ ᠨᠢᠯᠪᠤᠰᠥ                                                           ᠬᠠᠩᠭᠠᠯ ᠦᠭᠡᠷᠴᠢᠨᠭᠦᠦ       ᠨᠢᠮᠪᠥᠥ ᠨᠢᠯᠪᠤᠰᠤ ᠪᠦᠮᠪᠦᠷᠢᠬᠦᠯᠵᠦ ᠪᠠᠶᠢᠨ᠎ᠠ᠃                   ᠡᠷ᠎ᠡ ᠬᠥᠮᠥᠨ ᠨᠢᠯᠪᠤᠰᠤ ᠪᠠᠨ ᠵᠠᠯᠬᠢᠵᠤ ᠶᠠᠪᠤᠳᠠᠭ ᠶᠤᠰᠤᠳᠡᠢ᠃ ᠵᠠᠯᠬᠢᠵᠤ ᠲᠡᠶᠢᠯᠳᠡᠭ ᠥᠬᠡᠢ ᠨᠢᠯᠪᠤᠰᠤ  ᠮᠠᠰᠢ  ᠬᠤᠪᠤᠷ᠂ ᠬᠤᠪᠤᠷ ᠶᠠᠭᠤᠮ᠎ᠠ ᠲᠡᠷᠡ ᠴᠠᠭ ᠲᠠᠭᠠᠨ ᠥᠨᠡᠳᠡᠢ ᠪᠠᠶᠢᠳᠠᠭ᠃                       ᠨᠢᠮᠪᠥᠥ ᠰᠠᠶᠢᠬᠠᠨ ᠡᠷ᠎ᠡ ᠶᠠᠪᠤᠯ᠎ᠠ᠃ ᠨᠠᠷᠨ ᠰᠠᠷᠠᠨ ᠤ ᠡᠬᠡᠯᠵᠢᠯᠡᠯ᠂  ᠨᠠᠰᠥ  ᠵᠢᠯ ᠤᠨ  ᠨᠡᠮᠡᠭᠳᠡᠯ ᠢᠶᠠᠷ  ᠦᠪᠡᠷ ᠤᠨ  ᠡᠷᠬᠡ ᠥᠬᠡᠢ ᠵᠢᠷᠠ ᠶᠢ ᠲᠠᠪᠠᠵᠤ ᠵᠠᠵᠢᠨ ᠥᠰᠥ ᠨᠢ ᠴᠡᠶᠢᠵᠡᠢ᠃ ᠪᠠᠶᠠᠷ ᠭᠤᠨᠢᠭ ᠬᠤᠤᠰᠯᠠᠭᠰᠠᠨ ᠬᠥᠮᠥᠨ ᠤ ᠠᠮᠢᠳᠤᠷᠠᠯ ᠳᠤ᠂ ᠵᠥᠳᠡᠬᠦᠷᠢ ᠶᠢ ᠪᠠᠶᠠᠷ ᠠᠴᠠ ᠪᠠᠨ ᠬᠤᠯᠠ ᠢᠯᠡᠬᠦᠥ ᠡᠳ᠋ᠯᠡᠭᠰᠡᠨ ᠨᠢ ᠥᠨᠡᠨ ᠲᠠᠢ᠃ ᠬᠡᠬᠦ ᠳᠡᠭᠡᠨ ᠨᠢᠯᠪᠤᠰᠤ ᠶᠡᠷᠥ ᠠᠴᠠ ᠤᠨᠠᠭᠠᠵᠤ  ᠥᠵᠡᠭᠡ  ᠥᠬᠡᠢ ᠬᠥᠮᠥᠨ ᠦᠨᠦᠳᠦᠷ ᠨᠢᠯᠪᠤᠰᠤ ᠪᠦᠮᠪᠦᠷᠢᠬᠦᠯᠵᠦ ᠪᠠᠶᠢᠨ᠎ᠠ᠃ ᠶᠠᠭᠤᠨ ᠳᠤ ᠤᠬᠢᠯᠠᠵᠤ ᠪᠠᠶᠢᠭ᠎ᠠ ᠪᠤᠢ ᠬᠡᠪᠡᠯ᠂ ᠰᠤᠭᠳᠤᠭᠤ  ᠬᠦᠯᠴᠦᠬᠦᠦ ᠯᠠᠪ ᠪᠢᠰᠢ᠃                       — ᠪᠢ ᠥᠨᠡᠬᠡᠷ ᠪᠠᠶᠠᠷᠯᠠᠵᠤ ᠪᠠᠶᠢᠨ᠎ᠠ  ᠬᠡᠵᠤ  ᠨᠢᠮᠪᠥᠥ  ᠨᠢᠯᠪᠤᠰᠤ  ᠪᠦᠮᠪᠦᠷᠢᠬᠦᠯᠦᠨ᠎ᠡ᠃  ᠡᠷ᠎ᠡ  ᠬᠥᠮᠥᠨ  ᠶᠡᠷᠥ ᠨᠢ ᠭᠤᠨᠢᠭ ᠤᠨ ᠨᠢᠯᠪᠤᠰᠤ ᠪᠠᠨ ᠵᠠᠯᠬᠢᠵᠤ᠂ ᠪᠠᠶᠠᠷ ᠤᠨ ᠨᠢᠯᠪᠤᠰᠤ ᠪᠠᠨ ᠤᠨᠠᠭᠠᠳᠠᠭ ᠪᠠᠶᠢᠵᠤ ᠲᠠᠭᠠᠷᠠᠨ᠎ᠠ᠃                     ᠨᠢᠮᠪᠥᠥ  ᠡᠳᠥᠢ  ᠬᠥᠷᠳᠡᠯ᠎ᠡ  ᠠᠮᠢᠳᠤᠷᠠᠬᠤ ᠳᠠᠭᠠᠨ  ᠦᠨᠦᠳᠦᠷ  ᠰᠢᠭ   ᠪᠠᠶᠠᠷᠯᠠᠵᠤ   ᠶᠡᠷᠥ   ᠥᠵᠡᠭᠡ   ᠥᠬᠡᠢ᠃ ᠪᠠᠶᠠᠷᠯᠠᠬᠤ ᠳᠠᠭᠠᠨ ᠨᠢᠬᠡᠮᠥᠰᠥᠨ ᠤᠶᠠᠷᠠᠵᠤ ᠦᠩᠬᠡᠷᠡᠭᠰᠡᠨ ᠢᠶᠠᠨ ᠰᠠᠨᠠᠭᠠᠯᠵᠠᠵᠤ ᠮᠠᠷᠭᠠᠰᠢ ᠪᠠᠨ ᠪᠠᠭ᠋ᠠᠳᠤᠨ᠎ᠠ᠃           ᠨᠢᠮᠪᠥᠤ ᠤᠯᠤᠰ ᠤᠷᠤᠨ ᠤ ᠭᠤᠷᠪᠠᠨ ᠵᠢᠯ ᠤᠨ ᠭᠠᠴᠢᠭ ᠢᠶᠠᠷ  ᠬᠥᠮᠥᠨ ᠤ  ᠶᠢᠷᠳᠢᠨᠴᠥ ᠳᠤ  ᠢᠷᠡᠵᠡᠢ᠃  ᠰᠤᠷᠭᠠᠭᠤᠯᠢ ᠰᠤᠶᠤᠯ ᠤᠨ ᠮᠦᠷ ᠬᠦᠬᠡᠬᠡᠬᠦ ᠨᠠᠰᠤᠨ ᠳᠤᠨᠢ ︽ᠰᠤᠶᠤᠯ ᠤᠨ ᠶᠡᠭᠡ ᠬᠤᠪᠢᠰᠬᠠᠯ︾ ᠲᠤᠬᠢᠶᠠᠯᠳᠤᠵᠤ  ᠰᠤᠷᠤᠭᠰᠠᠨ  ᠶᠠᠭᠤᠮ᠎ᠠ  ᠲᠡᠮᠡᠢ ᠥᠬᠡᠢ᠃ ᠲᠤᠤᠷ᠎ᠠ ᠪᠠᠨ ᠠᠷᠪᠢᠨ ᠲᠡᠬᠦᠥ ᠲᠠᠭᠠᠭᠤᠯᠤᠭᠰᠠᠨ ᠤ ᠤᠴᠢᠷ ᠠᠬ᠎ᠠ ᠬᠥᠮᠥᠨ ᠤ ᠡᠬᠦᠷᠬᠡ ᠬᠠᠷᠢᠭᠤᠴᠠᠯᠭ᠎ᠠ ᠶᠢ ᠠᠷᠡᠢ ᠡᠷᠳᠡ ᠡᠬᠦᠷᠬᠡᠯᠡᠵᠤ᠂ ᠠᠷᠠᠤᠡ ᠤᠨ ᠨᠢᠬᠡᠳᠤᠯ ᠤᠨ ᠪᠢᠴᠢᠬᠠᠨ ᠬᠤᠨᠢᠴᠢᠨ ᠪᠤᠯᠵᠤ ᠶᠠᠪᠤᠬᠤ ᠳᠠᠭᠠᠨ ᠰᠡᠶᠢᠮᠡᠬᠡᠢ ᠬᠡᠷ ᠲᠤ ᠰᠠᠭᠤᠵᠤ᠂  ᠱᠦᠯᠦᠨ ᠲᠤᠰᠤᠨ ᠳ᠋ᠧᠩ ᠠᠰᠠᠭᠠᠵᠤ᠂ ᠨᠦᠬᠦᠬᠡᠰᠥ ᠲᠠᠢ ᠬᠤᠪᠴᠠᠰᠥ ᠡᠮᠥᠰᠴᠤ  ᠶᠠᠪᠤᠭᠰᠠᠨ  ᠪᠦᠬᠡᠤᠡ  ᠬᠤᠪᠢᠶᠠᠵᠤ  ᠢᠳᠡᠬᠦ᠂  ᠬᠤᠭᠤᠯᠵᠤ ᠮᠦᠯᠵᠢᠬᠦ  ᠬᠡᠳᠡᠭ ᠢ  ᠪᠡᠶ᠎ᠡ ᠪᠠᠷ ᠢᠶᠠᠨ  ᠲᠤᠭᠤᠯᠵᠤ  ᠭᠠᠷᠤᠭᠰᠠᠨ ᠨᠢ  ᠥᠨᠡᠨ ᠲᠠᠢ᠃  ᠬᠠᠯᠠ  ᠥᠵᠡᠭᠰᠡᠨ   ᠬᠥᠮᠥᠨ   ᠡᠷᠳᠡ ᠲᠤᠮᠤᠭᠠᠵᠢᠳᠠᠬ᠃ ᠲᠡᠬᠡᠬᠦ ᠳᠡᠭᠡᠨ ᠬᠤᠪᠢ ᠪᠠᠨ ᠬᠦᠬᠡᠬᠡᠭᠰᠡᠨ ᠵᠤᠵᠢᠭ ᠵᠠᠩ ᠲᠠᠢ᠂ ᠥᠬᠡ ᠲᠠᠭᠤ  ᠴᠦᠬᠡᠨ  ᠦᠯᠮᠡᠢ ᠪᠠᠨ  ᠬᠠᠷᠠᠭᠰᠠᠨ ᠬᠠᠷᠡᠴᠨ ᠲᠠᠢ ᠪᠤᠯᠵᠠᠢ᠃ ᠡᠷ᠎ᠡ ᠲᠤᠮᠳᠠ ᠶᠢᠨ ᠨᠠᠰᠤᠨ ᠳᠠᠭᠠᠨ ᠬᠤᠪᠢ ᠢᠷᠥᠬᠡᠯ ᠨᠢ ᠠᠷᠡᠢ ᠵᠢᠭᠠᠬᠠᠨ ᠲᠤᠳᠠᠬᠰᠠᠨ ᠤᠤ ᠬᠡᠯᠳᠡᠢ᠂  ᠮᠠᠯ ᠰᠥᠷᠥᠭ᠂ ᠨᠤᠳᠤᠭ ᠪᠡᠯᠴᠢᠬᠡᠷ ᠬᠤᠪᠢᠴᠢᠯᠠᠵᠤ ᠠᠪᠤᠭᠠᠤᠡ ᠠᠮᠢᠳᠤᠷᠠᠯ ᠨᠢ ᠲᠡᠭᠡᠭᠰᠢᠯᠡᠭᠰᠡᠨ ᠴᠤ ᠡᠪᠡᠤᠡᠴᠢᠨ ᠠᠷᠬᠠᠭ ᠰᠠᠯᠬᠤ  ᠥᠬᠡᠢ ᠤᠷᠢᠶᠠᠭᠠᠤᠡ ᠪᠠᠶᠢᠳᠠᠭ ᠨᠢ ᠭᠠᠶᠢᠬᠠᠰᠢ ᠲᠦᠷᠦᠮᠡᠷ ᠶᠤᠮ᠃ ᠶᠠᠭ ᠯᠠ ᠲᠡᠭᠵᠢᠷᠡᠮᠡᠷ ᠤᠨᠢᠨ ᠲᠡᠭᠡᠷ᠎ᠡ ᠨᠢᠬᠡ ᠨᠢ ᠬᠥᠨᠳᠥ ᠡᠪᠡᠤᠡᠴᠢᠨ ᠳᠤ ᠨᠡᠷᠪᠡᠭᠳᠡᠵᠤ ᠬᠤᠳᠠ ᠳᠤ ᠤᠷᠤᠵᠤ᠂ ᠵᠠᠰᠠᠯᠭ᠎ᠠ ᠬᠢᠯᠬᠡᠬᠡᠳ᠂ ᠬᠡᠳᠤᠨ ᠮᠠᠯ ᠢᠶᠠᠨ ᠪᠠᠷᠢᠵᠤ ᠬᠤᠳᠠᠯᠳᠤᠨ᠎ᠠ᠃  ᠮᠠᠯ  ᠰᠥᠷᠥᠭ  ᠬᠡᠳᠡᠭ ᠦᠰᠦᠭᠰᠡᠨ ᠥᠶ᠎ᠡ ᠳᠡᠭᠡᠨ ᠰᠠᠶᠢᠬᠠᠨ ᠪᠠᠶᠢᠳᠠᠭ ᠴᠦ ᠨᠢᠬᠡ ᠴᠦᠬᠡᠷᠡᠴᠢᠬᠡᠪᠡᠯ ᠲᠠᠬᠢᠵᠤ ᠦᠰᠬᠦ ᠳᠤ ᠪᠡᠷᠬᠡᠳᠡᠢ᠃ ᠨᠢᠮᠪᠥᠥ  ᠦᠪᠡᠷ ᠤᠨ ᠬᠡᠷ ᠪᠦᠯᠢ ᠶᠢᠨ ᠢᠶᠠᠨ ᠡᠶᠢᠮᠥᠷᠬᠦᠥ ᠤᠴᠠᠷᠠᠯ ᠳᠤ ᠶᠡᠭᠡ  ᠰᠠᠨᠠᠭ᠎ᠠ  ᠪᠤᠯᠵᠤ᠂  ᠠᠷᠭ᠎ᠠ ᠪᠠᠨ  ᠪᠠᠷᠠᠬᠤ ᠳᠠᠭᠠᠨ  ᠯᠠᠮ᠎ᠠ  ᠵᠠᠯᠠᠵᠤ  ᠨᠤᠮ ᠤᠩᠰᠢᠭᠤᠯᠪᠠ᠃ ᠶᠠᠮᠠᠷᠴᠤ ᠤᠶᠢᠯᠡᠳᠥᠯ ᠭᠠᠷᠤᠭᠰᠠᠨ ᠥᠬᠡᠢ᠃ ᠬᠥᠮᠥᠨ ᠤ  ᠠᠮᠢᠳᠤᠷᠠᠯ ᠳᠤ  ᠶᠠᠭᠤ  ᠬᠡᠴᠡᠬᠦᠦ  ᠬᠡᠪᠡᠯ  ᠡᠪᠡᠤᠡᠴᠢᠨ ᠵᠤᠪᠠᠯᠠᠩ ᠯᠠ ᠬᠡᠴᠡᠬᠦᠦ ᠶᠤᠮ᠃                    ᠨᠢᠮᠪᠥᠥ ᠶᠢᠨ ᠬᠦᠭᠰᠢᠨ ᠤᠷᠵᠢᠨᠤᠨ ᠨᠠᠮᠤᠷ ᠡᠪᠡᠤᠡᠴᠢᠨ ᠳᠤ  ᠨᠡᠷᠪᠡᠭᠳᠡᠵᠦ  ᠪᠤᠰᠴᠤ  ᠲᠡᠶᠢᠯᠬᠦ ᠪᠠᠨ  ᠪᠠᠶᠢᠯ᠎ᠠ᠃  ᠨᠢᠮᠪᠤᠤ ᠠᠷᠭ᠎ᠠ ᠪᠠᠨ ᠪᠠᠷᠠᠵᠤ ᠰᠢᠷᠬ᠎ᠠ ᠪᠠᠨ ᠲᠤᠯᠢᠶᠠᠬᠤ ᠳᠠᠭᠠᠨ  ᠬᠦᠬᠡᠬᠤᠳᠠ  ᠤᠷᠤᠵᠤ  ᠪᠠᠶᠢᠴᠠᠭᠠᠯᠭᠠᠭᠰᠠᠨ ᠳᠤ ᠂  ᠨᠢᠷᠤᠭᠤ  ᠶᠠᠰᠤᠨ ᠤ ᠰᠥᠷᠢᠶ᠎ᠡ ᠡᠪᠡᠤᠡᠴᠢᠨ᠂  ᠲᠥᠷᠬᠡᠨ  ᠵᠠᠰᠠᠯᠭ᠎ᠠ  ᠬᠢᠯᠬᠡᠬᠦ  ᠴᠢᠬᠤᠯᠠᠳᠡᠢ  ᠬᠡᠵᠤ  ᠤᠨᠤᠰᠢᠯᠠᠵᠡᠢ᠃  ᠠᠷᠭ᠎ᠠ  ᠥᠬᠡᠢ ᠶᠢᠨ  ᠡᠷᠬᠡᠨ ᠳᠤ ᠬᠤᠷᠤᠭ᠎ᠠ ᠲᠠᠢ ᠬᠤᠨᠢ ᠪᠠᠨ ᠬᠤᠭᠤᠰᠤᠯᠠᠵᠤ᠂ ᠠᠬ᠎ᠠ ᠲᠡᠬᠦᠥ ᠰᠠᠳᠤᠨ ᠠᠶᠢᠯ ᠰᠠᠭᠠᠬᠠᠯᠳᠠ᠂ ᠢᠳᠡᠬᠡᠮᠵᠢ ᠶᠢᠨ ᠬᠤᠷᠰᠢᠶ᠎ᠡ  ᠵᠡᠷᠬᠡ ᠠᠴᠠ ᠵᠤᠭᠤᠰ ᠮᠦᠩᠬᠦ ᠡᠪᠯᠡᠬᠦᠯᠵᠤ᠂ ᠬᠦᠭᠰᠢᠨ ᠳᠡᠭᠡᠨ ᠵᠠᠰᠠᠯᠭ᠎ᠠ ᠬᠢᠯᠬᠡᠵᠤ᠂ ᠬᠦᠬᠡᠬᠤᠳᠠᠨ᠎ᠠ  ᠪᠦᠬᠦᠯᠢ  ᠵᠢᠯ ᠢᠶᠠᠷ  ᠡᠮᠨᠡᠬᠦᠯᠵᠡᠢ᠃  ᠡᠮᠨᠡᠯᠬᠡ ᠲᠠᠭᠠᠷᠠᠭᠰᠠᠨ ᠢ ᠶᠠᠷᠢᠬᠤ ᠭᠠᠵᠠᠷ ᠥᠬᠡᠢ᠂ ᠬᠦᠭᠰᠢᠨ ᠤ  ᠡᠪᠡᠤᠡᠴᠢᠨ  ᠥᠷᠬᠡᠰᠥ  ᠠᠪᠤᠭᠰᠠᠨ  ᠮᠡᠳᠦ  ᠡᠳᠡᠬᠡᠷᠡᠵᠤ  ᠡᠷᠡᠬᠦᠯᠵᠢᠭᠰᠡᠨ ᠪᠤᠯᠪᠠᠴᠤ ᠦᠷᠢ ᠰᠢᠷᠢ ᠨᠢ ᠬᠠᠷᠢᠨ ᠠᠷᠪᠢᠤᠡᠴᠡᠢ᠃ ᠨᠢᠮᠪᠥᠥ ᠰᠡᠬᠦᠯ ᠳᠡᠭᠡᠨ ᠬᠤᠭᠤᠯᠠ ᠤᠮᠳᠠᠭᠠᠨ ᠠᠴᠠ ᠭᠠᠷᠴᠤ᠂ ᠬᠥᠮᠥᠨ ᠤ  ᠪᠠᠷ᠎ᠠ ᠥᠵᠡᠪᠡᠯ ᠲᠤᠳᠠᠭᠠᠬᠤ ᠬᠡᠮᠵᠢᠶᠡᠨ ᠳᠤ ᠬᠥᠷᠴᠡᠢ᠃  ᠦᠨᠦ  ᠵᠢᠯ ᠤᠨ  ᠵᠤᠨ  ᠬᠤᠰᠢᠭᠤ᠂  ᠰᠤᠮᠤᠨ ᠤ ᠬᠢᠨ  ᠡᠳᠡᠨ ᠤ  ᠪᠠᠶᠢᠳᠠᠯ ᠢ ᠤᠶᠢᠯᠠᠭᠠᠬᠤ ᠪᠠᠷ ᠬᠥᠷᠴᠥ ᠢᠷᠡᠭᠰᠡᠨ ᠳᠤ᠂ ᠨᠢᠮᠪᠥᠥ ᠬᠡᠨᠡᠳᠳᠡ  ᠠᠯᠠᠭ᠎ᠠ  ᠪᠤᠯᠤᠭᠠᠳ  ᠬᠤᠨᠢᠨ ᠤ  ᠬᠤᠷᠤᠭᠠᠨ ᠳᠠᠭᠠᠨ  ᠤᠷᠤᠵᠤ ᠨᠢᠭᠤᠬᠳᠠᠵᠠᠢ᠃                    ᠡᠨᠡ ᠪᠣᠯ ᠨᠢᠬᠡᠨᠳᠡ ᠦᠩᠬᠡᠷᠡᠭᠰᠡᠨ ᠤᠴᠢᠷ ᠪᠤᠯᠵᠡᠢ᠃ ᠦᠨᠦᠳᠦᠷ  ᠨᠢᠮᠪᠥᠥ ᠶᠢᠨ  ᠨᠢᠯᠪᠤᠰᠤ  ᠵᠤᠭᠰᠤᠬᠤ ᠪᠠᠨ  ᠮᠡᠳᠡᠬᠦ ᠥᠬᠡᠢ ᠤᠨᠠᠨ᠎ᠠ᠃ ᠵᠢᠷᠭᠠᠯ ᠬᠤᠤᠰ ᠢᠶᠠᠷ ᠢᠷᠡᠳᠡᠭ ᠥᠬᠡᠢ ᠴᠦ ᠪᠠᠶᠠᠷᠳᠤ ᠶᠠᠪᠤᠳᠠᠯ  ᠬᠠᠷᠢᠨ  ᠭᠤᠷᠪᠠᠯᠠᠭᠠᠤᠡ  ᠢᠷᠡᠵᠡᠢ᠃  ᠪᠤᠷᠬᠠᠨ ᠲᠡᠭᠷᠢ ᠥᠵᠡᠭᠰᠡᠨ ᠴᠦ ᠪᠢᠰᠢ᠂ ᠪᠤᠶᠠᠨ ᠬᠡᠰᠢᠭ ᠲᠠᠭᠠᠷᠠᠭᠰᠠᠨ ᠴᠦ ᠪᠢᠰᠢ᠂ ᠬᠠᠷᠢᠨ  ᠨᠠᠮ  ᠵᠠᠰᠠᠭ᠂  ᠠᠷᠠᠤᠡ  ᠤᠯᠠᠨ ᠤ  ᠲᠡᠮᠵᠢᠯᠬᠡ ᠲᠤᠰᠠᠯᠠᠮᠵᠢ ᠢᠪᠡᠬᠡᠨ ᠲᠤᠰᠠᠯᠠᠵᠡᠢ᠃ ᠮᠠᠯᠴᠢᠤᠡ ᠤᠨ ᠬᠤᠷᠰᠢᠭᠰᠠᠨ ᠡᠮᠨᠡᠯᠬᠡ ᠶᠢᠨ ᠲᠠᠭᠠᠤᠡᠬᠠᠯ ᠠᠴᠠ ᠨᠢᠮᠪᠥᠥ ᠶᠢᠨ ᠬᠦᠭᠰᠢᠨ ᠤ 15 ᠲᠦᠮᠡᠨ ᠲᠦᠬᠦᠷᠢᠭ ᠤᠨ ᠡᠮ ᠡᠮᠨᠡᠯᠬᠡ ᠶᠢᠨ ᠵᠠᠷᠤᠳᠠᠯ ᠤᠨ 12 ᠲᠦᠮᠡᠨ  ᠲᠦᠬᠦᠷᠢᠭ ᠢ ᠨᠢ  ᠴᠡᠶᠢᠷᠠᠭᠤᠯᠵᠤ  ᠦᠭᠴᠡᠢ᠃  ᠨᠢᠮᠪᠥᠥ ᠡᠬᠢᠯᠡᠬᠡᠤᠡ ᠴᠢᠬᠢ ᠪᠠᠨ ᠢᠳᠡᠬᠡᠵᠦ ᠶᠠᠳᠠᠨ᠂ ᠵᠢᠯ ᠳᠤ ᠵᠠᠭᠤᠬᠠᠨ ᠵᠤᠭᠤᠰ ᠲᠤᠰᠢᠶᠠᠳᠠᠭ ᠪᠠᠶᠢᠬᠤ ᠳᠤ ᠶᠠᠭᠤᠨ ᠳᠤ ᠲᠡᠶᠢᠮᠦ  ᠠᠷᠪᠢᠨ ᠵᠤᠭᠤᠰ ᠴᠠᠶᠢᠷᠠᠭᠤᠯᠬᠤ ᠪᠤᠢ ᠬᠡᠵᠤ ᠪᠤᠳᠤᠵᠤ ᠠᠮᠵᠢᠭᠰᠠᠨ ᠴᠦ ᠬᠡᠷᠡᠴᠢ ᠪᠠᠷᠢᠮᠳᠠ ᠲᠤᠳᠤᠷᠬᠠᠢ ᠪᠤᠯᠬᠤᠷ ᠢᠳᠡᠬᠡᠵᠤ᠂  ᠰᠡᠤᠡᠬᠢᠯ ᠤᠨ ᠵᠤᠪᠠᠨᠢᠯ ᠨᠢ ᠠᠷᠢᠯᠬᠤ ᠳᠠᠭᠠᠨ ᠨᠢᠯᠪᠤᠰᠤ ᠤᠨᠠᠭᠠᠵᠠᠢ᠃  ᠨᠢᠮᠪᠥᠥ᠄  ︽ᠨᠠᠮ  ᠵᠠᠰᠠᠭ᠂  ᠨᠡᠶᠢᠬᠡᠮ  ᠵᠢᠷᠤᠮ᠂ ᠠᠷᠠᠤᠡ ᠤᠯᠠᠨ ᠤ ᠠᠴᠢ ᠲᠤᠰᠠ ᠪᠠᠷ ᠲᠤᠯᠤᠭᠠᠢ ᠦᠨᠳᠡᠶᠢᠯ᠎ᠡ ᠰᠢᠥ︾ ᠬᠡᠨ᠎ᠡ ᠃ ᠬᠤᠶᠠᠳᠡᠬᠢ ᠪᠠᠶᠠᠷᠳᠤ ᠶᠠᠪᠤᠳᠠᠯ ᠪᠣᠯ ᠬᠠᠭᠤᠴᠢᠨ  ᠰᠢᠪᠠᠷ  ᠬᠡᠷ ᠢᠶᠠᠨ  ᠰᠢᠨ᠎ᠡ ᠲᠤᠭᠤᠰᠬ᠎ᠠ ᠶᠢᠨ ᠬᠡᠷ ᠪᠤᠯᠭᠠᠭᠰᠠᠨ ᠶᠠᠪᠤᠳᠠᠯ ᠪᠤᠯᠤᠨ᠎ᠠ᠃ ᠨᠢᠮᠪᠥᠥ ᠶᠢᠨ ᠬᠠᠭᠤᠴᠢᠨ ᠬᠡᠷ ᠨᠢ ᠭᠤᠴᠢ ᠭᠠᠷᠤᠢ ᠵᠢᠯ  ᠪᠤᠯᠵᠤ  ᠪᠠᠶᠢᠬᠤ ᠪᠦᠬᠡᠤᠡ ᠵᠢᠯ ᠵᠢᠯ ᠰᠢᠪᠠᠭᠰᠠᠭᠠᠷ ᠪᠠᠶᠢᠵᠤ ᠲᠡᠬᠡᠪᠥᠷ ᠨᠢ  ᠲᠤᠬᠤᠢ  ᠢᠯᠡᠬᠦᠥ  ᠵᠤᠵᠠᠭᠠᠷᠠᠭᠰᠠᠨ᠂  ᠬᠡᠷᠡᠯ  ᠬᠡᠬᠡ  ᠮᠠᠭᠤᠳᠡᠢ  ᠬᠤᠶᠠᠷ ᠲᠠᠰᠤᠯᠭ᠎ᠠ ᠠᠨᠡᠶ ᠬᠡᠷ᠃ ᠨᠢᠮᠪᠥᠥ ᠶᠢᠨ ᠬᠤᠪᠢ ᠳᠤ᠂ ᠬᠡᠷ ᠢᠶᠠᠨ ᠰᠢᠨᠡᠤᠡᠬᠡᠬᠦ ᠶᠢ ᠬᠠᠶᠠ ᠨᠢᠬᠡ ᠪᠤᠳᠤᠳᠠᠭ ᠴᠦ ᠴᠢᠳᠠᠯ ᠲᠡᠩᠬᠡᠬᠡ ᠬᠥᠷᠬᠦ ᠥᠬᠡᠢ ᠪᠠᠨ ᠮᠡᠳᠡᠵᠤ ᠴᠢᠮᠡᠭᠡ ᠥᠬᠡᠢ ᠦᠩᠬᠡᠷᠡᠳᠡᠭ ᠪᠠᠶᠢᠯ᠎ᠠ᠃ ᠲᠡᠬᠡᠬᠦ ᠳᠤ ᠦᠨᠦ ᠵᠢᠯ ᠨᠠᠮ ᠵᠠᠰᠠᠭ ᠠᠴᠠ ᠨᠢᠮᠪᠥᠥ ᠶᠢ ᠬᠠᠷᠠᠭᠠᠯᠵᠠᠵᠤ᠂ ᠬᠤᠶᠠᠷ ᠲᠠᠰᠤᠯᠭ᠎ᠠ ᠰᠢᠪᠠᠷ ᠬᠡᠷ ᠢ ᠨᠢ ᠪᠠᠭᠤᠯᠭᠠᠵᠤ᠂ ᠤᠷᠤᠨ ᠲᠡᠬᠡᠷ᠎ᠡ ᠨᠢ ᠬᠤᠶᠠᠷ ᠲᠠᠰᠤᠯᠭ᠎ᠠ ᠸᠠᠭᠠᠷ ᠲᠤᠭᠤᠰᠬᠠᠨ  ᠬᠡᠷ  ᠪᠠᠷᠢᠵᠤ ᠦᠭᠬᠦᠭᠰᠡᠨ  ᠪᠦᠬᠡᠤᠡ  ᠡᠳ᠋ᠯᠡᠯ  ᠬᠡᠷᠡᠭᠰᠡᠯ  ᠪᠦᠷᠢᠨ  ᠲᠦᠬᠦᠬᠡᠷᠴᠦ᠂  ᠴᠠᠬᠢᠯᠭᠠᠨ᠂  ᠲᠧᠯᠸᠢᠰ᠂  ᠴᠢᠮᠡᠭᠡ  ᠬᠤᠯᠪᠤᠭ᠎ᠠ ᠪᠦᠬᠦᠨ ᠢ ᠨᠡᠪᠳᠡᠷᠡᠬᠦᠯᠵᠤ ᠦᠭᠴᠡᠢ᠃ ᠡᠶᠢᠮᠤ ᠰᠠᠶᠢᠬᠠᠨ ᠬᠡᠷ ᠤᠷᠤᠨ᠂ ᠡᠶᠢᠮᠤ ᠰᠢᠨ᠎ᠡ ᠲᠦᠪᠬᠢᠨᠡᠬᠦᠨ ᠡᠳ᠋ᠯᠡᠯ ᠲᠠᠢ ᠪᠤᠯᠤᠬᠰᠠᠨ ᠳᠤ ᠨᠢᠮᠪᠥᠥ ᠶᠢᠨ ᠬᠠᠯᠠᠭᠤᠨ ᠨᠢᠯᠪᠤᠰᠥ ᠦᠪᠡᠷ ᠤᠨ ᠡᠷᠬᠡ ᠥᠬᠡᠢ ᠪᠦᠮᠪᠦᠷᠢᠨ᠎ᠡ᠃ ᠭᠤᠷᠪᠠᠳᠡᠬᠢ ᠪᠠᠶᠠᠷᠳᠤ ᠶᠠᠪᠤᠳᠠᠯ ᠪᠣᠯ᠂ ᠭᠤᠴᠢ ᠭᠠᠷᠤᠭᠰᠠᠨ ᠭᠠᠭᠴᠠ ᠬᠥᠥ ᠨᠢ ᠪᠡᠷᠢ ᠲᠠᠢ ᠪᠤᠯᠤᠭᠰᠠᠨ ᠶᠠᠪᠤᠳᠠᠯ ᠪᠤᠯᠤᠨ᠎ᠠ᠃ ᠬᠥᠮᠥᠨ ᠬᠡᠳᠡᠭ ᠠᠮᠢᠳᠠᠨ ᠥᠷ᠎ᠡ ᠶᠢᠨ ᠢᠶᠠᠨ ᠲᠦᠯᠦᠬᠡ ᠦᠬᠦᠨ᠎ᠡ᠃ ᠬᠡᠳᠡᠯ᠎ᠡ᠂ ᠤᠷᠴᠢᠮ ᠤᠨ ᠵᠢᠯ ᠤᠳ ᠲᠤ ᠬᠦᠳᠡᠭᠡ ᠨᠤᠳᠤᠭ ᠤᠨ ᠮᠠᠯᠴᠢᠨ ᠬᠥᠥᠴᠤᠤᠯ ᠳᠤ ᠪᠡᠷᠢ  ᠤᠯᠳᠠᠬᠤ  ᠥᠬᠡᠢ  ᠪᠤᠯᠤᠭᠰᠠᠨ  ᠬᠠᠴᠢᠨ ᠶᠠᠪᠤᠳᠠᠯ ᠨᠢᠮᠪᠥᠥ ᠭᠤᠸᠠᠢ ᠶᠢᠨ ᠬᠥᠥ ᠳᠤ ᠴᠦ ᠰᠢᠭᠤᠤᠡ ᠲᠤᠬᠢᠶᠠᠯᠳᠤᠵᠡᠢ᠃ ᠡᠪᠡᠤᠡᠴᠢᠨ ᠵᠤᠪᠠᠯᠠᠩ ᠤᠷᠢᠶᠠᠬᠤ᠂  ᠬᠡᠷ  ᠪᠦᠯᠢ ᠶᠢᠨ ᠠᠮᠢᠳᠤᠷᠠᠯ ᠬᠥᠴᠢᠷᠳᠡᠯ ᠲᠠᠢ ᠵᠡᠷᠬᠡ ᠨᠦᠬᠦᠴᠡᠯ ᠲᠠᠪᠬᠤᠴᠠᠭᠰᠠᠨ ᠴᠦ ᠪᠠᠶᠢᠵᠤ ᠮᠡᠳᠡᠨ᠎ᠡ᠃ ᠦᠷᠢ ᠰᠢᠷᠢ  ᠥᠬᠡᠢ  ᠪᠤᠯᠵᠤ᠂ ᠦᠷᠦᠬᠡ ᠬᠡᠷ ᠰᠢᠨᠡᠳᠥᠭᠰᠡᠨ ᠠᠴᠠ ᠬᠥᠥ ᠨᠢ ᠪᠡᠷᠢ ᠲᠠᠢ ᠪᠤᠯᠵᠡᠢ᠃                      ᠦᠨᠦᠬᠡᠨ ᠬᠥᠥ ᠨᠢ ᠬᠡᠷᠯᠡᠭᠰᠡᠨ ᠳᠤ ᠨᠢᠮᠪᠤᠤ ᠪᠠᠶᠠᠷᠯᠠᠬᠤ ᠳᠠᠭᠠᠨ ᠨᠢᠯᠪᠤᠰᠥ ᠪᠠᠨ ᠮᠡᠯᠮᠡᠯᠵᠡᠬᠦᠯᠦᠨ᠎ᠡ᠃    
 
ᠢᠷᠡᠯᠲᠡ᠄ ᠦᠪᠦᠷ ᠮᠣᠩᠭᠤᠯ ᠤᠨ ᠡᠳᠤᠷ ᠤᠨ ᠰᠣᠨᠢᠨ
 
 
ᠬᠠᠮᠢᠶ᠎ᠠ ᠪᠥᠬᠦᠢ ᠰᠤᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备14003692号