ᠮᠢᠨᠦ ᠨᠤᠳᠤᠭ ᠤᠨ ᠴᠠᠭᠠᠨ ᠰᠠᠷ᠎ᠠ
ᠨᠡᠶᠢᠲᠡᠯᠡᠭᠰᠡᠨ ᠴᠠᠭ᠄
2016/4/6
                                 ᠪ᠊ · ᠪᠢᠯᠢᠭ   ᠵᠤᠯᠭᠠᠯᠲᠠ ᠶᠢᠨ ᠦᠷᠯᠦᠭᠡ     ᠨᠡᠮᠡᠵᠦ ᠤᠯᠤᠭᠰᠠᠨ ᠨᠠᠰᠤ ᠪᠠᠨ ᠬᠠᠶᠢᠷᠠᠯᠠᠭᠠᠳ     ᠨᠡᠷᠡᠳᠦ ᠳᠤ ᠢᠷᠡᠬᠦ ᠵᠢᠯ ᠲᠡᠭᠡᠷ᠎ᠡ   ᠨᠡᠷ᠎ᠡ ᠪᠠᠨ ᠬᠠᠷᠠᠮᠨᠠᠭᠰᠠᠨ ᠨᠢᠭᠡ ᠬᠦᠮᠦᠨ ᠪᠤᠰᠤᠭ᠎ᠠ ᠵᠢᠷᠭᠠᠨᠠᠮ   ᠲᠤᠷᠤᠨ᠎ᠠ ᠵᠦᠭ ᠠᠴᠠ     ᠲᠦᠷᠯᠡᠬᠡᠷ ᠮᠠᠨᠳᠤᠬᠤ ᠨᠠᠷᠠᠨ ᠤ ᠲᠤᠤᠷ᠎ᠠ     ᠲᠦᠷᠦᠭᠡ ᠵᠠᠰᠠᠭᠰᠠᠨ ᠨᠤᠳᠤᠭ ᠮᠢᠨᠢ ᠵᠤᠭᠰᠤᠭ᠎ᠠ ᠵᠤᠯᠭᠠᠨᠠᠮ     ᠪᠤᠭᠤᠷᠤᠯ ᠤᠨ ᠮᠢᠨᠢ ᠪᠤᠶᠠᠨ ᠢ ᠲᠦᠰᠢᠭᠰᠡᠨ   ᠪᠤᠮᠠᠨ ᠴᠠᠭᠠᠨ ᠠᠭᠤᠯᠠᠰ ᠮᠠᠨᠢ ᠦᠭᠡᠳᠡ ᠰᠢᠨᠡᠯᠡᠭᠡᠷᠡᠢ   ᠪᠤᠷᠬᠠᠨ ᠬᠠᠯᠳᠤᠨ ᠤ ᠡᠩᠭᠡᠷ ᠠᠴᠠ ᠡᠬᠢ ᠠᠪᠤᠭᠰᠠᠨ     ᠪᠤᠯᠠᠭ ᠱᠠᠩᠲᠠ ᠶᠢᠨ ᠤᠷᠤᠰᠬᠠᠯ ᠤᠳ ᠮᠢᠨᠢ ᠤᠩᠭᠤᠨ ᠰᠢᠨᠡᠯᠡᠭᠡᠷᠡᠢ   ᠠᠭᠠᠷ ᠲᠠᠭᠠᠨ ᠠᠰᠢᠲᠠ ᠲᠤᠩᠭᠠᠯᠠᠭ   ᠠᠪᠤ ᠶᠢᠨ ᠴᠡᠩᠭᠡᠷ ᠨᠤᠳᠤᠭ ᠮᠠᠨᠢ ᠠᠮᠤᠷᠵᠢᠭᠤᠨ ᠰᠢᠨᠡᠯᠡᠭᠡᠷᠡᠢ   ᠡᠯᠢᠭᠡᠨ ᠳᠡᠭᠡᠨ ᠡᠬᠦᠷᠢᠳᠡ ᠲᠠᠩᠰᠤᠭ     ᠡᠵᠢ ᠶᠢᠨ ᠴᠡᠯᠡᠭᠡᠷ ᠲᠠᠯ᠎ᠠ ᠮᠢᠨᠢ ᠡᠩᠬᠡᠵᠢᠬᠦᠨ ᠰᠢᠨᠡᠯᠡᠬᠡᠷᠡᠢ᠃   ᠠᠷᠪᠠᠨ ᠵᠢᠷᠭᠤᠭᠠᠨ ᠤᠨ     ᠶᠠᠪᠤᠭᠠᠳ ᠦᠭᠬᠦ ᠪᠠᠷ ᠴᠢᠨᠢ   ᠶᠠᠳᠠᠷᠠᠭᠰᠠᠨ ᠢᠶᠠᠨ ᠪᠢ ᠮᠠᠷᠳᠠᠭᠰᠠᠨ ᠰᠢᠭ᠋   ᠶᠠᠳᠠᠭᠤ ᠪᠢᠴᠢᠭᠳᠡᠨ ᠤ ᠨᠢᠭᠡ ᠵᠢᠯ ᠬᠡᠮᠡᠭᠴᠢ   ᠶᠠᠭᠠᠬᠢᠬᠤ ᠳᠠᠭᠠᠨ ᠲᠡᠶᠢᠮᠦ ᠶᠡᠷᠦᠮᠳᠡᠭ ᠶᠤᠮ ᠪᠢᠯᠡ   ᠲᠤᠭᠤᠯᠵᠤ ᠢᠷᠡᠭᠰᠡᠨ ᠵᠠᠮ ᠢᠶᠠᠨ ᠪᠢ   ᠲᠤᠬᠤᠢ ᠴᠢᠨᠡᠬᠡᠨ ᠤᠷᠳᠤ ᠬᠡᠮᠡᠨ ᠪᠠᠰᠤᠬᠤ ᠦᠬᠡᠢ   ᠲᠠᠭᠤᠯᠠᠵᠤ ᠦᠯᠡᠳᠡᠭᠡᠭᠰᠡᠨ ᠲᠠᠭᠤ ᠪᠠᠨ     ᠲᠡᠭᠷᠢ ᠶᠢᠨ ᠴᠢᠨᠡᠬᠡᠨ ᠦᠨᠳᠦᠷ ᠭᠡᠵᠦ ᠪᠠᠷᠳᠠᠮᠨᠠᠬᠤ ᠴᠤ ᠦᠬᠡᠢ   ᠠᠷᠪᠠᠨ ᠵᠢᠷᠭᠤᠭᠠᠨ ᠤᠨ ᠴᠢᠮ᠎ᠠ ᠠᠴᠠ ᠡᠬᠢᠯᠡᠨ᠎ᠡ   ᠠᠯᠢ ᠤᠯᠠᠨ ᠤᠨ ᠵᠢᠯ ᠤᠳ ᠪᠠᠰᠠ ᠴᠢᠮ᠎ᠡ ᠠᠴᠠ ᠡᠬᠢᠯᠡᠨ᠎ᠡ   ᠠᠬᠢᠭᠠᠳ ᠠᠬᠢᠭᠠᠳ ᠢᠷᠡᠬᠦ ᠴᠠᠭ ᠬᠤᠭᠤᠴᠠᠭᠠᠨ ᠳᠤ     ᠠᠮᠠᠷᠠᠭ ᠲᠤᠷᠠᠰᠤᠮᠵᠢ ᠪᠤᠯᠵᠤ ᠪᠢ ᠴᠢᠮ᠎ᠡ ᠠᠴᠠ ᠡᠬᠢᠯᠡᠨ᠎ᠡ᠃     ᠴᠠᠭᠠᠨ ᠮᠦᠷ     ᠲᠡᠭᠷᠢ ᠶᠢᠨ ᠰᠠᠨᠠᠭ᠎ᠠ ᠶᠠᠭᠤ ᠪᠠᠶᠢᠪᠠ   ᠲᠡᠭᠡᠳᠦᠰ ᠤᠨ ᠮᠢᠨᠢ ᠭᠭᠢᠷ ᠦᠬᠡᠢ ᠤᠬᠠᠭᠠᠨ ᠪᠠᠶᠢᠯ᠎ᠠ   ᠬᠡᠬᠡᠨ ᠤᠬᠠᠭᠠᠨ ᠲᠠᠢ ᠲᠡᠭᠡᠳᠦᠰ ᠤᠨ ᠮᠢᠨᠢ   ᠴᠠᠭᠠᠨ ᠪᠦᠬᠦᠨ ᠤ ᠲᠡᠭᠷᠢᠯᠢᠭ ᠰᠠᠨᠠᠭ᠎ᠠ ᠲᠡᠨᠳᠡ ᠪᠠᠶᠢᠯ᠎ᠠ   ᠮᠦᠷ ᠢᠶᠠᠨ ᠮᠤᠰᠢᠭᠠᠢ ᠡᠬᠢᠯᠡᠶ᠎ᠡ ᠭᠡᠵᠦ   ᠮᠤᠩᠭᠤᠯ ᠤᠨ ᠨᠢᠭᠡ ᠬᠦᠮᠦᠨ ᠪᠤᠳᠤᠭ᠎ᠠ ᠦᠬᠡᠢ   ᠮᠦᠷ ᠲᠠᠢ ᠪᠠᠨ ᠠᠰᠬᠠᠨ ᠶᠠᠪᠤᠶ᠎ᠠ ᠭᠡᠵᠦ   ᠮᠤᠩᠭᠤᠯ ᠤᠨ ᠬᠦᠮᠦᠨ ᠪᠦᠬᠦᠨ ᠪᠤᠳᠤᠯᠭ᠎ᠠ ᠠᠯᠳᠠᠭ᠎ᠠ ᠦᠬᠡᠢ   ᠮᠦᠩᠬᠡ ᠶᠢᠨ ᠲᠡᠷᠡ ᠨᠢᠭᠡᠨ ᠵᠦᠭ ᠲᠡᠭᠡᠨ     ᠮᠦᠩᠬᠡ ᠶᠢᠨ ᠴᠠᠭᠠᠨ ᠮᠦᠷ ᠲᠠᠰᠤᠷᠠᠭ᠎ᠠ ᠦᠬᠡᠢ   ᠲᠡᠭᠡᠳᠦᠰ ᠤᠨ ᠰᠠᠨᠠᠭ᠎ᠠ ᠶᠠᠭᠤ ᠪᠠᠶᠢᠪᠠ︖     ᠲᠡᠭᠡᠷ᠎ᠡ ᠪᠠᠨ ᠨᠦᠮᠦᠷᠢᠭᠰᠡᠨ ᠵᠠᠬ᠎ᠠ ᠦᠬᠡᠢ ᠲᠡᠭᠷᠢ ᠪᠠᠶᠢᠯ᠎ᠠ   ᠵᠠᠬ᠎ᠠ ᠦᠬᠡᠢ ᠲᠡᠭᠷᠢ ᠲᠠᠢ ᠪᠠᠨ   ᠵᠠᠮ ᠢᠶᠠᠨ ᠨᠡᠶᠢᠯᠡᠬᠦᠯᠦᠭᠰᠡᠨ ᠲᠡᠭᠡᠳᠦᠰ ᠤᠨ ᠰᠠᠨᠠᠭ᠎ᠠ ᠲᠡᠶᠢᠮᠦ ᠪᠠᠶᠢᠯ᠎ᠠ᠃  
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备14003692号