︽ᠵᠣᠪᠠᠯᠠᠩ︾ ᠬᠡᠮᠡᠬᠦ ᠣᠬᠤᠷ ᠰᠢᠯᠦᠭ ᠤᠳ | ●ᠳᠦᠷᠪᠡᠳ · ᠡᠷᠳᠡᠨᠢᠪᠠᠶᠠᠷ | | ᠨᠠᠮᠣᠷ ᠤᠨ ᠠᠳᠣᠭᠤ ᠮᠡᠳᠣ | ᠰᠠᠯᠬᠢ ᠴᠣᠭᠬᠢᠨᠠ | ᠨᠣᠳᠤᠭ ᠦᠭᠡᠢ ᠴᠢᠮ᠎ᠠ ᠳᠤ | ᠶᠠᠮᠠᠷ ᠵᠣᠪᠠᠯᠡᠩ ᠪᠠᠶᠢᠨ᠎ᠠ | ᠨᠠᠭᠤᠷ ᠤᠨ ᠣᠰᠣᠨ ᠳᠤ | ᠣᠷᠣᠭᠤᠯ ᠢᠶᠠᠨ ᠲᠦᠷᠦᠭᠡᠳ | ᠠᠷ ᠲᠠᠲᠠᠲᠠᠯ᠎ᠠ | ᠬᠠᠳᠠᠷᠢᠨ ᠬᠤᠯᠠᠳᠣᠨᠠ | ᠬᠢᠨᠭᠭᠠ ᠲᠠᠪᠠᠨ ᠴᠣᠪᠣᠨᠠ | ᠬᠠᠮᠢᠭ᠎ᠠ ᠶᠠᠪᠣᠬᠤ ᠶᠣᠮ ᠳ᠋ᠡ | ᠵᠢᠷᠦᠬᠡ ᠰᠦᠪᠯᠡᠬᠦ | ᠵᠦᠢᠳᠡᠯ ᠦᠭᠡᠢ ᠰᠠᠯᠬᠢ ᠡ | ᠰᠠᠯᠬᠢ ᠮᠡᠳᠣ ᠮᠢᠨᠣ ᠨᠣᠳᠤᠭ | ᠰᠠᠶᠢᠬᠠᠨ ᠬᠤᠶᠠᠷ ᠢᠨᠴᠠᠭᠠᠨ᠎ᠠ | ᠰᠠᠭᠠᠯᠳᠣᠷᠭᠠ ᠴᠣ᠋ ᠦᠭᠡᠢ ᠨᠣᠭᠳᠣ ᠨᠢ | ᠮᠢᠨᠣ ᠭᠠᠷ ᠠᠴᠠ ᠠᠯᠳᠠᠷᠠᠨ᠎ᠠ | ᠪᠢ ᠴᠢᠨᠣ ᠲᠦᠯᠦᠭᠡ ᠣᠬᠢᠯᠠᠬᠤ ᠴᠣ᠋ | ᠡᠷᠬᠡ ᠦᠭᠡᠢ | ᠴᠢ ᠮᠢᠨᠣ ᠲᠦᠯᠦᠭᠡ ᠲᠠᠭᠤᠰᠬᠤ ᠴᠣ᠋ | ᠡᠷᠬᠡ ᠦᠭᠡᠢ | ᠪᠢ ᠴᠢᠨᠣ ᠡᠵᠡᠨ ᠪᠢᠰᠢ | ᠪᠢ ᠴᠢᠮ᠎ᠠ ᠲᠡᠭᠡᠷ᠎ᠡ ︽ᠨᠣᠳᠤᠭ︾ ᠦᠭᠡᠢ | ᠴᠢ ᠨᠠᠮ᠎ᠠ ᠶᠢ ᠡᠵᠡᠷᠬᠡ | ᠴᠢ ᠨᠠᠳᠠ ᠲᠡᠭᠡᠷ᠎ᠡ ᠨᠣᠳᠣᠭᠯᠨ | ᠨᠣᠳᠤᠭ ᠮᠢᠨᠢ | ᠬᠡᠯᠨ | ᠬᠡᠯᠨ ᠠᠯᠳᠠᠭᠰᠠᠨ ᠣᠳᠣᠳ | ᠦᠳᠡᠰᠢ ᠦᠳᠡᠰᠢ ᠪᠣᠯᠵᠣᠨᠡ | ᠬᠡᠵᠢᠶ᠎ᠡ ᠬᠠᠮᠢᠭ᠎ᠠ ᠭᠡᠵᠦ | ᠬᠡᠯᠡᠵᠦ ᠴᠢᠳᠠᠬᠤ ᠦᠭᠡᠢ ᠠᠨᠢᠪᠴᠢᠨᠠ | ᠲᠡᠭᠷᠢ ᠶᠢᠨ ᠣᠶᠣᠳᠠᠯ ᠳᠤ | ᠬᠡᠳᠣ ᠨᠢ ᠴᠣᠭᠯᠠᠷᠠᠭᠠᠳ ᠣᠰᠣ ᠠᠪᠣᠨ᠎ᠠ | ᠲᠡᠳᠡᠨ ᠤ ᠣᠬᠢᠯᠠᠯᠳᠣᠭᠰᠠᠨ | ᠨᠢᠯᠪᠣᠰᠣ ᠨᠢ ᠰᠣᠨᠣᠰᠳᠠᠨ᠎ᠠ | ᠠᠨᠢᠪᠴᠢᠬᠤ ᠪᠣᠳᠣᠯ ᠢᠶᠠᠨ ᠡᠪᠦᠷᠯᠡᠵᠦ | ᠠᠢ ᠲᠦᠮᠡᠨ ᠵᠢᠯ ᠲᠦᠭᠡᠨ᠎ᠡ | ᠠᠰᠬᠠᠷᠠᠭᠰᠠᠨ ᠨᠢᠯᠪᠣᠰᠣ ᠨᠢ | ᠮᠢᠨᠣ ᠬᠡᠯᠨ ᠲᠡᠭᠡᠷ᠎ᠡ ᠦᠶᠡᠷᠯᠡᠨ᠎ᠡ᠃ | | ᠬᠠᠷᠠᠩᠭᠤᠢ | ᠬᠠᠷ᠎ᠠ ᠮᠣᠷᠢᠨ ᠤ ᠬᠠᠷ᠎ᠠ ᠰᠡᠭᠦᠳᠡᠷ ᠮᠡᠳᠣ | ᠭᠢᠯᠳᠣᠭᠠᠨᠠᠮᠠ ᠰᠦᠨᠢ ᠳᠤ | ᠪᠢ ᠬᠠᠶᠢᠷᠠᠲᠠᠢ | ᠬᠠᠷᠠᠮᠰᠠᠯᠲᠠᠢ ᠨᠢ | ᠦᠴᠦᠬᠡᠨ ᠳ᠋ᠸᠡᠭ ᠤᠳ ᠪᠣᠯᠢᠶᠠᠨ᠎ᠠ | ᠰᠦᠨᠢ ᠪᠣᠯ ᠰᠦᠨᠢ ᠰᠠᠶᠢᠬᠠᠨ | ᠳ᠋ᠸᠡᠭ ᠲᠠᠢ ᠰᠦᠨᠢ ᠢ ᠪᠢ | ᠴᠢᠨᠣ ᠣᠨᠴᠠᠯᠢᠭ ᠲᠠᠢ ᠰᠦᠨᠢ ᠭᠡᠬᠦ ᠶᠣ᠋ | ᠡᠬᠡ ᠣᠷᠣᠨ ᠮᠢᠨᠢ | ᠰᠠᠭᠠᠷᠠᠯ ᠮᠣᠷᠢᠨ ᠤ | ᠬᠠᠷ᠎ᠠ ᠰᠡᠭᠦᠳᠡᠷ ᠮᠡᠳᠣ ᠡᠳᠦᠷ ᠤᠳ ᠲᠤ | ᠪᠢ ᠲᠣᠷ᠎ᠠ ᠦᠭᠡᠢ | ᠰᠠᠶᠢᠨ ᠮᠠᠭᠤ ᠪᠠᠨ ᠪᠦᠭᠦᠳᠡᠭᠡᠷ ᠮᠡᠳᠡᠭᠰᠡᠭᠡᠷ ᠴᠣ᠋ | ᠮᠠᠭᠤ ᠶᠠᠪᠣᠬᠤ ᠳᠤ ᠴᠢᠨᠢ | ᠨᠡᠩ ᠲᠣᠷ᠎ᠠ ᠦᠭᠡᠢ | ᠡᠬᠡ ᠣᠷᠣᠨ ᠮᠢᠨᠢ | ᠦᠷᠯᠦᠭᠡ | ᠨᠠᠪᠴᠢᠨ ᠤ ᠭᠡᠷᠡᠯ | ᠨᠠᠷᠠᠨ ᠤ ᠠᠯᠠᠭ᠎ᠠ ᠮᠡᠳᠣ ᠬᠢᠯᠠᠯᠵᠠᠨ᠎ᠠ | ᠦᠣᠷ ᠢᠶᠠᠷ ᠲᠡᠯᠭᠡᠷᠡᠭᠰᠡᠨ ᠴᠡᠴᠡᠭ ᠤᠨ ᠬᠡᠯᠲᠡᠰ ᠲᠤ | ᠮᠦᠡᠭᠭᠦᠨ ᠰᠢᠭᠦᠲᠡᠷᠢ ᠪᠦᠮᠪᠦᠯᠵᠡᠨ᠎ᠡ | ᠦᠴᠦᠭᠡᠳᠦᠷ ᠤᠨ ᠰᠠᠯᠬᠢᠨ ᠤ ᠴᠢᠮᠡᠭᠡ | ᠲᠣᠪ ᠲᠣᠳᠣ ᠰᠣᠨᠣᠰᠳᠠᠨ᠎ᠠ | ᠲᠣᠷᠠᠯᠠᠯ ᠮᠡᠳᠣ ᠲᠣᠩᠭᠠᠯᠠᠭ ᠦᠷᠯᠦᠭᠡ | ᠵᠠᠯᠠᠭᠤ ᠨᠠᠰᠣᠨ ᠠᠴᠠ ᠴᠠᠯᠬᠢᠭᠰᠠᠨ ᠢᠨᠢᠶᠡᠳᠣ ᠴᠢᠨᠢ | ᠠᠭᠠᠷ ᠲᠤ ᠮᠦᠡᠭᠭᠦᠨ ᠣᠳᠠᠰᠣ ᠮᠡᠳᠣ ᠴᠡᠴᠡᠷᠡᠨ᠎ᠡ | ᠵᠠᠬ᠎ᠠ ᠢᠶᠠᠷ ᠮᠢᠨᠢ | ᠲᠣᠷᠠᠯᠠᠯ ᠲᠠᠭᠠᠨ ᠨᠣᠴᠣᠭᠰᠠᠨ ᠬᠤᠶᠠᠷ ᠦᠡᠭᠭᠡᠷᠡᠨ᠎ᠡ | ᠬᠠᠶᠢᠷ᠎ᠠ ᠨᠡᠪᠴᠢᠭᠰᠡᠨ ᠵᠠᠯᠠᠭᠤ ᠬᠤᠣᠰ | ᠪᠠᠳᠠᠷᠠᠨ ᠳᠡᠯᠭᠡᠷᠡᠬᠦ ᠬᠤᠣᠰ ᠰᠠᠷᠨᠠᠢ | ᠴᠢᠨᠣ ᠬᠠᠶᠢᠷ᠎ᠠ ᠪᠠ ᠨᠠᠰᠣᠨ ᠳᠤ | ᠵᠢᠷᠦᠬᠡ ᠮᠢᠨᠢ ᠴᠣᠬᠢᠯᠭ᠎ᠠ ᠪᠠᠨ ᠠᠯᠳᠠᠨ | ᠴᠠᠭ ᠤᠨ ᠵᠡᠭᠦᠣ ᠪᠠᠨ ᠬᠠᠷᠠᠵᠦ ᠬᠠᠷᠠᠭᠠᠳ | ᠴᠡᠨᠡᠭ ᠢ ᠨᠢ ᠠᠪᠴᠣ ᠵᠣᠭᠰᠣᠭᠠᠯ᠎ᠠ᠃ | ᠮᠡᠳᠡᠷᠡᠮᠵᠢ | ᠭᠠᠯᠳᠣ ᠲᠡᠷᠭᠡ ᠰᠦᠨᠢ | ᠣᠷᠳᠣ ᠰᠠᠨᠠᠭ᠎ᠠ ᠠᠯᠳᠠᠨ᠎ᠠ | ᠭᠠᠵᠠᠷ ᠭᠠᠵᠠᠷ ᠤᠨ ᠬᠦᠮᠦᠨ ᠤ | ᠵᠡᠭᠦᠳᠦ ᠶᠢ ᠲᠡᠭᠡᠭᠡᠭᠰᠡᠨ ᠪᠣᠯᠬᠤᠷ | ᠲᠡᠷᠨ ᠵᠡᠭᠦᠳᠣ ᠰᠦᠨᠢᠵᠢᠨ ᠠᠶᠠᠯᠣᠨᠠ | ᠲᠡᠷᠭᠡ ᠲᠠᠭᠠᠭᠰᠠᠨ | ᠲᠦᠷᠦᠭᠰᠡᠨ ᠨᠣᠳᠤᠭ ᠨᠢ | ᠪᠣᠴᠠᠬᠤ ᠭᠡᠳ ᠬᠠᠷ᠎ᠠ ᠲᠠᠷᠣᠨ᠎ᠠ | ᠲᠡᠷᠭᠡ ᠭᠡᠨᠡᠳᠳᠡ ᠵᠣᠭᠰᠣᠨ᠎ᠠ | ᠲᠡᠰᠭᠡᠯ ᠦᠭᠡᠢ ᠭᠠᠯᠳᠣ ᠲᠡᠷᠭᠡ | ᠣᠷᠳᠣ ᠰᠠᠨᠠᠭ᠎ᠠ ᠠᠯᠳᠠᠨ᠎ᠠ᠃ | | ᠠᠩᠭᠢᠯᠣᠮ᠎ᠠ ᠰᠠᠷᠨ | | ᠠᠩᠭᠢᠯᠣᠮᠡ ᠰᠠᠷᠠᠨ ᠤ ᠬᠡᠯᠡᠭᠰᠡᠨ ᠦᠭᠡ | ᠲᠡᠩᠲᠡᠭᠦᠣ ᠴᠠᠭᠠᠪᠣᠷᠢ | ᠠᠶᠢᠯ ᠤᠨ ᠬᠤᠨᠢᠳ ᠮᠡᠳᠣ | ᠰᠡᠳᠬᠢᠯ ᠮᠢᠨᠢ | ᠰᠦᠨᠢᠵᠢᠨ ᠪᠡᠯᠴᠢᠵᠦ ᠨᠠᠯᠠᠶᠢᠨ᠎ᠠ | ᠣᠶᠢᠷᠠᠬᠠᠨ ᠰᠢᠭᠤᠢ ᠶᠢᠨ ᠪᠣᠯᠵᠣᠮᠣᠷ | ᠡᠳᠦᠷ ᠮᠡᠳᠣ ᠵᠢᠷᠭᠢᠨ᠎ᠡ | ᠣᠯᠠᠪᠢᠷ ᠲᠡᠷᠨ ᠴᠡᠴᠡᠭ ᠲᠡᠯᠭᠡᠷᠡᠵᠡᠢ | ᠲᠣᠷᠠᠯᠠᠯ ᠭᠡᠳᠡᠭ ᠬᠦᠭᠡᠷᠦᠬᠦᠨ | | ᠴᠢᠯᠠᠭᠤᠨ ᠰᠠᠨᠳᠠᠯᠢ | | ᠴᠢᠮ᠎ᠠ ᠶᠢ ᠬᠦᠯᠢᠶᠡᠬᠦ ᠳᠡᠭᠡᠨ ᠪᠣᠰᠬᠠᠭᠰᠠᠨ | ᠴᠢᠯᠠᠭᠤᠨ ᠰᠠᠨᠳᠠᠯᠢ ᠳᠤ | ᠴᠠᠭ ᠬᠤᠭᠤᠴᠠᠭ᠎ᠠ ᠰᠢᠩᠭᠡᠨ᠎ᠡ | ᠬᠡᠳᠦᠨ ᠵᠠᠭᠤᠨ ᠳᠤ | ᠬᠡᠴᠢᠨᠡᠨ ᠬᠤᠣᠰ ᠪᠣᠯᠵᠣᠭᠰᠠᠨ ᠢ | ᠪᠣᠭᠤᠷᠣᠯ ᠰᠠᠨᠳᠠᠯᠢ ᠴᠡᠭᠡᠵᠢᠯᠡᠬᠦ ᠲᠣᠷ᠎ᠠ ᠦᠭᠡᠢ | ᠪᠣᠳᠣᠯᠭ᠎ᠠ ᠵᠡᠭᠦᠳᠣᠨ ᠤ ᠦᠭᠡ ᠪᠠᠨ | ᠪᠣᠷᠬᠠᠨ ᠠᠴᠠ ᠨᠢᠭᠤᠨ ᠬᠦᠯᠢᠶᠡᠨ᠎ᠡ | ᠨᠢᠭᠡᠨ ᠨᠠᠮᠣᠷ ᠦᠷᠦᠭᠡᠰᠦᠨ ᠲᠣᠭᠤᠷᠣᠣ | ᠡᠮᠦᠨᠡᠰᠢ ᠵᠣᠷᠢᠨᠡ | ᠨᠢᠯᠪᠣᠰᠣᠨ ᠳᠤ ᠨᠢ ᠴᠢᠯᠠᠭᠤᠨ ᠰᠠᠨᠳᠠᠯᠢ | ᠴᠢᠮᠡᠭᠡ ᠦᠭᠡᠢ ᠨᠣᠷᠠᠨᠠ᠃ | ᠦᠣᠷ ᠤᠨ ᠵᠢᠪᠠᠷ | ᠦᠣᠷ ᠤᠨ ᠵᠢᠪᠠᠷ ᠤᠨ ᠮᠦᠷ | ᠡᠪᠡᠰᠣᠨ ᠨᠠᠮᠠᠭᠠᠨ ᠳᠤ ᠭᠢᠯᠡᠯᠵᠠᠨᠠ | ᠦᠨᠳᠡᠶᠢᠭᠡᠳ ᠶᠦᠷᠭᠦᠯᠡᠬᠦ ᠬᠡᠬᠡᠷ ᠤᠨ | ᠲᠡᠯ ᠤᠨ ᠲᠡᠭᠡᠷ᠎ᠡ ᠰᠣᠭᠰᠣᠯᠵᠠᠨᠠ | ᠵᠢᠪᠡᠷ ᠤᠨ ᠬᠠᠷ᠎ᠠ ᠵᠢᠰᠦᠮ | ᠵᠠᠳᠠᠭᠠᠢ ᠣᠰᠣ ᠮᠡᠳᠣ ᠮᠡᠯᠮᠡᠷᠡᠨ᠎ᠡ | ᠵᠢᠭᠠᠬᠠᠨ ᠠᠮᠠᠷᠠᠭ ᠤᠨ ᠠᠮᠢᠰᠤᠭ᠎ᠠ ᠮᠡᠳᠣ | ᠵᠠᠭᠠᠮᠠᠨ ᠲᠡᠭᠡᠷ᠎ᠡ ᠮᠢᠨᠢ ᠡᠷᠬᠡᠯᠡᠨ᠎ᠡ | ᠲᠣᠷᠭᠠᠨ ᠵᠢᠪᠠᠷ ᠤᠨ ᠬᠡᠯᠪᠡᠷᠢ | ᠲᠣᠬᠤᠶᠢᠯᠳᠠᠵᠦ ᠨᠠᠭᠠᠰᠢ ᠠᠯᠬᠤᠨ᠎ᠠ | ᠲᠣᠯᠣᠭᠠᠶᠢᠳ ᠤᠨ ᠴᠠᠭᠠᠨ᠎ᠠ ᠬᠦᠷᠲᠡᠯ᠎ᠡ | ᠰᠠᠯᠵᠦ ᠶᠠᠳᠠᠨ ᠲᠣᠨᠢᠷᠬᠠᠨᠠ | ᠵᠢᠪᠠᠷ ᠤᠨ ᠰᠡᠪᠢᠯᠵᠡᠬᠦ ᠰᠡᠳᠬᠢᠯ | ᠵᠡᠭᠡᠰᠣᠨ ᠳᠤ ᠨᠠᠮᠣᠭᠤᠬᠠᠨ ᠰᠡᠮᠡᠷᠡᠨ᠎ᠡ | ᠵᠣᠪᠬᠢᠨ ᠳᠤ ᠮᠡᠯᠮᠡᠷᠡᠬᠦ ᠨᠢᠯᠪᠣᠰᠣᠨ ᠤ | ᠵᠢᠷᠦᠬᠡᠨ ᠳᠣᠳᠣᠷ᠎ᠠ ᠪᠦᠮᠪᠦᠯᠵᠡᠨ᠎ᠡ᠃ | ᠪᠣᠳᠣᠯ | ᠲᠠᠰ ᠬᠠᠷᠠᠩᠭᠤᠢ ᠰᠦᠨᠢ ᠴᠢ | ᠲᠠᠰᠢᠭᠤᠷᠠᠭᠰᠠᠨ ᠵᠢᠷᠭᠠᠯ ᠳᠠᠭᠠᠨ | ᠪᠠᠭᠳᠠᠵᠦ ᠶᠠᠳᠠᠨ | ᠵᠡᠭᠡᠯᠢ ᠦᠢᠮᠡᠭᠦᠯᠦᠨ ᠲᠠᠪᠭᠢᠨᠠ | ᠲᠦᠷᠢᠮᠡᠬᠡᠢ ᠠᠭᠠᠰᠢᠨ ᠳᠤ ᠴᠢᠨᠢ | ᠲᠦᠷᠪᠡᠭᠰᠡᠨ ᠨᠣᠶᠢᠷ ᠤᠳ ᠵᠠᠳᠠᠷᠠᠵᠦ | ᠨᠠᠮ ᠵᠢᠮ ᠦᠷᠭᠦᠵᠦ | ᠨᠠᠯ ᠬᠠᠷᠠᠩᠭᠤᠢ ᠨᠣᠴᠣᠯᠠ | ᠠᠭᠠᠵᠢᠮ ᠭᠡᠰᠡᠨ ᠪᠣᠳᠣᠯ | ᠠᠷᠣ ᠠᠴᠠ ᠴᠢᠨᠢ ᠲᠠᠭᠤᠵᠦ ᠭᠦᠢᠴᠡᠯ ᠦᠭᠡᠢ | ᠭᠠᠵᠠᠷ ᠣᠶᠢᠴᠠᠯᠠ | ᠣᠨᠠᠭᠰᠠᠨ ᠲᠡᠷᠨ ᠪᠣᠳᠣᠯ ᠤᠳ | ᠣᠯᠠᠭᠠᠨ ᠳ᠋ᠸᠡᠭ ᠪᠣᠯᠵᠦ ᠠᠰᠠᠯᠠ᠃ | ᠪᠠᠶᠢᠳᠠᠯ | ᠬᠡᠯᠡᠭᠰᠡᠨ ᠦᠭᠡ ᠴᠢᠨᠢ ᠢᠴᠢᠭᠡᠳ | ᠦᠳᠡᠰᠢ ᠶᠢᠨ ᠲᠣᠯᠣᠩ ᠮᠡᠳᠣ | ᠬᠡᠳᠦᠨ ᠵᠠᠭᠤᠨ ᠦᠡᠭᠭᠡᠷᠡᠭᠰᠡᠨ ᠠᠲᠠᠯ᠎ᠠ | ᠪᠣᠳᠣᠬᠤ ᠪᠦᠷᠢ | ᠦᠳᠡᠰᠢ ᠦᠳᠡᠰᠢ | ᠬᠠᠴᠠᠷ ᠴᠢᠨᠢ ᠮᠡᠳᠣ ᠮᠢᠨᠴᠡᠶᠢᠨᠡ | ᠬᠡᠷᠡᠭ ᠦᠭᠡᠢ ᠣᠷᠴᠢᠯᠠᠩ ᠳᠤ | ᠠᠭᠤᠰᠣᠭᠰᠠᠭᠠᠷ ᠪᠠᠶᠢᠵᠦ | ᠲᠠᠰ ᠬᠠᠷ᠎ᠠ ᠰᠦᠨᠢ ᠪᠣᠯᠣᠨ᠎ᠠ | ᠲᠠᠰ ᠬᠠᠷᠠᠩᠭᠤᠢ ᠠᠩᠭᠢᠯᠣᠮᠠᠯ ᠳᠤ ᠶᠠᠭᠤ ᠴᠣ᠋ ᠶᠠᠷᠢᠶ᠎ᠠ | | ︵ᠵᠤᠬᠢᠶᠠᠭᠴᠢ ᠶᠢᠨ ᠬᠠᠶ᠋ᠢᠭ᠄ ᠣᠯᠠᠭᠠᠨᠬᠠᠳᠠ ᠬᠤᠳᠠ ᠶᠢᠨ ᠠᠷᠣ ᠬᠤᠷᠴᠢᠨ ᠬᠤᠰᠢᠭᠤᠨ ᠤ ᠴᠢᠪᠠᠭ᠎ᠠ ᠮᠣᠩᠭᠤᠯ | ᠦᠨᠳᠦᠰᠦᠲᠡᠨ ᠤ ᠲᠣᠮᠳᠠᠳᠣ ᠰᠣᠷᠭᠠᠭᠤᠯᠢ︶ | ︵ ᠠᠷᠠᠳ ᠤᠨ ᠰᠦᠯᠵᠢᠶ᠎ᠡ ᠠᠴᠠ︶ | |