ᠬᠦᠢᠲᠡᠨ ᠡᠪᠤᠯ
ᠨᠡᠶᠢᠲᠡᠯᠡᠭᠰᠡᠨ ᠴᠠᠭ᠄
2016/4/6
ᠬᠦᠢᠲᠡᠨ ᠡᠪᠤᠯ                           ●ᠭᠠ᠊ · ᠪᠦᠲᠦᠭᠡᠭᠴᠢ   ᠰᠤᠯᠢᠯᠴᠠᠬᠤ ᠭᠱᠠᠨ᠎ᠠ ᠬᠦᠬᠦᠷ ᠳᠠᠭᠵᠢᠵᠤ           ᠪᠦᠯᠢᠶᠡᠨ ᠭᠠᠷ ᠵᠦᠭ ᠪᠦᠮᠪᠦᠷᠢᠨ᠎ᠡ         ᠰᠦᠢᠯᠭ᠎ᠠ ᠠᠪᠤᠭᠰᠠᠨ ᠬᠦᠯᠦᠭ ᠤᠨ ᠲᠤᠭᠤᠷᠠᠢ       ᠭᠠᠵᠠᠷ ᠤᠨ ᠨᠢᠷᠤᠭᠤᠨ ᠳᠤ ᠴᠠᠬᠢᠨ᠎ᠠ           ᠬᠤᠷᠢᠮ ᠤᠨ ᠳᠠᠭᠤᠤ ᠶᠢᠨ ᠤᠷᠲᠤ ᠶᠢᠨ ᠡᠭᠡᠰᠢᠭ           ᠬᠤᠭᠤ ᠬᠤᠭᠤ ᠬᠦᠯᠲᠡᠨ᠎ᠡ         ᠬᠤᠶᠠᠷ ᠪᠤᠯᠵᠤᠮᠤᠷ ᠰᠢᠪᠡᠭᠡᠨ ᠤᠷᠤᠢ ᠳᠤ       ᠬᠦᠯᠳᠡᠭᠦᠦ ᠬᠤᠮᠤᠤᠯ ᠰᠢᠭ᠋ ᠬᠠᠷᠠᠭᠳᠠᠨ᠎ᠠ         ᠬᠤᠳᠠᠴᠢ ᠬᠠᠯᠲᠠᠷ ᠤᠨ ᠬᠤᠷᠭᠤᠭᠠᠬᠤ ᠳᠠᠭᠤ         ᠬᠡᠭᠡᠷ᠎ᠡ ᠶᠢᠨ ᠠᠭᠠᠷ ᠲᠤ ᠴᠠᠷᠴᠠᠨ᠎ᠠ         ᠬᠤᠷᠰᠢᠶᠠᠨ ᠠᠴᠠ ᠪᠤᠴᠠᠬᠤ ᠡᠪᠦᠭᠡᠨ ᠤ ᠭᠠᠨᠵᠤᠭᠠᠨ ᠳᠤ       ᠬᠠᠷ᠎ᠠ ᠠᠷᠢᠬᠢ ᠴᠠᠷᠴᠠᠨ᠎ᠠ           ᠠᠭᠤᠯᠨ ᠶᠢᠨ ᠰᠦᠩ ᠳᠤ ᠪᠦᠳᠦᠷᠢᠭᠰᠡᠨ ᠨᠠᠷᠨ         ᠤᠬᠢᠯᠠᠩᠬᠠᠢ ᠴᠢᠷᠠᠶᠢᠯᠠᠵᠣ ᠮᠠᠨᠳᠤᠨ᠎ᠠ           ᠤᠷᠬᠢᠭᠠᠵᠠᠪ ᠠᠪᠠᠭ᠎ᠠ ᠰᠠᠬᠠᠯ ᠤᠨ ᠢᠶᠠᠨ ᠮᠦᠰᠤ ᠪᠠᠷ         ᠡᠷᠲᠡ ᠶᠢᠨ ᠴᠠᠢ ᠪᠠᠨ ᠴᠢᠨᠠᠯ᠎ᠠ ᠭᠡᠨ᠎ᠡ         ᠲᠤᠷᠤᠭᠤᠲᠠᠢ ᠳᠡᠪᠡᠯ ᠳᠤ ᠬᠦᠭᠡᠷᠦᠬᠦᠨ ᠬᠦᠮᠦᠨ ᠤ         ᠬᠤᠷᠤᠭᠤᠨ ᠦᠨᠳᠡᠭᠡ ᠨᠢ ᠵᠢᠮᠵᠢᠬᠢᠨᠡᠨ᠎ᠡ       ᠲᠤᠩ ᠬᠤᠯᠨ ᠠᠴᠠ ᠨᠦᠬᠦᠷ ᠤᠨ ᠬᠢᠨᠢ ᠪᠠᠷ᠎ᠠ       ᠬᠠᠯᠠᠭᠤ ᠲᠦᠤᠭᠡᠭᠦᠯᠦᠨ ᠨᠠᠭᠠᠰᠢᠯᠠᠨ᠎ᠠ ᠁              ᠡᠪᠦᠯ ᠤᠨ ᠰᠦᠨᠢ                   ᠡᠭᠦᠳᠡᠨ ᠵᠠᠪᠰᠠᠷ ᠢᠶᠠᠷ ᠰᠡᠷᠴᠢᠬᠢᠨᠡᠵᠤ ᠢᠷᠡᠭᠰᠡᠨ ᠡᠪᠦᠯ         ᠤᠲᠤᠮᠠᠯ ᠳᠡᠪᠡᠯ ᠠᠴᠠ ᠮᠢᠨᠢ ᠵᠢᠭᠤᠳᠠᠬᠤ ᠳᠠᠭᠠᠨ         ᠡᠪᠦᠭᠡᠨ ᠠᠬ᠎ᠠ ᠶᠢᠨ ᠰᠠᠷᠬᠤᠳ ᠠᠴᠠ ᠪᠠᠯᠭᠤᠵᠤ         ᠴᠢᠷᠠᠢ ᠪᠠᠨ ᠤᠯᠠᠶᠢᠯᠭᠠᠵᠤ ᠰᠠᠭᠤᠨ᠎ᠠ         ᠬᠦᠭᠡᠷᠦᠬᠦᠢ ᠳ᠋ᠠ ᠭᠡᠰᠡᠨ ᠬᠠᠯᠠᠭᠤᠨ ᠵᠤᠭᠤᠭ ᠢ       ᠬᠦᠷᠦᠬᠦ ᠠᠴᠠ ᠨᠢ ᠤᠷᠢᠳᠠ ᠬᠦᠭᠰᠢᠨ ᠨᠢ       ᠲᠤᠯᠭ᠎ᠠ ᠶᠢᠨ ᠭᠠᠯ ᠳᠡᠭᠡᠷ᠎ᠡ ᠲᠠᠷᠬᠢᠯᠲᠠᠯ᠎ᠠ ᠪᠤᠴᠠᠯᠬᠤ       ᠲᠤᠭᠤᠭ᠎ᠠ ᠲᠠᠢ ᠴᠠᠢ ᠳᠠᠭᠠᠨ ᠰᠠᠮᠤᠷᠤᠨ᠎ᠠ         ᠬᠠᠶᠠ ᠬᠤᠴᠠᠬᠤ ᠨᠤᠬᠠᠢ ᠶᠢᠨ ᠳᠠᠭᠤᠨ         ᠰᠦᠷᠦᠭ ᠤᠨ ᠵᠡᠬᠦᠳᠦ ᠶᠢ ᠪᠦᠪᠠᠶᠢᠯᠡᠬᠦ ᠳᠤ           ᠬᠠᠪᠢᠷᠭᠠᠨ ᠰᠠᠷᠠᠨ ᠤ ᠪᠡᠭᠡᠷᠡᠭᠰᠡᠨ ᠲᠤᠶᠠᠭ᠎ᠠ         ᠬᠠᠯᠠᠭᠤᠬᠠᠨ ᠴᠢᠮᠡᠭᠡᠨ ᠳᠤᠨᠢ ᠪᠦᠯᠢᠶᠡᠴᠡᠨ᠎ᠡ         ᠴᠠᠰᠤᠲᠤ ᠲᠠᠯ᠎ᠠ ᠶᠢᠨ ᠬᠡᠶᠢᠮᠦᠷᠢ ᠡᠷᠬᠦᠵᠤ         ᠮᠤᠷᠢᠲᠠᠢ ᠬᠦᠮᠦᠨ ᠳᠤᠪᠲᠤᠯᠬᠤ ᠳᠤ         ᠴᠠᠭᠠᠨᠠᠬᠢ ᠤᠲᠤᠷ ᠤᠨ ᠳ᠋ᠧᠩ ᠤᠨ ᠭᠡᠷᠡᠯ ᠢᠶᠠᠷ       ᠡᠪᠦᠯ ᠤᠨ ᠰᠦᠨᠢ ᠬᠠᠶᠢᠯᠤᠨ᠎ᠠ᠁  
 
ᠢᠷᠡᠯᠲᠡ᠄ ᠦᠪᠦᠷ ᠮᠣᠩᠭᠤᠯ ᠤᠨ ᠡᠳᠤᠷ ᠤᠨ ᠰᠣᠨᠢᠨ
 
 
ᠬᠠᠮᠢᠶ᠎ᠠ ᠪᠥᠬᠦᠢ ᠰᠤᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备14003692号