ᠡ᠊ · ᠤᠷᠲᠤᠨᠠᠰᠤᠲᠤ | | | ᠬᠤᠷᠸ᠎ᠠ ᠭᠡᠳᠤᠢ ᠶᠡᠭᠡ ᠪᠤᠢ ᠭᠡᠵᠤ | ᠬᠦᠮᠦᠰ ᠡ ᠪᠤᠤ ᠠᠰᠠᠭᠤᠭᠠᠷᠠᠢ | ᠬᠤᠪᠳᠤᠭ ᠰᠢᠨᠤᠬᠠᠢ ᠬᠦᠮᠦᠰ ᠲᠤ ᠪᠤᠯ | ᠬᠤᠯᠳᠤᠯᠤᠭᠠᠳ ᠬᠤᠯᠳᠤᠯᠤᠭᠠᠳ ᠪᠠᠷᠠᠭᠳᠠᠳᠠᠭ ᠦᠭᠡᠢ ᠶᠡᠭᠡ ᠯᠠ᠃ | ᠬᠡᠬᠦᠳᠡᠭ ᠲᠤᠳᠤᠷᠡᠬᠢ ᠡᠳ᠋ ᠡᠷᠳᠡᠨᠢᠰ ᠢ ᠨᠢ | ᠠᠭᠤᠳᠠᠯᠤᠭᠠᠳ ᠠᠭᠤᠳᠠᠯᠤᠭᠠᠳ ᠲᠠᠭᠤᠰᠳᠠᠭ ᠦᠭᠡᠢ ᠤᠯᠠᠨ ᠯᠠ | ᠬᠤᠪᠢᠯᠠᠵᠤ ᠦᠮᠴᠢᠯᠠᠶᠠ ᠭᠡᠳᠡᠭ ᠪᠤᠵᠡᠷ ᠰᠠᠨᠠᠭᠠᠨ ᠳᠤ | ᠬᠤᠷᠸ᠎ᠠ ᠭᠡᠵᠢᠶᠠᠳᠠ ᠦᠪᠡᠷ ᠤᠨ ᠬᠢᠨᠢ ᠪᠤᠯᠳᠠᠭ ᠦᠭᠡᠢ ᠵᠤᠪᠠᠯᠠᠩ | ᠬᠤᠳᠠᠯᠳᠤᠵᠤ ᠢᠳᠡᠶ᠎ᠡ ᠭᠡᠳᠡᠭ ᠦᠮᠡᠬᠡᠢ ᠪᠤᠳᠤᠯ ᠳᠤ | ᠪᠦᠮᠪᠦᠷᠴᠡᠭ ᠭᠡᠵᠢᠶᠠᠳᠠ ᠦᠪᠡᠷ ᠤᠨ ᠬᠢᠨᠢ ᠪᠤᠯᠳᠠᠭ ᠦᠭᠡᠢ ᠭᠠᠴᠢᠬᠳᠠᠯ᠃ | ᠠᠯᠳᠠ ᠠᠯᠮᠠᠰ ᠡᠳ᠋ ᠡᠷᠳᠡᠨᠢᠰ | ᠰᠢᠨᠤᠯ ᠢ ᠦᠳᠦᠬᠡᠵᠦ ᠬᠢᠯᠠᠯᠵᠠᠨ᠎ᠠ | ᠠᠡᠭ ᠠᠮᠢᠳᠠᠨ ᠤᠢ ᠰᠢᠭᠤᠢ | ᠮᠦᠩᠬᠦ ᠬᠤᠪᠢᠯᠵᠤ ᠬᠠᠷᠠᠭᠳᠠᠨ᠎ᠠ | ᠬᠤᠷᠸ᠎ᠠ ᠦᠨᠠᠨ ᠳᠡᠭᠡᠨ ᠵᠢᠵᠢᠭᠬᠡᠨ ᠰᠢᠤ | ᠬᠤᠶᠠᠷ ᠬᠦᠮᠦᠨ ᠤ ᠵᠤᠭᠰᠤᠵᠤ ᠪᠠᠭᠳᠠᠳᠠᠭ ᠯᠠ ᠵᠠᠢ | ᠬᠠᠶᠢᠷᠠᠯᠠᠳᠠᠭ ᠬᠦᠮᠦᠨ ᠤ ᠪᠠᠨ | ᠵᠢᠷᠦᠭᠡᠨ ᠳᠤᠨᠢ ᠪᠠᠭᠳᠠᠳᠠᠭ ᠵᠢᠵᠢᠭᠬᠡᠨ | ᠬᠤᠪᠢ ᠲᠠᠢ ᠠᠮᠢᠳᠤᠷᠠᠯ ᠤᠨ ᠢᠶᠠᠨ | ᠲᠤᠯᠭ᠎ᠠ ᠶᠢᠨ ᠭᠠᠯ ᠢ ᠬᠦᠭᠵᠢᠬᠡᠵᠦ | ᠬᠤᠷᠸ᠎ᠠ ᠬᠦᠮᠦᠨ ᠬᠤᠶᠠᠷ ᠬᠠᠨᠢᠰᠳᠠᠭ | ᠪᠤᠷᠤᠭᠵᠢᠭᠤᠨ ᠤᠬᠠᠭᠠᠨ | ᠬᠤᠷᠸ᠎ᠠ ᠦᠨᠠᠨ ᠳᠡᠭᠡᠨ ᠵᠢᠵᠢᠭᠬᠡᠨ ᠰᠠᠨ | ᠬᠠᠨᠤᠰᠢ ᠦᠭᠡᠢ ᠰᠢᠨᠤᠯ ᠤᠨ ᠦᠯᠦᠨ ᠨᠢᠳᠤᠨ ᠳᠤ ᠯᠠ | ᠬᠡᠵᠢᠶᠠᠳᠠ ᠶᠡᠭᠡ ᠬᠠᠷᠠᠭᠳᠠᠳᠠᠭ ᠠᠴᠠ ᠯᠠ ᠳ᠋ᠠ᠃ |