ᠮᠤᠩᠭᠤᠯ ᠬᠡᠯᠡ ᠶᠢ ᠰᠤᠷᠬᠤ ᠳᠤ ᠮᠠᠯᠵᠢᠬᠤ ᠠᠮᠢᠲᠤᠷᠠᠯ ᠲᠠᠢ ᠢᠯᠡᠬᠦᠦ ᠦᠢᠷᠡᠲᠤᠪᠠᠯ  ᠵᠤᠭᠢᠨ᠎ᠠ
ᠨᠡᠶᠢᠲᠡᠯᠡᠭᠰᠡᠨ ᠴᠠᠭ᠄
2016/4/6
       ᠮᠤᠩᠭᠤᠯ ᠬᠡᠯᠡ ᠶᠢ ᠰᠤᠷᠬᠤ ᠳᠤ ᠮᠠᠯᠵᠢᠬᠤ ᠠᠮᠢᠲᠤᠷᠠᠯ ᠲᠠᠢ ᠢᠯᠡᠬᠦᠦ ᠦᠢᠷᠡᠲᠤᠪᠠᠯ  ᠵᠤᠭᠢᠨ᠎ᠠ                                                                 ᠯᠣᠪᠰᠠᠩ       ᠪᠢ ᠤᠳᠠᠭᠠᠨ ᠵᠢᠯ ᠮᠤᠩᠭᠤᠯ ᠬᠡᠯᠡ ᠪᠢᠴᠢᠭ ᠢ ᠰᠤᠷᠴᠤ ᠬᠡᠷᠡᠭᠯᠡᠨ  ᠂  ᠬᠡᠤᠬᠡᠳ ᠲᠤ  ᠵᠢᠭᠠᠵᠤ  ᠰᠤᠷᠭᠠᠭᠰᠠᠨ  ᠵᠢᠷ ᠤᠨ ᠨᠢᠬᠡᠨ ᠪᠠᠭᠰᠢ ᠶᠢᠨ ᠬᠤᠪᠢ ᠪᠠᠷ ᠡᠷᠬᠢᠮ ᠤᠯᠠᠨ  ᠬᠡᠷ ᠤᠨ  ᠠᠬᠠᠮᠠᠳ ᠲᠠᠢ ᠪᠠᠨ  ᠡᠷᠢᠶᠡᠯᠡᠯ  ᠦᠬᠡᠢ  ᠰᠡᠳᠬᠢᠯ ᠤᠨ  ᠦᠬᠡ ᠪᠠᠨ ᠵᠦᠪᠳᠡᠯᠴᠡᠶ᠎ᠠ  ᠃                     ᠤᠳᠤᠬᠠᠨ ᠤ ᠮᠤᠩᠭᠤᠯ ᠬᠡᠤᠬᠡᠳ ᠬᠢᠳᠠᠳ ᠬᠡᠯᠡ ᠶᠢ ᠬᠦᠴᠦ ᠤᠷᠤᠬᠤ ᠦᠬᠡᠢ ᠠᠪ ᠠᠮᠠᠷᠬᠠᠨ ᠰᠤᠷᠴᠤ  ᠂  ᠲᠦᠷᠦᠯᠬᠢ ᠬᠡᠯᠡ ᠪᠠᠨ ᠰᠤᠷᠬᠤ ᠳᠤ ᠬᠠᠷᠢ ᠬᠡᠯᠡ ᠶᠢ ᠰᠤᠷᠴᠤ ᠪᠠᠶᠢᠭ᠎ᠠ ᠰᠢᠭ᠋ ᠬᠦᠴᠢᠷ ᠳᠦᠪᠡᠭ ᠲᠠᠢ  ᠪᠤᠯᠳᠠᠭ ᠤᠨ  ᠦᠨᠳᠦᠰᠦ  ᠰᠢᠯᠳᠠᠭᠠᠨ ᠢ ᠨᠠᠷᠢᠨ ᠰᠤᠳᠤᠯᠤᠭᠤᠰᠢᠳᠡᠢ ᠪᠠᠶᠢᠨ᠎ᠠ  ᠃ ᠳᠠᠩ ᠭᠠᠭᠴᠠ ᠬᠡᠤᠬᠡᠳ ᠨᠢ ᠮᠤᠩᠭᠤᠯ  ᠬᠡᠯᠡ ᠪᠠᠨ  ᠰᠠᠶᠢᠨ  ᠰᠤᠷᠬᠤ  ᠦᠬᠡᠢ  ᠪᠤᠯᠪᠠᠯ ᠪᠠᠭᠰᠢ ᠶᠢᠨ ᠤᠴᠢᠷ  ᠂ ᠪᠠᠭᠰᠢ ᠰᠠᠶᠢᠨ ᠵᠢᠭᠠᠭᠰᠠᠨ ᠦᠬᠡᠢ  ᠂ ᠪᠠᠭᠰᠢ ᠶᠢᠨ  ᠡᠷᠳᠡᠮ  ᠴᠢᠳᠠᠪᠤᠷᠢ  ᠳᠤᠷᠤᠢ  ᠬᠡᠬᠦ  ᠮᠡᠳᠦ  ᠠᠷᠪᠢᠨ ᠵᠦᠢᠯ ᠤᠨ ︽ᠶᠠᠯ᠎ᠠ︾ ᠶᠢ ᠪᠠᠭᠰᠢ ᠳᠤ ᠨᠦᠮᠦᠷᠦᠬᠦᠯᠵᠤ  ᠂ ᠭᠬᠢᠷ  ᠦᠬᠡᠢ  ᠴᠠᠶᠢᠯᠭᠠᠨ  ᠦᠭᠬᠢᠶᠡᠮᠤᠷᠴᠢ  ᠰᠡᠳᠬᠢᠯ ᠲᠠᠢ  ᠬᠦᠮᠦᠰ ᠢ ᠭᠤᠮᠤᠳᠠᠭᠠᠬᠤ ᠨᠢ ᠭᠤᠤᠯᠴᠢ ᠪᠤᠰᠣ ᠦᠵᠡᠯᠳᠡ ᠬᠡᠵᠤ ᠦᠵᠡᠵᠤ ᠪᠤᠢ  ᠃                     ᠦᠩᠬᠡᠷᠡᠭᠰᠡᠨ ᠪᠤᠯᠤᠨ ᠤᠳᠤ ᠶᠢᠨ ᠦᠰᠪᠤᠷᠢ ᠶᠢᠨ ᠤᠷᠴᠢᠨ ᠳᠤᠭᠤᠷᠢᠨ ᠤ ᠬᠤᠪᠢᠷᠠᠯᠳᠠ  ᠴᠤᠬᠤᠮ  ᠶᠠᠮᠠᠷ  ᠪᠠᠶᠢᠨ᠎ᠠ ᠬᠡᠳᠡᠭ ᠲᠤ ᠠᠩᠬᠠᠷᠤᠯ ᠳᠠᠯᠪᠢᠬᠤ ᠬᠡᠷᠡᠭᠳᠡᠢ  ᠃ ᠤᠳᠤ ᠶᠢᠨ ᠬᠡᠤᠬᠡᠳ ᠠᠷᠪᠠᠨ ᠬᠡᠳᠤ ᠬᠦᠷᠴᠢᠬᠡᠬᠡᠳ  ᠵᠡᠬᠦᠨ  ᠂  ᠪᠠᠷᠠᠭᠤᠨ  ᠵᠦᠭ ᠴᠢᠭᠯᠡᠯ ᠢ ᠢᠯᠭᠠᠬᠤ ᠦᠬᠡᠢ  ᠂ ᠵᠦᠪᠬᠡᠨ ᠵᠡᠬᠦᠨ  ᠂ ᠪᠠᠷᠠᠭᠤᠨ ᠮᠦᠷᠦ ᠪᠠᠨ ᠳᠠᠭᠠᠵᠤ ᠡᠷᠬᠢᠬᠦ ᠶᠢ ᠯᠠ ᠮᠡᠳᠡᠨ᠎ᠡ  ᠃ ᠮᠠᠨᠤᠰ  ᠲᠦᠩᠬᠡᠵᠤ ᠦᠬᠡ ᠮᠡᠳᠡᠭᠰᠡᠨ ᠴᠠᠭ ᠠᠴᠠ ᠪᠠᠨ ᠬᠤᠶᠢᠳᠤ ᠤᠷᠤᠢ ᠳᠤ ᠭᠠᠷᠤᠨ ᠬᠤᠯᠠ ᠶᠢ ᠪᠠᠷᠠᠯᠠᠬᠤ  ᠂  ᠪᠠᠷᠠᠭᠤᠨ  ᠲᠦᠬᠦᠮ ᠳᠤ  ᠤᠴᠢᠵᠤ ᠳᠠᠭᠠᠨ᠎ᠠ ᠳᠡᠬᠦᠬᠦ  ᠂ ᠡᠮᠦᠨ᠎ᠡ ᠳᠠᠯ᠎ᠠ ᠳᠤ ᠢᠰᠢᠬᠡ ᠬᠤᠷᠠᠭ᠎ᠠ ᠪᠠᠨ ᠪᠡᠯᠴᠢᠬᠡᠬᠦ  ᠂ ᠵᠡᠬᠦᠨ ᠳᠤᠪᠤᠴᠠᠭ ᠳᠡᠬᠡᠷ᠎ᠡ ᠭᠠᠷᠴᠤ ᠮᠠᠯ ᠢᠶᠠᠨ ᠬᠠᠷᠠᠬᠤ ᠵᠡᠷᠬᠡ ᠠᠵᠢᠯ ᠢ ᠡᠳᠤᠷ ᠤᠨ ᠬᠡᠳᠤ ᠤᠳᠠᠭ᠎ᠠ ᠪᠡᠶᠡᠯᠡᠬᠦᠯᠳᠡᠭ ᠪᠤᠯᠬᠤᠷ ᠶᠠᠭᠤᠨ ᠠᠨᠳᠠᠬᠤ ᠪᠢᠯᠡ  ︖  ᠡᠳᠤᠬᠡ ᠶᠢᠨ  ᠬᠡᠤᠬᠡᠳ ᠤᠨ ᠤᠯᠠᠩᠬᠢ ᠨᠢ ᠬᠤᠳᠠ ᠳᠤ ᠦᠰᠦᠭᠰᠡᠨ ᠠᠴᠠ ᠳᠠᠪᠤᠨ ᠬᠤᠰᠢᠭᠤ ᠮᠠᠯ ᠢᠶᠠᠨ ᠢᠯᠭᠠᠵᠤ ᠳᠠᠨᠢᠬᠤ  ᠦᠬᠡᠢ  ᠪᠠᠶᠢᠳᠠᠭ  ᠃  ᠵᠠᠷᠢᠮ ᠨᠢ ᠬᠡᠳᠦ᠋ᠢᠪᠠᠷ ᠬᠦᠳᠡᠭᠡ ᠳᠤ ᠲᠦᠷᠦᠵᠤ ᠦᠰᠦᠭᠰᠡᠨ ᠪᠤᠯᠪᠠᠴᠤ ᠮᠠᠯ ᠲᠠᠢ ᠰᠠᠶᠢᠨ ᠤᠶᠢᠷᠠᠳᠬᠤ ᠦᠬᠡᠢ ᠪᠤᠯᠤᠭᠠᠳ ᠮᠠᠯ ᠤᠨ  ᠳᠤᠬᠠᠢ ᠶᠠᠭᠤ ᠴᠤ ᠮᠡᠳᠡᠳᠡᠭ ᠦᠬᠡᠢ  ᠃ ᠪᠠᠰᠠ ᠳᠡᠷᠡ ᠦᠶᠡᠰ ᠤᠨ ᠬᠡᠤᠬᠡᠳ ᠠᠷᠪᠠ ᠪᠤᠶᠤ ᠠᠷᠪᠠᠨ ᠬᠡᠳᠤ  ᠬᠦᠷᠦᠬᠡᠳ  ᠰᠤᠷᠭᠠᠭᠤᠯᠢ ᠳᠤ ᠰᠠᠭᠤᠵᠤ ᠪᠠᠶᠢᠭᠰᠠᠨ ᠳᠤᠯᠠ  ᠮᠠᠯᠵᠢᠬᠤ  ᠠᠮᠢᠳᠤᠷᠠᠯ ᠲᠠᠢ  ᠦᠢᠷᠠᠳᠬᠤ  ᠴᠠᠭ ᠨᠢ  ᠤᠷᠳᠤ  ᠪᠠᠶᠢᠵᠠᠢ  ᠃  ᠤᠳᠤ  ᠪᠤᠯᠬᠤ ᠳᠤ ᠲᠦᠩᠬᠡᠬᠡᠳ ᠠᠯᠠ ᠲᠠᠢ ᠦᠮᠦᠳᠤ ᠠᠴᠠ ᠪᠠᠨ ᠴᠢᠯᠦᠬᠡᠯᠡᠭᠳᠡᠵᠤ ᠦᠬᠡ ᠬᠡᠯᠡ ᠬᠡᠯᠡᠵᠤ  ᠰᠤᠷᠴᠤ  ᠴᠢᠳᠠᠬᠤ ᠳᠤ  ᠰᠤᠷᠭᠠᠭᠤᠯᠢ ᠶᠢᠨ ᠨᠠᠰᠤᠨ ᠠᠴᠠ ᠡᠮᠦᠨᠡᠬᠢ ᠬᠦᠮᠦᠵᠢᠯ ᠢ ᠬᠦᠷᠳᠡᠵᠤ ᠶᠠᠭᠠᠷᠠᠳᠠᠭ ᠪᠤᠯᠤᠭᠰᠠᠨ ᠠᠴᠠ ᠬᠠᠮᠢᠭ᠎ᠠ ᠠᠴᠠ ᠬᠦᠳᠡᠭᠡ ᠶᠢᠨ ᠪᠤᠷᠤ ᠠᠮᠢᠳᠤᠷᠠᠯ ᠳᠤ ᠳᠠᠰᠬᠤ ᠨᠦᠬᠦᠴᠡᠯ ᠪᠠᠶᠢᠬᠤ ᠳ᠋ᠠ  ︖  ᠳᠠᠬᠢᠭᠠᠳ  ᠬᠡᠯᠡᠪᠡᠯ  ᠤᠳᠤ ᠶᠢᠨ  ᠬᠡᠤᠬᠡᠳ ᠤᠳ  ᠮᠤᠷᠢ  ᠠᠷᠭᠠᠮᠵᠢᠯᠠᠬᠤ  ᠂  ᠳᠡᠮᠡᠭᠡ ᠪᠤᠷᠠᠨᠳᠠᠭᠯᠠᠬᠤ  ᠂ ᠳᠤᠭᠤᠯ ᠤᠨ ᠵᠠᠯ᠎ᠠ ᠳᠠᠳᠠᠵᠤ ᠦᠨᠢᠶ᠎ᠠ ᠰᠠᠭᠠᠬᠤ  ᠂ ᠢᠰᠢᠬᠡ ᠬᠤᠷᠠᠭ᠎ᠠ ᠬᠦᠩᠬᠡᠯᠡᠬᠦ  ᠂ ᠠᠮᠤ ᠨᠦᠳᠦᠬᠦ  ᠪᠠ  ᠠᠶᠢᠷᠠᠭ ᠪᠦᠯᠢᠬᠦ ᠮᠡᠳᠤ ᠶᠢᠨ ᠦᠢᠯᠡ ᠶᠢ ᠬᠢᠵᠤ ᠦᠩᠬᠡᠷᠡᠬᠡᠭᠰᠡᠨ  ᠦᠬᠡᠢ  ᠮᠦᠷᠳᠡᠬᠡᠨ  ᠤᠯᠵᠤ  ᠦᠵᠡᠭᠰᠡᠨ  ᠦᠬᠡᠢ ᠨᠢ  ᠴᠤ  ᠠᠷᠪᠢᠨ ᠪᠠᠶᠢᠬᠤ ᠪᠠᠷ ᠪᠠᠷᠠᠬᠤ ᠦᠬᠡᠢ ᠳᠡᠪᠢᠬᠦᠷ ᠡᠯᠬᠡᠭ  ᠂ ᠴᠢᠳᠦᠷ ᠳᠤᠱᠠ  ᠂  ᠡᠮᠡᠬᠡᠯ  ᠳᠤᠬᠤᠮ  ᠂  ᠤᠭᠤᠷ  ᠮᠠᠨᠴᠤ  ᠵᠡᠷᠬᠡ ᠶᠢᠨ  ᠨᠡᠷ᠎ᠡ ᠳᠤᠮᠢᠶ᠎ᠠ ᠶᠢ ᠢᠯᠭᠠᠵᠤ ᠬᠡᠷᠡᠭᠯᠡᠵᠤ ᠴᠢᠳᠠᠬᠤ ᠬᠡᠤᠬᠡᠳ ᠬᠡᠳᠤ ᠪᠠᠶᠢᠬᠤ ᠪᠤᠢ  ︖ ᠵᠦᠪᠬᠡᠨ ᠪᠠᠭᠰᠢ ᠶᠢᠨ ᠵᠢᠭᠠᠭᠰᠠᠨ ᠢ ᠦᠬᠦᠮᠡᠯ ᠢᠶᠠᠷ ᠴᠡᠬᠡᠵᠢᠯᠡᠵᠤ  ᠬᠡᠶᠢᠰᠪᠤᠷᠢ  ᠤᠬᠠᠭᠳᠠᠬᠤᠨ ᠲᠠᠢ  ᠪᠤᠯᠬᠤᠷ  ᠮᠠᠷᠳᠠᠵᠤ  ᠬᠠᠶᠠᠬᠤ ᠨᠢ  ᠡᠩ ᠤᠨ  ᠤᠴᠢᠷ  ᠪᠤᠯᠵᠠᠢ  ᠃   ᠡᠳᠡᠬᠡᠷ ᠰᠢᠯᠳᠠᠭᠠᠨ ᠠᠴᠠ  ᠪᠤᠯᠤᠭᠠᠳ  ᠮᠤᠩᠭᠤᠯ  ᠬᠡᠯᠡ ᠶᠢ  ᠰᠤᠷᠬᠤ ᠳᠤ  ᠮᠠᠰᠢ  ᠬᠦᠴᠢᠷᠳᠡᠳᠡᠭ  ᠪᠤᠯᠤᠭᠰᠠᠨ ᠢ  ᠬᠡᠷ ᠤᠨ  ᠠᠬᠠᠮᠠᠳ ᠪᠤᠯᠤᠭᠰᠠᠳ ᠵᠦᠪ ᠢᠶᠠᠷ ᠦᠢᠯᠠᠭᠠᠬᠤ ᠪᠤᠯᠪᠠ ᠤᠤ  ︖ ᠨᠡᠶᠢᠬᠡᠮ ᠤᠨ ᠤᠯᠠᠨ  ᠰᠢᠯᠳᠠᠭᠠᠨ ᠠᠴᠠ  ᠪᠤᠯᠤᠭᠠᠳ  ᠮᠤᠩᠭᠤᠯ  ᠶᠤᠰᠤ ᠵᠠᠩᠰᠢᠯ  ᠂ ᠦᠬᠡ ᠬᠡᠯᠡ  ᠂ ᠠᠮᠢᠳᠤᠷᠠᠯ ᠤᠨ ᠵᠠᠩ ᠳᠠᠳᠬᠠᠯ ᠠᠴᠠ ᠬᠡᠬᠡᠭᠳᠡᠨ ᠬᠠᠶᠠᠭᠳᠠᠭᠰᠠᠨ ᠵᠦᠢᠯᠡᠰ  ᠠᠷᠪᠢᠨ  ᠪᠤᠢ  ᠃  ᠡᠬᠦᠨ ᠢ ᠡᠷᠳᠡᠬᠡᠨ  ᠠᠪᠤᠷᠠᠵᠤ  ᠳᠡᠩᠬᠡᠷᠡᠬᠦᠯᠬᠦ ᠶᠢᠨ  ᠬᠠᠮᠳᠤ  ᠦᠶ᠎ᠡ  ᠦᠶ᠎ᠡ ᠪᠠᠷ ᠢᠶᠠᠨ   ᠤᠯᠠᠮᠵᠢᠯᠠᠨ   ᠵᠠᠯᠭᠠᠮᠵᠢᠯᠠᠵᠤ    ᠂   ᠮᠤᠷᠢᠳᠠᠨ ᠦᠨᠳᠦᠰᠦᠳᠡᠨ ᠤ ᠬᠡᠶᠢᠮᠤᠷᠢ ᠰᠦᠯᠳᠡ ᠶᠢ ᠮᠠᠨᠳᠤᠭᠤᠯᠵᠤ  ᠶᠠᠪᠤᠬᠤ ᠨᠢ  ᠴᠢ  ᠪᠢᠳᠡᠨ ᠤ  ᠬᠠᠮᠳᠤ ᠶᠢᠨ  ᠴᠢᠷᠮᠠᠶᠢᠯᠭ᠎ᠠ  ᠂  ᠬᠦᠰᠡᠯ ᠵᠤᠷᠢᠯᠳᠠ ᠪᠤᠯᠬᠤ ᠶᠤᠮ  ᠃                        ᠬᠤᠶᠢᠰᠢᠳᠡ  ᠬᠡᠷ ᠤᠨ  ᠠᠬᠠᠮᠠᠳ  ᠪᠤᠯᠤᠭᠰᠠᠳ  ᠬᠡᠤᠬᠡᠳ ᠢᠶᠠᠨ  ᠠᠮᠠᠷᠠᠯᠳᠠ ᠶᠢᠨ   ᠬᠤᠭᠤᠴᠠᠭᠠᠨ ᠳᠤ   ᠮᠠᠯᠵᠢᠬᠤ ᠠᠮᠢᠳᠤᠷᠠᠯ ᠲᠠᠢ ᠢᠯᠡᠬᠦᠬᠡᠨ ᠦᠢᠷᠠᠳᠤᠭᠤᠯᠵᠤ  ᠂ ᠮᠤᠩᠭᠤᠯ  ᠠᠮᠢᠳᠤᠷᠠᠯ ᠢ  ᠦᠢᠯᠠᠭᠠᠵᠤ  ᠂  ᠰᠤᠷᠴᠤ  ᠂  ᠳᠤᠰ  ᠪᠡᠶ᠎ᠠ ᠪᠠᠷ ᠢᠶᠠᠨ ᠦᠩᠬᠡᠷᠡᠬᠡᠬᠦ ᠳᠤ ᠬᠦᠷᠪᠡᠯ ᠯᠠᠪᠳᠠᠢ ᠬᠡᠯᠡ ᠰᠤᠶᠤᠯ ᠨᠢ ᠮᠡᠳᠡᠭᠳᠡᠬᠦ᠋ᠢᠴᠡ ᠳᠡᠬᠡᠭᠰᠢᠯᠡᠵᠤ  ᠂ ᠵᠤᠬᠢᠶᠠᠯ ᠪᠢᠴᠢᠭᠰᠡᠨ ᠴᠤ ᠬᠡᠢ ᠬᠤᠭᠤᠰᠤᠨ ᠶᠠᠭᠤᠮ᠎ᠠ ᠶᠢ ᠪᠢᠴᠢᠬᠦ ᠦᠬᠡᠢ  ᠂ ᠠᠮᠢᠳᠤᠷᠠᠯ ᠤᠨ  ᠪᠤᠳᠠᠳᠤ  ᠦᠩᠬᠡᠷᠡᠯᠳᠡ ᠲᠠᠢ  ᠂  ᠠᠭᠤᠯᠭ᠎ᠠ ᠶᠢ  ᠠᠮᠢᠳᠤᠯᠢᠭ  ᠳᠤᠰᠬᠠᠭᠰᠠᠨ  ᠂ ᠮᠤᠩᠭᠤᠯ ᠠᠮᠢᠳᠤᠷᠠᠯ ᠤᠨ ᠦᠨᠦᠷ ᠠᠮᠳᠠ ᠲᠠᠢ ᠭᠤᠶᠤ ᠰᠠᠶᠢᠬᠠᠨ ᠵᠤᠬᠢᠶᠠᠯ ᠢ ᠠᠪᠤᠨ ᠳᠤᠤᠷ᠎ᠠ ᠪᠠᠨ ᠪᠢᠴᠢᠵᠤ ᠴᠢᠳᠠᠬᠤ ᠮᠦᠷᠳᠡᠬᠡᠨ ᠦᠬᠡ ᠶᠠᠷᠢᠶ᠎ᠠ ᠲᠦᠪᠰᠢᠷᠡᠵᠤ  ᠂ ᠬᠡᠯᠡᠨ ᠦᠵᠦᠬᠦᠷ ᠬᠤᠷᠴᠠ ᠪᠤᠯᠵᠤ  ᠂ ᠮᠡᠳᠡᠯᠬᠡ ᠶᠢᠨ  ᠰᠠᠩ  ᠪᠠᠶᠠᠨ  ᠡᠯᠪᠡᠭ  ᠪᠤᠯᠵᠤ  ᠂  ᠡᠬᠡ ᠬᠡᠯᠡ ᠪᠠᠨ ᠰᠠᠶᠢᠨ ᠰᠤᠷᠴᠤ ᠴᠢᠳᠠᠨ᠎ᠠ  ᠬᠡᠳᠡᠭ ᠢ  ᠪᠢ  ᠪᠠᠳᠤ  ᠢᠳᠡᠬᠡᠵᠤ  ᠪᠠᠶᠢᠨ᠎ᠠ  ᠃  ︽ ᠳᠡᠮ  ᠳᠡᠮ ᠳᠤ ᠪᠠᠨ  ᠂  ᠳᠡᠬᠡᠰᠤ ᠡᠷᠴᠢᠮ ᠳᠤ ᠪᠠᠨ︾ ᠬᠡᠳᠡᠭ ᠢᠶᠠᠷ ᠬᠠᠮᠳᠤ ᠪᠠᠷ ᠴᠢᠷᠮᠠᠶᠢᠬᠤ ᠶᠢ ᠬᠦᠰᠡᠵᠤ ᠪᠠᠶᠢᠨ᠎ᠠ  ᠃                    
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备14003692号