● ᠤᠶᠢᠷᠮᠠᠰ ᠴᠢᠯᠠᠭᠤᠨᠪᠠᠭᠠᠲᠤᠷ | | | ᠰᠢᠭᠦᠳᠡᠷᠢ ᠪᠦᠩᠵᠢᠭᠡᠨᠡᠭᠰᠡᠨ ᠨᠤᠭᠤᠭᠠᠨ ᠳᠠᠯ᠎ᠠ ᠶᠢᠨ | ᠴᠡᠴᠡᠭ ᠤᠨ ᠤᠬᠢ ᠪᠦᠰᠡᠬᠦᠢ ᠬᠦᠮᠦᠨ | ᠰᠢᠯᠦᠭ ᠲᠡᠷᠡᠯᠡᠭᠰᠡᠨ ᠴᠡᠴᠡᠨ ᠪᠢᠯᠢᠭ ᠤᠨ | ᠤᠶᠤᠨ ᠤ ᠴᠢᠮᠡᠭ ᠪᠦᠰᠡᠬᠦᠢ ᠬᠦᠮᠦᠨ | ᠬᠠᠶᠢᠷ᠎ᠠ ᠭᠡᠶᠢᠭᠰᠡᠨ ᠬᠠᠯᠠᠭᠤᠨ ᠪᠦᠯᠢ ᠶᠢᠨ | ᠤᠳᠤᠮ ᠤᠨ ᠬᠡᠯᠬᠢᠶ᠎ᠡ ᠪᠦᠰᠡᠬᠦᠢ ᠬᠦᠮᠦᠨ | ᠬᠠᠨᠢ ᠲᠦᠰᠢᠭᠰᠡᠨ ᠭᠡᠭᠡᠨ ᠠᠮᠢᠳᠤᠷᠠᠯ ᠤᠨ | ᠦᠷ ᠤᠨ ᠲᠤᠶᠠᠭ᠎ᠠ ᠪᠦᠰᠡᠬᠦᠢ ᠬᠦᠮᠦᠨ | ᠤᠭᠤᠷᠠᠭ ᠬᠠᠯᠭᠢᠭᠰᠠᠨ ᠮᠠᠯᠴᠢᠨ ᠠᠶᠢᠯ ᠤᠨ | ᠤᠭᠤᠷ ᠤᠨ ᠳᠠᠭᠤᠨ ᠪᠦᠰᠡᠬᠦᠢ ᠬᠦᠮᠦᠨ | ᠤᠬᠠᠭ᠎ᠠ ᠰᠡᠴᠡᠯᠡᠭᠰᠡᠨ ᠮᠣᠩᠭᠤᠯ ᠦᠷᠡᠰ ᠤᠨ | ᠰᠡᠳᠬᠢᠯ ᠤᠨ ᠲᠠᠮᠢᠷ ᠪᠦᠰᠡᠬᠦᠢ ᠬᠦᠮᠦᠨ | ᠡᠶ᠎ᠡ ᠨᠢᠭᠲᠠᠷᠠᠭᠰᠠᠨ ᠪᠤᠯᠪᠠᠰᠤᠨ ᠡᠷᠢᠨ ᠤ | ᠵᠢᠳᠭᠦᠯ ᠤᠨ ᠡᠯᠴᠢ ᠪᠦᠰᠡᠬᠦᠢ ᠬᠦᠮᠦᠨ | ᠡᠮᠡᠭᠡᠯ ᠲᠤᠬᠤᠶᠢᠯᠠᠭᠰᠠᠨ ᠬᠦᠷᠦᠰᠦᠯᠢᠭ ᠡᠷ᠎ᠡ ᠶᠢᠨ | ᠢᠳᠡᠭᠡᠯ ᠤᠨ ᠬᠦᠴᠦ ᠪᠦᠰᠡᠬᠦᠢ ᠬᠦᠮᠦᠨ ᠡ︕ | | ︵ᠠᠷᠠᠳ ᠤᠨ ᠰᠦᠯᠵᠢᠶ᠎ᠡ ᠠᠴᠠ︶ | |