ᠲᠣᠣᠷ ᠰᠦᠯᠵᠢᠶ᠎ᠡ ᠶᠢᠨ ᠰᠣᠶᠣᠯ ᠪᠣᠯ ᠢᠷᠡᠭᠡᠳᠣᠢ ᠶᠢᠨ ᠰᠢᠨ᠎ᠡ ᠪᠣᠯᠪᠠᠰᠣᠨ ᠤ ᠬᠢᠯᠪᠠᠭ᠎ᠠ
ᠨᠡᠶᠢᠲᠡᠯᠡᠭᠰᠡᠨ ᠴᠠᠭ᠄
2016/4/6
      ᠲᠣᠣᠷ ᠰᠦᠯᠵᠢᠶ᠎ᠡ ᠶᠢᠨ ᠰᠣᠶᠣᠯ ᠪᠣᠯ ᠢᠷᠡᠭᠡᠳᠣᠢ ᠶᠢᠨ ᠰᠢᠨ᠎ᠡ ᠪᠣᠯᠪᠠᠰᠣᠨ ᠤ ᠬᠢᠯᠪᠠᠭ᠎ᠠ                                                            ● ᠮᠠ ᠪᠦᠬᠡ      ᠨᠢᠬᠡᠨ ᠵᠣᠶᠢᠯ ᠤᠨ ᠰᠢᠨ᠎ᠡ ᠵᠣᠬᠢᠶᠠᠯ ᠤᠨ ᠲᠦᠷᠣᠯ ᠵᠠᠨᠠᠷ ᠪᠣᠢ ᠪᠣᠯᠬᠤ ᠨᠢ ᠰᠢᠨ᠎ᠡ ᠶᠢᠨ ᠨᠢᠬᠡᠨ ᠡᠭᠡᠯᠵᠢᠶᠡᠨ   ᠤ  ᠰᠢᠨ᠎ᠡ ᠬᠠᠭᠤᠴᠢᠨ ᠤ ᠵᠦᠷᠢᠴᠡᠯ ᠮᠦᠷᠬᠦᠯᠳᠣᠭᠡᠨ ᠢ ᠪᠣᠢ ᠪᠣᠯᠭᠠᠳᠠᠭ᠃ ᠲᠣᠬᠠᠶᠢᠯᠠᠪᠠᠯ ᠲᠠᠩ ᠤᠨ  ᠰᠢᠯᠣᠭ᠌  ᠪᠢᠴᠢᠳᠡᠭ   ᠨᠢ  ᠰᠦᠡᠭ   ᠤᠨ ᠲᠠᠭᠤᠯᠠᠯ ᠢ ᠭᠠᠳᠠᠭᠤᠷᠴᠢᠯᠠᠳᠠᠭ᠂ ᠰᠦᠡᠭ ᠤᠨ  ᠲᠠᠭᠤᠯᠠᠯ   ᠢ  ᠪᠢᠴᠢᠳᠡᠭ   ᠨᠢ  ᠶᠣᠸᠠᠨ   ᠤ  ᠵᠦᠴᠣᠭᠡ   ᠶᠢ  ᠭᠠᠳᠠᠭᠤᠷᠴᠢᠯᠠᠳᠠᠭ᠂ ᠨᠠᠶᠢᠷᠠᠭᠤᠯᠣᠯ ᠢ ᠪᠢᠴᠢᠳᠡᠭ ᠨᠢ ᠦᠬᠦᠯᠡᠯᠭᠡ ᠲᠣᠭᠤᠵᠢᠰ ᠪᠢᠴᠢᠳᠡᠭ ᠢ  ᠭᠠᠳᠠᠭᠤᠷᠴᠢᠯᠠᠳᠠᠭ᠂  ᠡᠷᠳᠡᠨ   ᠤ  ᠰᠢᠯᠣᠭ᠌  ᠲᠠᠭᠤᠯᠠᠯ   ᠢ ᠪᠢᠴᠢᠳᠡᠭ ᠨᠢ ᠣᠳᠣᠬᠢ ᠰᠢᠯᠣᠭ᠌ ᠲᠠᠭᠤᠯᠠᠯ ᠢ ᠭᠠᠳᠠᠭᠤᠷᠴᠢᠯᠠᠳᠠᠭ᠂ ᠡᠷᠳᠡᠨ   ᠤ  ᠰᠢ  ᠵᠦᠴᠣᠭᠡ   ᠶᠢ  ᠪᠢᠴᠢᠳᠡᠭ   ᠨᠢ  ᠣᠳᠣᠬᠢ ᠲᠧᠯᠸᠢᠰ ᠵᠦᠴᠣᠭᠡ ᠶᠢ ᠭᠠᠳᠠᠭᠤᠷᠴᠢᠯᠠᠳᠠᠭ᠂ ᠮᠣᠩᠭᠤᠯ ᠬᠡᠮᠵᠢᠶᠡᠳᠣ ᠰᠢᠯᠣᠭ᠌ ᠢ ᠪᠢᠴᠢᠳᠡᠭ ᠨᠢ ᠮᠣᠩᠭᠤᠯ ᠵᠠᠳᠠᠭᠠᠢ ᠪᠦᠳᠡᠬᠢ ᠰᠢᠯᠣᠭ᠌ ᠢ ᠭᠠᠳᠠᠭᠤᠷᠴᠢᠯᠠᠳᠠᠭ ᠪᠢᠯᠡ᠁᠃              ᠢᠨᠲ᠋ᠧᠷ ᠰᠦᠯᠵᠢᠶ᠎ᠡ᠂ ᠭᠠᠷ ᠣᠳᠠᠰᠣ ᠰᠢᠨ᠎ᠡ ᠵᠠᠭᠤᠴᠢᠯᠠᠭᠤᠷ ᠪᠣᠢ ᠪᠣᠯᠵᠣ ᠨᠢᠰᠬᠦ ᠮᠡᠳᠣ ᠬᠦᠭᠵᠢᠵᠣ ᠪᠠᠶᠢᠭ᠎ᠠ ᠦᠨᠣᠳᠣᠷ ᠰᠣᠶᠣᠯ ᠤᠨ ᠬᠡᠯᠪᠡᠷᠢ ᠲᠠᠰᠣᠷᠠᠯᠳᠠ ᠦᠬᠡᠢ ᠬᠤᠪᠢᠰᠣᠨ ᠣᠯᠠᠷᠢᠵᠣ ᠪᠠᠶᠢᠨ᠎ᠠ᠃ ᠪᠦᠷᠭᠡ᠂ ᠸᠧᠴᠡᠲ᠂ ᠪᠢᠴᠢᠯ ᠮᠡᠳᠡᠭᠡ ᠨᠢ  ᠣᠳᠣᠬᠢ ᠵᠠᠭᠤᠴᠢᠯᠠᠭᠤᠷ ᠢ ᠰᠢᠪᠠᠳᠠᠨ ᠲᠠᠰᠢᠭᠤᠷᠳᠠᠵᠣ ᠪᠠᠶᠢᠭ᠎ᠠ ᠨᠢᠬᠡ ᠵᠣᠶᠢᠯ ᠤᠨ ᠰᠢᠨ᠎ᠡ ᠬᠡᠯᠪᠡᠷᠢ ᠶᠢᠨ ᠲᠦᠷᠣᠯ ᠵᠠᠨᠠᠷ  ᠪᠣᠯᠵᠣ  ᠪᠠᠶᠢᠨ᠎ᠠ᠃ ᠣᠨᠴᠠᠭᠠᠶᠢᠯᠠᠨ ᠡᠯ᠎ᠡ ᠵᠣᠶᠢᠯ ᠤᠨ ᠣᠬᠤᠷ ᠵᠣᠶᠢᠯᠡᠰ ᠤᠨ ᠵᠣᠬᠢᠶᠠᠯ ᠤᠨ ᠲᠣᠪᠣᠶᠢᠭᠰᠠᠨ ᠣᠨᠴᠠᠯᠢᠭ ᠨᠢ ᠲᠦᠷᠭᠡᠨ ᠲᠡᠮᠵᠢᠭ᠌ᠳᠠᠬᠤ ᠳᠤ ᠲᠣᠬᠢᠷᠠᠨ᠎ᠠ᠂ ᠲᠣᠪᠴᠢ ᠲᠣᠳᠣᠷᠠᠭᠤᠨ ᠪᠦᠬᠡᠳ ᠲᠦᠷᠭᠡᠨ ᠬᠤᠷᠳᠣᠴᠡ ᠲᠠᠢ᠂  ᠴᠠᠭ  ᠲᠣᠬᠠᠢ   ᠳᠤ   ᠨᠢ  ᠪᠠᠶᠢᠳᠠᠯ   ᠢ  ᠲᠣᠰᠬᠠᠵᠣ ᠴᠢᠳᠠᠨ᠎ᠠ᠂ ᠰᠦᠪᠡᠭᠴᠢᠯᠡᠯ ᠬᠦᠨᠵᠡᠬᠡᠶᠢᠷᠡᠯ ᠲᠠᠢ᠂ ᠵᠢᠷᠤᠭ ᠲᠦᠷᠰᠣ ᠵᠢᠨ‌ᠬᠤᠣᠰᠯᠠᠯ ᠢᠶᠠᠷ ᠬᠠᠷᠠᠭᠠᠨ ᠤ ᠲᠠᠪᠳᠠᠴᠡ ᠶᠢ ᠪᠣᠢ  ᠪᠣᠯᠭᠠᠳᠠᠭ᠃ ᠸᠧᠴᠡᠲ᠂ ᠪᠢᠴᠢᠯ ᠮᠡᠳᠡᠭᠡ ᠨᠢ ᠣᠳᠣᠬᠢ ᠨᠡᠶᠢᠬᠡᠮ ᠪᠠ ᠬᠦᠮᠣᠨ ᠤ ᠰᠡᠳᠬᠢᠯ ᠢ ᠨᠦᠯᠣᠭᠡᠯᠡᠬᠦ ᠲᠠᠯ᠎ᠠ  ᠪᠠᠷ ᠣᠯᠠᠮᠵᠢᠯᠠᠯᠳᠣ ᠦᠬᠦᠯᠡᠯᠭᠡ ᠲᠣᠭᠤᠵᠢᠰ ᠪᠠ ᠨᠠᠶᠢᠷᠠᠭᠤᠯᠣᠯ ᠨᠠᠶᠢᠷᠠᠭᠯᠠᠯ ᠠᠴᠠ ᠲᠣᠩ ᠶᠡᠭᠡ ᠪᠠᠶᠢᠳᠠᠭ ᠪᠢᠯᠡ᠃ ᠣᠳᠣᠬᠢ  ᠪᠣᠳᠠᠳᠣ  ᠪᠠᠶᠢᠳᠠᠯ   ᠳᠤ᠂  ᠣᠯᠠᠩᠬᠢ ᠪᠢᠴᠢᠭ ᠤᠨ ᠬᠦᠮᠣᠨ ᠪᠡᠭᠡᠰ ᠤᠨ ᠡᠵᠡᠳ ᠡᠨᠡᠬᠦ ᠰᠢᠨ᠎ᠡ ᠪᠠᠷ ᠮᠠᠨᠳᠣᠨ ᠪᠣᠰᠴᠣ ᠪᠠᠶᠢᠭ᠎ᠠ  ᠰᠢᠨ᠎ᠡ  ᠬᠡᠯᠪᠡᠷᠢ   ᠶᠢᠨ  ᠠᠤᠭ᠎ᠠ  ᠶᠡᠭᠡ ᠰᠣᠶᠣᠯ ᠤᠨ ᠬᠡᠯᠪᠡᠷᠢ ᠶᠢ ᠡᠷᠬᠢᠮᠰᠣᠭ᠌ ᠲᠡᠭᠡᠳᠣ ᠲᠦᠪ ᠶᠠᠩᠪᠠᠯᠢᠭ  ᠰᠠᠶᠢᠬᠠᠨ  ᠭᠡᠪ  ᠵᠠᠭᠪᠣᠷ  ᠪᠣᠯᠬᠤ  ᠦᠬᠡᠢ  ᠬᠡᠮᠡᠨ  ᠦᠵᠡᠵᠣ ᠣᠳᠬ᠎ᠠ ᠵᠣᠬᠢᠶᠠᠯ ᠤᠨ ᠠᠷᠢᠭᠤᠨ ᠣᠷᠳᠣᠨ‌‍ᠳᠣ ᠲᠣᠬᠢᠷᠠᠯᠴᠠᠬᠤ ᠦᠬᠡᠢ ᠬᠡᠮᠡᠨ ᠦᠵᠡᠵᠣ ᠪᠠᠶᠢᠨ᠎ᠠ᠃ ᠦᠨᠡᠨᠳᠡᠬᠡᠨ ᠡᠨᠡᠬᠦ ᠶᠢᠷᠳᠢᠨᠴᠣ ᠲᠡᠭᠡᠷ᠎ᠡ ᠶᠠᠮᠠᠷ ᠨᠢᠬᠡᠨ ᠠᠷᠢᠭᠤᠨ ᠣᠷᠳᠣᠨ ᠭᠡᠵᠣ ᠪᠠᠶᠢᠳᠠᠭ ᠤᠤ︖ ᠮᠦᠡᠭᠭᠡ ᠣᠷᠣᠰᠢᠵᠣ ᠬᠡᠵᠢᠶᠡᠳᠡ ᠪᠠᠯᠠᠷᠠᠰᠢ ᠦᠬᠡᠢ  ᠶᠡᠭᠤᠮ᠎ᠠ ᠬᠡᠵᠣ ᠪᠠᠰᠠ ᠪᠠᠶᠢᠳᠠᠭ ᠤᠤ︖ ᠡᠨᠡ ᠠᠰᠠᠭᠤᠯᠳᠠ ᠳᠤ᠂ ᠨᠢᠬᠡ ᠵᠣᠶᠢᠯ   ᠤᠨ  ᠰᠣᠶᠣᠯ   ᠤᠨ  ᠣᠯᠠᠮᠵᠢᠯᠠᠭᠳᠠᠭᠠᠳ  ᠣᠳᠣ   ᠳᠤ ᠪᠣᠯᠳᠠᠯ᠎ᠠ ᠣᠷᠣᠰᠢᠵᠣ ᠪᠠᠶᠢᠭ᠎ᠠ ᠨᠢ ᠮᠠᠨ ᠤ ᠠᠮᠢ ᠨᠠᠰᠣ ᠬᠡᠳᠣᠷᠭᠡᠢ ᠣᠬᠤᠷ ᠪᠣᠯᠣᠭᠰᠠᠨ ᠠᠴᠠ ᠶᠣᠮ᠂ ᠮᠠᠨ ᠤ  ᠨᠢᠳᠣᠨ  ᠬᠠᠷᠠᠴᠡ ᠬᠡᠳᠣᠷᠭᠡᠢ ᠣᠬᠤᠷ ᠪᠣᠯᠣᠭᠰᠠᠨ ᠠᠴᠠ ᠶᠣᠮ᠂ ᠬᠡᠷᠪᠡ ᠵᠢᠭᠠᠬᠠᠨ ᠣᠷᠳᠣ ᠰᠢᠭ᠋ ᠪᠣᠯᠣᠭᠰᠠᠨ ᠪᠣᠯ ᠠᠯᠢᠪᠠ ᠪᠦᠬᠦᠨ ᠨᠢ  ᠴᠦᠮ  ᠴᠠᠭ ᠤᠨ ᠣᠷᠣᠰᠬᠠᠯ ᠤᠨ ᠰᠢᠯᠭᠠᠯᠳᠠ ᠶᠢ ᠬᠦᠯᠢᠶᠡᠳᠡᠭ ᠪᠢᠯᠡ ᠬᠡᠵᠣ ᠬᠠᠷᠢᠭᠤᠯᠳᠠ ᠦᠭᠬᠦ ᠯᠡ ᠶᠣᠰᠣᠳᠠᠢ᠃              ᠰᠣᠶᠣᠯ ᠨᠢ ᠴᠣᠬᠤᠮ ᠶᠠᠭᠤ ᠬᠢᠳᠡᠭ ᠶᠠᠭᠤᠮ᠎ᠠ ᠪᠣᠢ︖ ᠣᠷᠠᠨ ᠵᠣᠬᠢᠶᠠᠯ ᠤᠨ ᠬᠠᠮᠤᠭ ᠡᠴᠣᠰ ᠤᠨ ᠠᠴᠢ ᠬᠤᠯᠪᠣᠭᠳᠠᠯ ᠨᠢ ᠶᠠᠭᠤ ᠪᠣᠯᠬᠤ ᠪᠣᠢ︖ ᠲᠣᠮᠳᠠᠳᠣ ᠶᠢᠨ ᠬᠦᠮᠣᠰ ᠬᠡᠳᠣᠨ ᠮᠢᠩᠭᠠᠨ ᠵᠢᠯ ᠤᠨ ᠲᠦᠷᠪᠡᠨ ᠪᠢᠴᠢᠭ  ᠲᠠᠪᠣᠨ  ᠨᠣᠮ  ᠣᠡᠭᠰᠢᠵᠣ᠂ ᠮᠢᠩᠭᠠᠳ ᠵᠢᠯ ᠤᠨ ᠲᠠᠩ ᠤᠨ ᠰᠢᠯᠣᠭ᠌ ᠰᠦᠡᠭ ᠤᠨ ᠲᠠᠭᠤᠯᠠᠯ ᠢ ᠬᠡᠨᠭᠰᠢᠨ ᠴᠡᠭᠡᠵᠢᠯᠡᠵᠣ᠂ ᠬᠡᠳᠣᠨ ᠵᠠᠭᠤᠨ  ᠵᠢᠯ   ᠤᠨ  ᠲᠦᠷᠪᠡᠨ ᠠᠯᠳᠠᠷᠳᠣ ᠪᠦᠳᠣᠭᠡᠯ ᠢ ᠣᠡᠭᠰᠢᠵᠣ ᠢᠷᠡᠭᠰᠡᠨ ᠪᠠᠶᠢᠭᠠᠳ‌ᠣᠶᠣᠨ ᠰᠠᠨᠠᠭᠠᠨ ᠤ ᠦᠳᠣᠷᠴᠡ ᠳᠤ   ᠨᠢ  ᠶᠠᠮᠠᠷ  ᠰᠢᠣ  ᠬᠤᠪᠢᠷᠠᠯᠳᠠ ᠭᠠᠷᠣᠭᠰᠠᠨ ᠪᠣᠢ︖ ᠨᠠᠷᠢᠪᠴᠢᠯᠠᠵᠣ ᠦᠵᠡᠪᠡᠯ᠂ ᠮᠠᠨ ᠤ ᠣᠡᠭᠰᠢᠭᠠᠳ ᠢᠷᠡᠭᠰᠡᠨ ᠵᠠᠷᠢᠮ ᠦᠰᠣᠭ᠌ ᠪᠢᠴᠢᠭ ᠨᠢ ᠴᠣᠯᠭᠠᠢ  ᠦᠯᠢᠬᠡᠷ ᠬᠦᠣᠷᠨᠢᠵᠣ᠂ ᠵᠠᠷᠢᠮ ᠨᠢ ᠠᠭᠤᠷ ᠪᠣᠬᠢᠨᠢᠳᠣᠯ ᠰᠡᠳᠬᠢᠯᠬᠡ ᠪᠠᠨ ᠢᠯᠡᠷᠡᠬᠦᠯᠵᠣ᠂ ᠵᠠᠷᠢᠮ ᠨᠢ ᠡᠷᠭᠡ ᠮᠦᠡᠭᠬᠦ ᠳᠤ  ᠦᠢᠯᠡᠴᠢᠯᠡᠵᠣ᠂  ᠵᠠᠷᠢᠮ ᠨᠢ ᠬᠦᠮᠣᠨ ᠢ ᠮᠡᠭᠡᠯᠡᠵᠣ᠂ ᠵᠠᠷᠢᠮ ᠨᠢ ᠬᠦᠮᠣᠨ ᠤ ᠠᠮᠢᠳᠣᠷᠠᠯ ᠪᠣᠶᠣ ᠦᠪᠡᠷ ᠤᠨ ᠣᠷᠴᠢᠨ ᠠᠮᠢᠳᠣᠷᠠᠯ ᠢᠶᠠᠨ ᠡᠭᠳᠡᠬᠦᠴᠡᠵᠣ᠂  ᠵᠠᠷᠢᠮ ᠨᠢ ᠦᠨᠣᠷ ᠠᠮᠳᠠ ᠪᠠᠷ ᠨᠠᠭᠠᠳᠴᠣ᠂ ᠬᠠᠭᠤᠷᠮᠠᠭ ᠨᠢᠯᠪᠣᠰᠣ ᠭᠠᠰᠢᠭᠤᠨ ᠰᠡᠬᠦᠷᠡᠰᠣᠯᠡᠯ ᠪᠠᠷ ᠡᠩᠭᠡᠷ ᠢᠶᠠᠨ ᠲᠡᠪᠳᠡᠭᠡᠵᠣ ᠪᠣᠢ᠃ ᠲᠡᠳᠡᠨ ᠤ ᠣᠯᠠᠩᠬᠢ ᠨᠢ ᠣᠷᠢᠳᠠᠪᠡᠷ ᠦᠯᠢᠬᠡᠷ ᠤᠨ ᠦᠢᠯᠡ ᠶᠠᠪᠣᠳᠠᠯ   ᠢᠶᠠᠨ  ᠪᠠᠶᠢᠷᠢᠯᠠᠭᠤᠯᠵᠣ  ᠲᠠᠷᠠᠭ᠎ᠠ   ᠨᠢ  ᠨᠢᠬᠡᠨ  ᠵᠣᠷᠢᠯᠭ᠎ᠠ   ᠪᠠᠨ ᠢᠯᠡᠳᠭᠡᠵᠣ ᠡᠬᠦᠨ ᠤ ᠲᠠᠷᠠᠭ᠎ᠠ ᠨᠢ ᠨᠠᠶᠢᠷᠠᠭᠤᠯᠣᠨ ᠵᠣᠬᠢᠶᠠᠮᠵᠢᠯᠠᠵᠣ ᠲᠣᠭᠠᠴᠢᠨ ᠵᠢᠷᠣᠭᠯᠠᠵᠣ ᠰᠢᠬᠦᠮᠵᠢᠯᠡᠨ ᠦᠬᠦᠯᠡᠨ᠎ᠡ᠃              ᠲᠣᠣᠷ ᠰᠦᠯᠵᠢᠶᠡᠨ ᠤ ᠵᠣᠬᠢᠶᠠᠯ ᠢ ᠲᠣᠩᠭᠠᠵᠣ ᠦᠵᠡᠪᠡᠯ᠄ ᠲᠣᠣᠷ ᠰᠦᠯᠵᠢᠶᠡᠨ ᠤ ᠣᠬᠤᠷ ᠵᠣᠬᠢᠶᠠᠯ   ᠨᠢ  ᠢᠰᠬᠦᠯᠡᠩ ᠬᠤᠰᠢᠭᠤᠨ ᠨᠢ ᠪᠠᠭ᠎ᠠ ᠲᠣᠪᠴᠢ ᠣᠶᠢᠯᠠᠭᠠᠮᠵᠢᠲᠠᠢ ᠨᠢ ᠦᠯᠡᠮᠵᠢ᠂ ᠬᠤᠳᠠᠯ ᠬᠤᠭᠤᠰᠣᠨ ᠠᠶᠠᠰ ᠨᠢ ᠪᠠᠭ᠎ᠠ᠂  ᠬᠤᠷᠴᠡ  ᠶᠣᠵᠣᠳᠠᠢ ᠵᠢᠬᠡᠬᠦᠨ ᠰᠢᠷᠣᠬᠦᠨ ᠨᠢ ᠦᠯᠡᠮᠵᠢ᠂ ᠲᠠᠯᠳᠠ ᠲᠣᠭᠤᠷᠢᠭᠤ ᠨᠢ ᠪᠠᠭ᠎ᠠ᠂ᠰᠢᠭᠤᠳ ᠰᠡᠳᠣᠪ ᠲᠤ ᠪᠠᠨ ᠣᠷᠣᠬᠤ   ᠨᠢ  ᠦᠯᠡᠮᠵᠢ᠂  ᠬᠡᠢ ᠬᠠᠭᠤᠷᠮᠠᠭ ᠢᠶᠠᠷ ᠣᠪᠯᠠᠬᠤ ᠨᠢ ᠪᠠᠭ᠎ᠠ ᠦᠨᠡᠨ ᠪᠠᠶᠢᠳᠠᠯ ᠢ ᠢᠯᠡᠷᠡᠬᠦᠯᠬᠦ ᠨᠢ ᠦᠯᠡᠮᠵᠢ᠂ ᠵᠠᠭᠠᠨ ᠤ ᠰᠢᠳᠣ   ᠶᠢᠨ  ᠡᠷᠳᠡᠨᠢ  ᠰᠣᠪᠣᠷᠭ᠎ᠠ ᠪᠣᠰᠬᠠᠵᠣ ᠪᠠᠶᠢᠭ᠎ᠠ ᠨᠢ ᠪᠠᠭ᠎ᠠ ᠭᠠᠵᠠᠷ  ᠤᠨ ᠠᠭᠤᠷ ᠢ ᠵᠢᠬᠡᠯᠡᠵᠣ ᠪᠠᠶᠢᠭ᠎ᠠ ᠨᠢ ᠦᠯᠡᠮᠵᠢ  ᠪᠠᠶᠢᠳᠠᠭ᠃  ᠬᠤᠷᠢᠶᠠᠩᠭᠤᠶᠢᠯᠠᠪᠠᠯ᠂  ᠲᠣᠣᠷ ᠰᠦᠯᠵᠢᠶᠡᠨ ᠤ ᠦᠰᠣᠭ᠌ ᠪᠢᠴᠭ ᠨᠢ ᠲᠣᠮᠳᠠᠳᠣ ᠶᠢᠨ ᠦᠨᠳᠣᠰᠣᠳᠡᠨ ᠤ ᠪᠦᠬᠦᠶᠢᠯᠡ ᠴᠣᠭᠴᠠᠳᠣ  ᠬᠡᠪ  ᠴᠢᠨᠠᠷ   ᠢ  ᠬᠠᠷᠠᠭᠤᠯᠵᠣ ᠲᠣᠮᠳᠠᠳᠣ ᠶᠢᠨ ᠢᠷᠭᠡᠳ ᠢ ᠨᠦᠯᠣᠭᠡᠯᠡᠵᠣ ᠪᠠᠶᠢᠭ᠎ᠠ ᠨᠢ ᠣᠪ ᠣᠬᠤᠷᠬᠠᠨ ᠲᠠᠪᠣᠬᠠᠨ ᠵᠢᠯ ᠤᠨ ᠲᠣᠳᠣᠷ᠎ᠠ ᠬᠡᠳᠣᠨ  ᠵᠠᠭᠤᠨ  ᠵᠢᠯ ᠤᠨ ᠰᠣᠶᠣᠯ ᠤᠨ ᠰᠢᠮ᠎ᠡ ᠲᠡᠵᠢᠬᠡᠯ ᠠᠴᠠ ᠬᠤᠯᠠ ᠲᠠᠪᠠᠭᠠᠳ ᠰᠡᠴᠡᠨ ᠮᠡᠷᠭᠡᠨ ᠣᠶᠣᠨ ᠪᠢᠯᠢᠭᠳᠡᠳ ᠤᠨ ᠰᠣᠴᠢᠯ  ᠰᠡᠬᠦᠷᠰᠣᠯᠡᠯ   ᠢ ᠠᠪᠴᠢᠷᠠᠵᠣ ᠪᠣᠢ᠃ ᠶᠡᠷᠣᠳᠡ ᠣᠯᠠᠨ  ᠵᠢᠯ   ᠢᠶᠠᠷ  ᠨᠣᠮ  ᠦᠵᠡᠬᠦ  ᠦᠬᠡᠢ᠂  ᠰᠣᠨᠢᠨ  ᠣᠡᠭᠰᠢᠬᠤ  ᠦᠬᠡᠢ᠂  ᠰᠡᠳᠬᠢᠬᠦ  ᠦᠬᠡᠢ ᠪᠣᠳᠣᠯᠬᠢᠯᠠᠬᠤ ᠦᠬᠡᠢ ᠬᠦᠮᠣᠰ ᠠᠩᠬᠠᠳᠣᠭᠴᠢ ᠭᠠᠷ ᠣᠳᠠᠰᠣᠨ ᠤ ᠵᠣᠬᠢᠶᠠᠯ ᠢ  ᠣᠡᠭᠰᠢᠵᠣ᠂  ᠠᠩᠬᠠᠳᠣᠭᠴᠢ  ᠸᠧᠴᠡᠲ  ᠪᠢᠴᠢᠯ ᠮᠡᠳᠡᠭᠡ ᠰᠣᠨᠢᠷᠬᠠᠵᠣ᠂ ᠠᠩᠬᠠᠳᠣᠭᠴᠢ ᠦᠪᠡᠷ ᠤᠨ ᠰᠡᠵᠢᠭ ᠲᠠᠢ ᠠᠰᠠᠭᠤᠳᠠᠯ ᠢᠶᠠᠨ ᠲᠣᠷᠠᠳᠴᠣ᠂ ᠠᠩᠬᠠᠳᠣᠭᠴᠢ ᠨᠡᠶᠢᠬᠡᠮ᠂  ᠬᠦᠮᠣᠨ ᠤ ᠠᠮᠢᠳᠣᠷᠠᠯ᠂ ᠢᠷᠡᠭᠡᠳᠣᠢ ᠪᠠᠨ ᠪᠣᠳᠣᠯᠬᠢᠯᠠᠬᠤ ᠪᠣᠯᠪᠠ᠃             ᠣᠣᠯ ᠤᠨ ᠵᠦᠪᠯᠡᠯᠳᠣ ᠶᠢᠨ ᠶᠡᠭᠡ ᠵᠣᠬᠢᠶᠠᠯᠴᠢ ᠭᠤᠷᠺᠢ ᠶᠢᠨ ︽ᠰᠡᠯᠬᠢᠴᠢ ᠰᠢᠪᠠᠭᠤ︾ ᠬᠡᠳᠡᠭ  ᠵᠠᠳᠠᠭᠠᠢ  ᠰᠢᠯᠣᠭ᠌   ᠲᠤ᠂ ᠶᠡᠭᠡ ᠰᠢᠭᠤᠷᠭ᠎ᠠ ᠬᠦᠳᠡᠯᠬᠦ ᠠᠴᠠ ᠡᠮᠣᠨᠡᠬᠢ ᠲᠠᠩᠬᠢᠰ ᠲᠡᠯᠠᠢ᠂ ᠡᠬᠦᠯᠡᠰ᠂ ᠰᠡᠯᠬᠢᠴᠢ ᠰᠢᠪᠠᠭᠤ᠂ ᠠᠬᠤᠨ᠎ᠠ ᠰᠢᠪᠠᠭᠤ᠂ ᠲᠠᠷᠭᠤᠨ  ᠶᠠᠪᠠᠭᠠᠨ ᠭᠠᠯᠠᠭᠤ ᠶᠢᠨ ᠢᠯᠡᠷᠡᠯ ᠢ ᠪᠢᠴᠢᠭᠰᠡᠨ ᠨᠢ ᠴᠢᠪ ᠬᠡᠮᠡᠨ ᠲᠣᠣᠷ ᠰᠦᠯᠵᠢᠶ᠎ᠡ  ᠶᠢᠨ ᠲᠣᠮᠳᠠᠬᠢ ᠡᠯ᠎ᠡ ᠵᠣᠶᠢᠯ ᠤᠨ ᠬᠦᠮᠣᠰ ᠤᠨ  ᠢᠯᠡᠷᠡᠯ ᠲᠠᠢ ᠬᠡᠴᠢᠨᠡᠨ ᠲᠦᠰᠣᠭᠡᠳᠠᠢ ᠪᠣᠢ᠃ ᠶᠠᠪᠣᠬᠤ ᠲᠣᠳᠣᠮ ᠦᠷᠭᠡᠵᠢᠨ ᠲᠡᠯᠬᠡᠷᠡᠵᠣ  ᠲᠦᠬᠡᠮᠡᠯᠵᠢᠵᠣ᠂  ᠨᠦᠯᠣᠭᠡ  ᠲᠣᠰᠬᠠᠯ  ᠭᠠᠷᠭᠠᠵᠣ ᠪᠠᠶᠢᠭ᠎ᠠ ᠲᠣᠣᠷ ᠰᠦᠯᠵᠢᠶ᠎ᠡ ᠶᠢᠨ ᠰᠣᠶᠣᠯ ᠳᠤ ᠵᠠᠷᠢᠮ ᠬᠦᠮᠣᠨ ᠬᠡᠯᠡᠮᠡᠭᠳᠡᠨ ᠰᠣᠴᠢᠵᠣ ᠡᠮᠢᠶᠡᠵᠣ ᠪᠠᠶᠢᠨ᠎ᠠ᠂ ᠵᠠᠷᠢᠮ ᠬᠦᠮᠣᠨ  ᠡᠭᠡᠳᠡᠢ ᠪᠣᠣᠳᠠᠢ ᠪᠣᠯᠵᠣ ᠪᠠᠶᠢᠨ᠎ᠠ᠂ ᠵᠠᠷᠢᠮ ᠬᠦᠮᠣᠨ ᠡᠷᠢᠶᠡᠯᠵᠡᠵᠣ ᠪᠠᠶᠢᠨ᠎ᠠ᠂ ᠵᠠᠷᠢᠮ ᠬᠦᠮᠣᠨ ᠵᠡᠬᠦᠨᠰᠢ ᠪᠠᠷᠠᠭᠤᠨᠰᠢ ᠶᠢ   ᠨᠢ  ᠣᠯᠬᠤ  ᠦᠬᠡᠢ ᠪᠠᠶᠢᠨ᠎ᠠ᠃ ᠵᠢᠩᠬᠢᠨᠢ ᠬᠤᠷᠴᠠ ᠰᠡᠷᠭᠡᠭ ᠰᠣᠶᠣᠯ ᠤᠨ ᠬᠦᠮᠣᠰ ᠡᠨᠡᠬᠦ ᠠᠵᠠ ᠵᠠᠪᠰᠢᠶᠠᠨ ᠢ ᠨᠠᠨᠳᠢᠩᠨᠠᠵᠣ᠂ ᠶᠠᠩᠪᠠ  ᠪᠠᠨ ᠬᠠᠶᠠᠵᠣ᠂ ᠪᠢᠷ ᠢᠶᠠᠨ ᠬᠠᠶᠠᠵᠣ ᠭᠠᠷ ᠬᠤᠷᠴᠠᠯᠠᠨ ᠵᠣᠬᠢᠶᠠᠯ ᠪᠢᠴᠢᠵᠣ᠂ ᠲᠠᠩᠬᠢᠰ ᠲᠠᠯᠠᠢ ᠮᠡᠳᠣ ᠲᠦᠯᠬᠢᠯᠡᠨ ᠢᠷᠡᠵᠣ  ᠪᠠᠶᠢᠭ᠎ᠠ  ᠰᠣᠶᠣᠯ   ᠤᠨ  ᠶᠡᠭᠡ ᠰᠢᠭᠤᠷᠭ᠎ᠠ ᠶᠢᠨ ᠲᠣᠮᠳᠠ ᠶᠠᠪᠣᠵᠣ ᠪᠠᠶᠢᠨ᠎ᠠ᠃ ᠣᠴᠢᠷ ᠨᠢ ᠲᠡᠳᠡ ᠨᠡᠷ᠎ᠡ ᠠᠰᠢᠭ ᠤᠨ  ᠲᠦᠯᠣᠭᠡᠨ᠎ᠡ  ᠵᠣᠬᠢᠶᠠᠯ  ᠪᠢᠴᠢᠵᠣ  ᠦᠬᠡᠢ᠂ ᠬᠠᠷᠢᠨ ᠨᠢᠬᠡᠨ ᠰᠡᠭᠡᠭᠡᠳᠡᠳ ᠤᠨ ᠨᠢᠩᠵᠢᠨ ᠰᠡᠳᠬᠢᠯ  ᠢᠶᠠᠷ ᠵᠣᠬᠢᠶᠠᠯ ᠪᠢᠴᠢᠵᠣ ᠪᠠᠶᠢᠨ᠎ᠠ᠃           ᠣᠳᠬ᠎ᠠ ᠵᠣᠬᠢᠶᠠᠯ ᠤᠨ ᠬᠠᠮᠤᠭ ᠤᠨ ᠡᠴᠣᠰ ᠤᠨ ᠠᠴᠢ ᠬᠤᠯᠪᠣᠭᠳᠠᠯ ᠨᠢ ᠦᠪᠡᠷ ᠢ ᠣᠰᠠᠳᠬᠠᠬᠤ ᠶᠠᠪᠣᠳᠠᠯ ᠪᠣᠯᠣᠨ᠎ᠠ᠂ ᠦᠨᠡᠨ ᠶᠣᠰᠣ ᠪᠠ ᠦᠵᠡᠯ ᠰᠠᠨᠠᠭ᠎ᠠ ᠶᠢ ᠬᠦᠮᠣᠨ ᠲᠦᠷᠣᠯᠬᠢᠳᠡᠨ ᠤ ᠴᠢᠰᠣᠨ ᠰᠣᠳᠠᠯ ᠳᠤ ᠴᠣᠬᠢᠨ ᠣᠷᠣᠭᠤᠯᠵᠣ᠂ ᠬᠦᠮᠣᠨ ᠪᠦᠷᠢ ᠶᠢ ᠲᠣᠰᠠᠭᠠᠷ ᠲᠣᠭᠳᠠᠨᠢᠭᠰᠠᠨ  ᠬᠦᠮᠣᠨ  ᠠᠷᠠᠨᠰᠢᠨ  ᠪᠠ  ᠰᠡᠳᠬᠢᠨ  ᠪᠣᠳᠣᠯᠬᠢᠯᠠᠬᠤ  ᠨᠡᠬᠡᠮᠵᠢᠯᠡᠨ  ᠠᠰᠠᠭᠤᠬᠤ  ᠴᠢᠳᠠᠪᠣᠷᠢ   ᠶᠢ ᠪᠦᠷᠢᠯᠳᠣᠬᠦᠯᠬᠦ ᠶᠠᠪᠣᠳᠠᠯ ᠪᠣᠯᠣᠨ᠎ᠠ᠃ ᠬᠠᠷᠢᠨ ᠬᠦᠮᠣᠰ ᠢ ᠬᠡᠳᠣᠨ ᠵᠠᠭᠤᠨ ᠵᠢᠯ᠂ ᠴᠢᠨᠠᠭᠰᠢᠯᠠᠨ ᠬᠡᠳᠣᠨ ᠮᠢᠩᠭᠠᠨ ᠵᠢᠯ ᠦᠪᠡᠷ ᠢ ᠪᠠᠨ ᠮᠡᠳᠡᠬᠦᠯᠵᠣ᠂ ᠦᠪᠡᠷ ᠢ ᠪᠠᠨ ᠣᠡᠭᠰᠢᠭᠤᠯᠵᠣ᠂ ᠦᠪᠡᠷ ᠢ ᠪᠠᠨ ᠰᠢᠳᠣᠨ ᠪᠢᠰᠢᠷᠡᠬᠦᠯᠵᠣ᠂ ᠬᠦᠮᠣᠨ ᠲᠦᠷᠣᠯᠬᠢᠳᠡᠨ ᠢ  ᠬᠦᠯᠢᠶᠡᠰᠣᠯᠡᠬᠦ ᠪᠢᠰᠢ ᠶᠣᠮ᠃ ᠣᠳᠬ᠎ᠠ ᠵᠣᠬᠢᠶᠠᠯ ᠤᠨ ᠡᠬᠦᠳᠣᠨ ᠪᠦᠳᠣᠭᠡᠯᠳᠡ ᠶᠢᠨ ᠲᠦᠷᠢ ᠴᠣ᠋ ᠪᠣᠯᠤᠭ᠂ ᠰᠠᠨᠠᠭ᠎ᠠ ᠠᠬᠤᠢ ᠴᠣ᠋  ᠪᠣᠯᠤᠭ᠂  ᠰᠠᠨᠠᠭ᠎ᠠ ᠲᠦᠷᠬᠦ ᠴᠣ᠋ ᠪᠣᠯᠤᠭ᠂ ᠲᠠᠭᠤᠤ ᠠᠶᠢᠵᠠᠮ ᠴᠣ᠋ ᠪᠣᠯᠤᠭ᠂ ᠬᠠᠮᠤᠭ ᠡᠴᠣᠰ ᠲᠤ ᠨᠢᠬᠡ ᠵᠣᠶᠢᠯ ᠤᠨ ᠦᠵᠡᠯ ᠰᠠᠨᠠᠭ᠎ᠠ ᠶᠢ ᠪᠣᠢ  ᠪᠣᠯᠭᠠᠳᠠᠭ ᠲᠤ ᠣᠷᠣᠰᠢᠨ᠎ᠠ᠃ ᠡᠨᠡᠬᠦ ᠦᠵᠡᠯ ᠰᠠᠨᠠᠭ᠎ᠠ ᠶᠢ ᠬᠠᠮᠤᠭ ᠰᠡᠬᠦᠯ ᠳᠤ ᠬᠦᠮᠣᠰ ᠬᠦᠯᠢᠶᠡᠨ ᠠᠪᠣᠪᠠᠯ ᠰᠠᠶ᠋ᠢ ᠦᠨ᠎ᠡ ᠦᠷᠳᠡᠭ ᠪᠠ ᠠᠴᠢ ᠬᠤᠯᠪᠣᠭᠳᠠᠯ ᠲᠠᠢ ᠪᠠᠶᠢᠳᠠᠭ᠂ ᠬᠠᠷᠢᠨ ᠦᠨᠳᠣᠷ ᠲᠤ  ᠵᠠᠯᠠᠷᠠᠨ  ᠰᠠᠭᠤᠵᠣ  ᠨᠢᠭᠤᠴᠡ  ᠡᠴᠢᠨ᠎ᠡ  ᠪᠣᠯᠪᠠᠰᠣ  ᠨᠢᠬᠡᠨ  ᠵᠣᠶᠢᠯ   ᠤᠨ ᠬᠦᠶᠣᠭᠡᠨ ᠮᠡᠬᠦᠰ ᠪᠠᠶᠢᠳᠠᠭ ᠲᠤ  ᠣᠷᠣᠰᠢᠨ᠎ᠠ᠃  ᠯᠠᠷᠵᠠ  ᠶᠠᠩᠪᠠ   ᠪᠠᠨ  ᠲᠠᠶᠠᠭᠳᠠᠵᠣ  ᠡᠭᠡᠯ  ᠪᠣᠷᠣᠭᠵᠢᠭᠤᠨ  ᠬᠠᠮᠤᠭ   ᠤᠨ ᠣᠶᠢᠯᠠᠭᠠᠮᠵᠢᠲᠠᠢ ᠦᠰᠣᠭ᠌ ᠪᠢᠴᠢᠭ ᠢ ᠬᠡᠷᠡᠭᠯᠡᠵᠣ ᠦᠪᠡᠷ ᠤᠨ ᠦᠵᠡᠯ ᠰᠠᠨᠠᠭ᠎ᠠ ᠪᠠᠨ ᠢᠯᠡᠳᠭᠡᠵᠣ ᠪᠠᠶᠢᠶ᠎ᠠ᠂ ᠬᠦᠮᠣᠰ ᠲᠤ ᠶᠠᠭᠤ   ᠶᠢ ᠦᠪᠡᠷ ᠤᠨ ᠶᠣᠰᠣ ᠮᠣᠷᠠᠯ ᠭᠡᠬᠦ ᠪᠣᠢ᠂ ᠶᠠᠭᠤ ᠶᠢ ᠶᠢ ᠨᠡᠶᠢᠳᠡ ᠶᠢᠨ ᠶᠣᠰᠣ ᠮᠣᠷᠠᠯ ᠭᠡᠬᠦ ᠪᠣᠢ᠂ ᠶᠠᠭᠤ ᠶᠢ ᠢᠷᠡᠭᠡᠳᠣᠢ   ᠶᠢᠨ  ᠶᠣᠰᠣ ᠰᠣᠷᠳᠠᠬᠤᠨ ᠬᠡᠬᠦ᠂ ᠶᠠᠭᠤ ᠶᠢ ᠡᠷᠭᠡ ᠲᠡᠭᠰᠢ᠂ ᠡᠷᠭᠡ ᠴᠢᠯᠣᠭᠡ ᠲᠠᠢ᠂ ᠡᠪ ᠨᠠᠶᠢᠷᠠᠮᠳᠠᠯ᠂  ᠲᠦᠪ  ᠶᠣᠰᠣ᠂  ᠠᠷᠠᠳᠴᠢᠯᠠᠯ᠂  ᠪᠣᠯᠪᠠᠰᠣᠨ᠂ ᠲᠠᠪᠰᠢᠯᠳᠠ᠂ ᠬᠦᠮᠣᠨ ᠴᠢᠨᠠᠷ ᠵᠡᠷᠭᠡ ᠶᠢ ᠴᠢᠳᠠᠬᠤ ᠶᠢᠨ ᠴᠢᠨᠡᠭᠡ ᠪᠠᠷ ᠮᠡᠳᠡᠬᠦᠯᠣᠶ᠎ᠡ︕  
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备14003692号