ᠬᠠᠨ ᠲᠡᠭᠷᠢ ᠳᠡᠭᠡᠨ ᠵᠠᠯᠪᠢᠷᠠᠵᠤ ᠶᠠᠪᠤᠨᠠᠮ | ●ᠤ · ᠪᠠᠭᠠᠲᠤᠷ | | | ᠬᠠᠨ ᠲᠡᠭᠷᠢ ᠶᠢᠨ ᠨᠤᠭᠤᠭᠠᠨ ᠬᠦᠪᠴᠢ ᠳᠤ | ᠬᠠᠨᠳᠠᠭᠠᠢ ᠪᠤᠭᠤ ᠤᠶᠠᠩᠭᠠᠯᠠᠨ ᠳᠠᠭᠤᠯᠠᠵᠤ | ᠢᠯᠢ ᠶᠢᠨ ᠠᠭᠤᠳᠠᠮ ᠰᠢᠷ᠎ᠠ ᠬᠦᠳᠡᠭᠡ ᠳᠤ | ᠢᠨᠵᠠᠭ᠎ᠠ ᠲᠠᠢ ᠵᠡᠬᠡᠷᠠ ᠳᠠᠪᠬᠢᠯᠳᠤᠬᠤ ᠪᠠᠷ | ᠤᠩᠭᠤᠨ ᠪᠠᠶᠢᠭᠠᠯᠢ ᠨᠢᠳᠤᠨ ᠳᠤ ᠲᠤᠳᠤᠷᠠᠨ | ᠢᠵᠠᠭᠤᠷ ᠲᠠᠤᠬᠡ ᠰᠡᠳᠬᠢᠯ ᠢ ᠡᠵᠡᠮᠳᠡᠨ᠎ᠠ᠃ | ᠠᠯᠲᠠᠨ ᠲᠡᠪᠰᠢ ᠶᠢᠨ ᠬᠦᠳᠡᠭᠡ ᠳᠤ | ᠠᠷᠭᠠᠯᠢ ᠭᠤᠯᠽᠠ ᠲᠠᠭᠠᠲᠠᠢ ᠪᠡᠯᠴᠢᠵᠤ | ᠠᠳᠠᠷᠭᠠᠨ ᠤ ᠰᠠᠬᠤᠯᠢᠭ ᠪᠡᠯᠴᠢᠬᠡᠷ ᠲᠤ | ᠠᠷᠳᠠᠭ ᠲᠠᠷᠭᠤᠨ ᠠᠳᠤᠭᠤ ᠢᠨᠴᠠᠭᠠᠯᠳᠤᠨ | ᠡᠬᠡ ᠪᠠᠶᠢᠭᠠᠯᠢ ᠶᠢᠨ ᠦᠷᠤ ᠳᠡᠬᠡᠷ᠎ᠠ | ᠤᠳᠤᠮ ᠤᠭᠰᠠᠭ᠎ᠠ ᠶᠢᠨ ᠰᠦᠷ ᠮᠠᠨᠳᠤᠨ᠎ᠠ᠃ | ᠮᠦᠩᠬᠡ ᠬᠦᠬᠡ ᠡᠪᠤᠬᠡᠨ ᠬᠠᠷᠠᠭᠠᠢ | ᠠᠯᠲᠠᠨ ᠲᠡᠬᠡᠰ ᠤᠨ ᠳᠤᠮᠤᠭ ᠢ ᠬᠠᠶᠢᠯᠠᠨ᠎ᠠ | ᠮᠦᠷᠤᠬᠡᠳᠤᠨ ᠰᠠᠨᠠᠭᠰᠠᠭᠠᠷ ᠬᠦᠷᠤᠭ᠍ᠰᠠᠨ ᠨᠠᠳᠠ ᠳᠤ | ᠡᠪᠤᠬᠡᠨ ᠪᠤᠭᠤᠷᠤᠯᠴᠤᠳ ᠤᠨ ᠲᠤᠤᠯᠢ ᠶᠢ ᠬᠠᠭᠤᠴᠢᠯᠠᠨ᠎ᠠ᠃ | ᠲᠤᠭᠤᠰ ᠤᠨ ᠠᠭᠤᠯᠠ ᠶᠢᠨ ᠤᠷᠤᠢ ᠳᠤ ᠭᠠᠷᠴᠤ | ᠲᠡᠬᠦᠰ ᠨᠤᠲᠤᠭ ᠢᠶᠠᠨ ᠪᠠᠷᠠᠯᠠᠵᠤ ᠵᠤᠭᠰᠤᠬᠤ ᠳᠤ | ᠪᠠᠭ᠎ᠠ ᠶᠢᠨ ᠦᠶ᠎ᠡ ᠶᠢᠨ ᠬᠡᠨᠠᠨ ᠳᠤᠷᠠᠳᠬᠠᠯ ᠤᠳ | ᠪᠤᠳᠤᠯ ᠤᠨ ᠳᠤᠲᠤᠷ᠎ᠠ ᠵᠢᠷᠤᠭ ᠰᠢᠭ ᠦᠵᠡᠭᠳᠠᠪᠠ᠃ | ᠠᠯᠲᠠᠨ ᠠᠮᠢ ᠪᠠᠶ᠎ᠠ ᠶᠢ ᠮᠢᠨᠢ ᠵᠠᠶᠠᠭᠠᠭᠰᠠᠨ | ᠠᠪᠤ ᠡᠵᠢ ᠶᠢᠨ ᠡᠨᠡᠷᠢᠯ ᠬᠠᠶᠢᠷ᠎ᠠ | ᠤᠨᠠᠵᠤ ᠲᠤᠰᠴᠦ ᠬᠦᠯᠪᠡᠷᠢᠳᠤᠵᠤ ᠦᠰᠤᠭ᠍ᠰᠠᠨ | ᠡᠬᠡ ᠨᠤᠲᠤᠭ ᠤᠨ ᠬᠦᠷᠤᠰᠤ ᠰᠢᠷᠤᠢ | ᠬᠦᠢ ᠬᠦᠢᠰᠤ ᠶᠢ ᠮᠢᠨᠢ ᠬᠡᠷᠴᠢᠭᠰᠡᠨ | ᠬᠦᠳᠠᠷ ᠡᠷᠳᠡᠨᠢ ᠨᠤᠲᠤᠭ ᠤᠨ ᠴᠢᠯᠠᠭᠤ | ᠴᠡᠪᠠᠷ ᠠᠭᠠᠷ ᠢᠶᠠᠷ ᠢᠶᠠᠨ ᠤᠭᠵᠢᠭᠰᠠᠨ | ᠴᠡᠴᠡᠭᠲᠤ ᠠᠭᠤᠳᠠᠮ ᠨᠠᠯᠠᠭᠠᠷ ᠲᠠᠯ᠎ᠠ | ᠲᠤᠤᠯᠢ ᠵᠠᠩᠭᠠᠷ ᠤᠨ ᠦᠯᠢᠬᠡᠷ ᠢᠶᠠᠷ | ᠤᠬᠠᠭᠠᠨ ᠢ ᠮᠢᠨᠢ ᠤᠮᠳᠠᠯᠠᠭᠰᠠᠨ ᠠᠪᠤ ᠮᠢᠨᠢ | ᠲᠤᠪᠰᠢᠭᠤᠷ ᠤᠨ ᠤᠶᠠᠬᠠᠨ ᠬᠦᠭᠵᠢᠮ ᠢᠶᠠᠷ | ᠤᠶᠤᠨ ᠢ ᠮᠢᠨᠢ ᠤᠭᠵᠢᠭᠰᠠᠨ ᠡᠵᠢ ᠮᠢᠨᠢ | ᠬᠦᠲᠤᠯᠵᠤ ᠨᠠᠳᠠ ᠶᠢ ᠦᠰᠬᠡᠭᠰᠡᠨ | ᠬᠦᠬᠡᠷᠤᠬᠦᠢ ᠭᠤᠷᠪᠠᠨ ᠡᠬᠡᠴᠢ ᠮᠢᠨᠢ | ᠬᠦᠯᠤᠭ᠌ ᠤᠨ ᠨᠢᠷᠤᠭᠤᠨ ᠳᠤ ᠳᠠᠰᠬᠠᠭᠰᠠᠨ | ᠬᠦᠷᠰᠦᠯᠢᠭ ᠪᠤᠷᠤ ᠠᠬ᠎ᠠ ᠮᠢᠨᠢ | ᠰᠤᠶᠤᠯ ᠤᠨ ᠮᠦᠷ ᠬᠦᠬᠡᠬᠡᠬᠦ ᠳᠤ ᠮᠢᠨᠢ | ᠰᠤᠷᠭᠠᠵᠤ ᠬᠦᠮᠦᠵᠢᠬᠦᠯᠦᠭᠰᠡᠨ ᠪᠠᠭᠰᠢ ᠮᠢᠨᠢ | ᠦᠨᠢ ᠮᠦᠩᠬᠡ ᠶᠢᠨ ᠳᠤᠷᠠᠰᠤᠯ ᠪᠢᠯᠠ | ᠤᠬᠠᠭᠠᠷᠠᠭᠤᠯᠵᠤ ᠶᠠᠪᠤᠳᠠᠭ ᠢᠲᠠᠬᠡᠯ ᠪᠢᠯᠠ | ᠠᠯᠲᠠᠨ ᠳᠡᠯᠠᠬᠡᠢ ᠳᠤ ᠤᠯᠳᠠᠭᠳᠠᠰᠢ ᠦᠬᠡᠢ | ᠠᠷᠢᠭᠤᠨ ᠪᠤᠷᠬᠠᠨ ᠤ ᠨᠤᠮ ᠶᠤᠮᠰᠠᠨ︕ | ᠲᠡᠷᠬᠡᠯ ᠰᠠᠷᠠᠨ ᠤ ᠵᠢᠰᠤ ᠶᠢ ᠰᠤᠨᠢᠷᠬᠠᠵᠤ | ᠠᠶᠢᠯ ᠤᠨ ᠦᠬᠢᠨ ᠲᠠᠢ ᠢᠨᠠᠭᠯᠠᠵᠤ ᠰᠠᠭᠤᠬᠤ ᠳᠤ | ᠲᠡᠬᠦᠰ ᠪᠠᠶᠢᠭᠠᠯᠢ ᠲᠤᠬᠢᠶᠠᠯ ᠵᠠᠶᠠᠭᠠᠵᠤ | ᠠᠮᠠᠷᠠᠭ ᠬᠤᠶᠠᠷ ᠤᠨ ᠬᠠᠶᠢᠷ᠎ᠠ ᠶᠢ ᠮᠠᠨᠠᠨ᠎ᠠ | ᠴᠡᠯᠮᠡᠭ ᠲᠤᠩᠭᠠᠯᠠᠭ ᠲᠡᠭᠷᠢ ᠶᠢᠨ ᠬᠠᠶᠠᠭᠠᠨ ᠳᠤ | ᠬᠠᠶᠢᠷ᠎ᠠ ᠶᠢᠨ ᠤᠳᠤ ᠪᠠᠨ ᠤᠯᠵᠤ ᠬᠠᠷᠠᠬᠤ ᠪᠠᠷ | ᠴᠠᠶᠢᠯᠭᠠᠨ ᠰᠡᠳᠬᠢᠯ ᠤᠨ ᠦᠨᠠᠨᠴᠢ ᠳᠤᠷᠠᠯᠠᠯ ᠳᠤ | ᠬᠤᠷᠸ᠎ᠠ ᠳᠡᠯᠡᠬᠡᠢ ᠳᠤ ᠡᠬᠦᠷᠢᠲᠠ ᠮᠦᠩᠬᠡᠷᠠᠨᠠ᠃ | ᠬᠦᠳᠡᠭᠡ ᠶᠢᠨ ᠵᠦᠬᠡᠯᠠᠨ ᠰᠠᠯᠬᠢ | ᠠᠶᠠᠷᠬᠠᠨ ᠴᠢᠷᠠᠢ ᠶᠢ ᠮᠢᠨᠢ ᠢᠯᠪᠢᠬᠦ ᠪᠠᠷ | ᠬᠦᠪᠠᠬᠦᠨ ᠵᠢᠷᠤᠬᠡ ᠮᠢᠨᠢ ᠵᠢᠮ᠎ᠠ ᠪᠠᠨ ᠠᠯᠳᠠᠵᠤ | ᠶᠢᠷᠲᠢᠨᠴᠤ ᠶᠢᠨ ᠰᠠᠶᠢᠬᠠᠨ ᠳᠤ ᠬᠠᠶᠢᠯᠵᠤ ᠠᠭᠤᠰᠤᠨ᠎ᠠ | ᠡᠬᠡ ᠪᠠᠶᠢᠭᠠᠯᠢ ᠶᠢᠨ ᠬᠠᠯᠠᠭᠤᠨ ᠢᠪᠡᠬᠡᠯ ᠳᠤ | ᠤᠶᠠᠷᠠᠵᠤ ᠪᠠᠭ᠋ᠠᠳᠤᠵᠤ ᠶᠠᠪᠤᠬᠤ ᠳᠠᠭᠠᠨ | ᠡᠷ᠎ᠠ ᠶᠢᠨ ᠵᠤᠯᠪᠤᠭ᠎ᠠ ᠪᠠᠳᠠᠷᠠᠨ | ᠤᠩᠭᠤᠳ ᠬᠡᠶᠢᠮᠤᠷᠢ ᠪᠠᠭᠤᠵᠤ | ᠡᠪᠦᠭᠡ ᠶᠢᠨ ᠦᠪᠯᠡᠵᠤ ᠦᠭᠬᠦᠭᠰᠠᠨ | ᠠᠷᠢᠭᠤᠨ ᠨᠤᠲᠤᠭ ᠤᠨ ᠠᠯᠲᠠᠨ ᠰᠢᠷᠤᠢ | ᠡᠨᠠ ᠬᠤᠷᠸ᠎ᠠ ᠳᠤ ᠤᠯᠳᠠᠰᠢ ᠦᠬᠡᠢ | ᠠᠯᠲᠠᠨ ᠮᠦᠩᠬᠦ ᠪᠠᠷ ᠰᠤᠯᠢᠰᠢ ᠦᠬᠡᠢ | ᠮᠢᠨᠤ ᠠᠮᠢᠨ ᠬᠠᠶᠢᠷ᠎ᠠ ᠶᠢᠨ ᠪᠦᠷᠢᠯᠸ᠎ᠠ | ᠮᠢᠨᠤ ᠠᠯᠠᠭ ᠮᠢᠬᠠᠨ ᠤ ᠲᠠᠰᠤᠷᠬᠠᠢ | ᠮᠢᠨᠤ ᠠᠯᠲᠠᠨ ᠶᠠᠰᠤᠨ ᠤ ᠬᠡᠯᠳᠡᠷᠬᠡᠢ | ᠡᠶᠢᠮᠤ ᠰᠠᠶᠢᠬᠠᠨ ᠨᠤᠲᠤᠭ ᠲᠠᠢ ᠳᠠᠭᠠᠨ ᠪᠢ | ᠤᠮᠤᠭᠰᠢᠵᠤ ᠪᠠᠶᠠᠷᠯᠠᠬᠤ ᠶᠤᠰᠤᠲᠠᠢ | ᠡᠨᠠ ᠨᠤᠲᠤᠭ ᠢ ᠤᠯᠭᠤᠭᠰᠠᠨ ᠬᠦᠮᠤᠰ ᠲᠡᠭᠡᠨ | ᠦᠨᠢ ᠡᠬᠦᠷᠢᠲᠠ ᠲᠠᠯᠠᠷᠬᠠᠨ᠎ᠠ ᠪᠢ | ᠮᠤᠩᠭᠤᠯ ᠨᠤᠲᠤᠭ ᠮᠢᠨᠢ | ᠦᠩᠬᠡ ᠪᠠᠨ ᠪᠢᠲᠠᠬᠡᠢ ᠠᠯᠳᠠᠲᠤᠭᠠᠢ | ᠮᠤᠩᠭᠤᠯ ᠤᠭᠰᠠᠭᠠᠲᠠᠨ ᠮᠢᠨᠢ | ᠤᠭ ᠢᠶᠠᠨ ᠪᠢᠲᠠᠬᠡᠢ ᠮᠠᠷᠳᠠᠳᠤᠭᠠᠢ ᠬᠡᠵᠤ | ᠬᠠᠨ ᠲᠡᠭᠷᠢ ᠳᠡᠭᠡᠨ ᠵᠠᠯᠪᠢᠷᠠᠵᠤ ᠶᠠᠪᠤᠨᠠᠮ | ᠬᠠᠩᠭᠠᠢ ᠨᠤᠲᠤᠭ ᠢᠶᠠᠨ ᠬᠠᠶᠢᠷᠠᠯᠠᠵᠤ ᠶᠠᠪᠤᠨᠠᠮ︕ |