| | ᠱᠠᠭᠲᠠᠷᠵᠠᠪ ᠤᠨ ᠰᠤᠶᠤᠯᠪᠠᠭᠠᠲᠤᠷ | | | ᠬᠡᠷᠦᠯᠦᠨ ᠭᠤᠤᠯ ᠤᠨ ᠬᠡᠭᠡᠨᠴᠢᠷ ᠬᠡᠦᠬᠡᠨ ᠴᠢᠮᠠᠢᠢ ᠪᠠᠨ | ᠬᠡᠮᠵᠢᠶ᠎ᠡ ᠦᠬᠡᠢ ᠶᠡᠭᠡ ᠪᠠᠷ ᠬᠠᠶᠢᠷᠠᠯᠠᠵᠤ ᠶᠠᠪᠤᠯ᠎ᠠ | ᠬᠡᠭᠦᠳᠡᠭ ᠵᠢᠷᠦᠬᠡᠨ ᠤ ᠬᠠᠶᠢᠷ᠎ᠠ ᠶᠢᠨ ᠲᠠᠭᠤᠤ ᠪᠦᠬᠦᠨ ᠢᠶᠠᠨ | ᠬᠦᠰᠡᠭᠰᠡᠨ ᠶᠤᠰᠤᠭᠠᠷ ᠨᠢ ᠲᠠᠭᠤᠯᠠᠵᠤ ᠶᠠᠪᠤᠯ᠎ᠠ | ᠬᠡᠷᠦᠯᠦᠨ ᠭᠤᠤᠯ ᠤᠨ ᠬᠦᠭᠡᠷᠦᠬᠦᠨ ᠬᠡᠦᠬᠡᠨ ᠴᠢ | ᠬᠠᠴᠨᠷ ᠲᠡᠭᠡᠷ᠎ᠡ ᠮᠢᠨᠢ ᠦᠨᠦᠰᠴᠦ ᠠᠪᠤᠭᠰᠠᠨ ᠢᠶᠠᠨ | ᠬᠠᠵᠠᠭᠤ ᠶᠢᠨ ᠬᠦᠮᠦᠰ ᠬᠠᠷᠠᠴᠢᠬᠠᠭᠰᠠᠨ ᠴᠦ ᠪᠤᠯᠪᠠᠤ ᠬᠡᠳ | ᠬᠠᠪᠢ ᠦᠬᠡᠢ ᠶᠡᠭᠡ ᠪᠠᠷ ᠰᠢᠷᠪᠡᠬᠡᠳᠦᠵᠦ ᠪᠠᠶᠢᠯ᠎ᠠ᠃ | ᠤᠷᠬᠤᠨ ᠭᠤᠤᠯ ᠤᠨ ᠤᠬᠠᠭᠠᠯᠢᠭ ᠬᠡᠦᠬᠡᠨ ᠴᠢᠮ᠎ᠠ ᠳᠠᠭᠠᠨ | ᠤᠬᠠᠭᠠᠨ ᠦᠬᠡᠢ ᠶᠡᠭᠡ ᠪᠠᠷ ᠲᠤᠷᠠᠯᠠᠵᠤ ᠶᠠᠪᠤᠯ᠎ᠠ | ᠠᠭᠤᠰᠬᠢ ᠵᠢᠷᠦᠬᠡᠨ ᠤ ᠨᠠᠨᠳᠢᠨ ᠦᠬᠡ ᠪᠦᠬᠦᠨ ᠢᠶᠠᠨ | ᠠᠰᠠᠭᠤᠭᠰᠠᠨ ᠶᠤᠰᠤᠭᠠᠷ ᠨᠢ ᠲᠤᠰᠢᠶᠠᠵᠤ ᠶᠠᠪᠤᠯ᠎ᠠ | ᠤᠷᠬᠤᠨ ᠭᠤᠤᠯ ᠤᠨ ᠤᠬᠠᠭᠠᠯᠢᠭ ᠬᠡᠤᠬᠡᠨ ᠴᠢ | ᠤᠷᠤᠭᠤᠯ ᠲᠡᠭᠡᠷ᠎ᠡ ᠮᠢᠨᠢ ᠲᠠᠭᠠᠯᠠᠵᠤ ᠠᠪᠤᠭᠰᠠᠨ ᠢᠶᠠᠨ | ᠦᠶ᠎ᠡ ᠶᠢᠨ ᠨᠦᠬᠦᠳ ᠮᠢᠨᠢ ᠬᠠᠷᠠᠴᠢᠬᠠᠬᠰᠠᠨ ᠴᠦ ᠪᠤᠯᠪᠠᠤ ᠬᠡᠳ | ᠤᠴᠢᠷ ᠦᠬᠡᠢ ᠶᠡᠭᠡ ᠪᠠᠷ ᠢᠴᠢᠩᠬᠦᠷᠡᠵᠤ ᠪᠠᠶᠢᠯ᠎ᠠ᠃ | ᠪᠠᠶᠠᠨ ᠪᠠᠷᠭᠤ ᠶᠢᠨ ᠭᠤᠪᠤᠷᠬᠠᠨ ᠬᠡᠦᠬᠡᠨ ᠴᠢᠮᠠᠢᠢ ᠪᠠᠨ | ᠪᠡᠶ᠎ᠡ ᠰᠡᠳᠬᠢᠯ ᠢᠶᠠᠷ ᠢᠶᠠᠨ ᠲᠤᠷᠠᠯᠠᠵᠤ ᠶᠠᠪᠤᠯ᠎ᠠ | ᠪᠤᠯᠪᠠᠷᠠᠢ ᠬᠦᠭᠡᠷᠦᠬᠦᠨ ᠰᠢᠩᠬᠤᠨ ᠤᠷᠤᠭᠤᠯ ᠲᠡᠭᠡᠷ᠎ᠡ ᠨᠢ | ᠪᠤᠷᠤᠭᠠᠨ ᠤ ᠲᠤᠰᠦᠯ ᠪᠤᠯᠵᠤ ᠪᠦᠮᠪᠦᠷᠢᠵᠤ ᠶᠠᠪᠤᠯ᠎ᠠ | ᠪᠠᠶᠠᠨ ᠪᠠᠷᠭᠤ ᠶᠢᠨ ᠭᠤᠪᠤᠷᠬᠠᠨ ᠬᠡᠦᠬᠡᠨ ᠴᠢ | ᠪᠤᠷᠤᠬᠠᠨ ᠨᠢᠳᠦ ᠶᠢ ᠮᠢᠨᠢ ᠰᠢᠷᠳᠡᠵᠤ ᠠᠪᠤᠭᠰᠠᠨ ᠢᠶᠠᠨ | ᠪᠤᠰᠤᠳ ᠤᠯᠤᠰ ᠮᠢᠨᠢ ᠡᠯᠡᠭᠯᠡᠭᠰᠡᠨ ᠴᠦ ᠪᠤᠯᠪᠠᠤ ᠬᠡᠳ | ᠪᠤᠯᠬᠢᠯᠠᠭᠰᠠᠨ ᠵᠢᠷᠦᠬᠡ ᠪᠠᠨ ᠲᠠᠷᠤᠰᠬᠢᠵᠤ ᠪᠠᠶᠢᠯ᠎ᠠ᠃ | ᠬᠡᠷᠦᠯᠤᠨ ᠤᠷᠬᠤᠨ ᠤ ᠤᠰᠤ ᠪᠠᠷ ᠤᠮᠳᠠᠯᠠᠵᠤ | ᠪᠠᠶᠠᠨ ᠪᠠᠷᠭᠤ ᠶᠢᠨ ᠲᠠᠯ᠎ᠠ ᠳᠤ ᠲᠤᠭᠯᠠᠭᠰᠠᠨ | ᠪᠤᠭᠳᠠ ᠠᠭᠤᠯᠠ ᠶᠢᠨ ᠬᠤᠷᠮᠦᠢ ᠳᠤ ᠲᠡᠯᠭᠡᠷᠡᠭᠰᠡᠨ | ᠪᠦᠷᠳᠡᠭᠡᠯᠵᠢᠨ ᠬᠠᠳᠤᠨ ᠰᠢᠭ᠋ ᠮᠤᠩᠭᠤᠯ ᠬᠡᠦᠬᠡᠨ ᠢ | ᠪᠦᠰᠡᠬᠦᠢ ᠪᠠᠨ ᠪᠤᠯᠭᠠᠵᠤ ᠠᠪᠤᠶ᠎ᠠ ᠬᠡᠳ | ᠪᠤᠳᠤᠯ ᠵᠢᠷᠦᠬᠡᠨ ᠳᠡᠭᠡᠨ ᠲᠠᠩᠭᠠᠷᠢᠭ ᠲᠠᠯᠪᠢᠨ | ᠪᠦᠯᠢᠶᠡᠬᠡᠨ ᠵᠦᠭᠡᠯᠡᠬᠡᠨ ᠴᠡᠭᠡᠵᠢᠨ ᠲᠡᠭᠡᠷ᠎ᠡ ᠨᠢ | ᠪᠤᠯᠵᠤᠮᠤᠷ ᠰᠢᠪᠠᠭᠤᠬᠠᠢ ᠪᠤᠯᠵᠤ ᠵᠢᠷᠬᠢᠵᠦ ᠰᠠᠭᠤᠯ᠎ᠠ᠃ |