ᠸᠢᠴᠠᠲ ᠲᠤ ᠤᠨᠠᠭᠰᠠᠨ ᠪᠢᠳᠠᠨ ᠤ ᠠᠮᠢᠳᠤᠷᠠᠯ
ᠨᠡᠶᠢᠲᠡᠯᠡᠭᠰᠡᠨ ᠴᠠᠭ᠄
2016/4/6
         ᠰᠢᠨ᠎ᠡ ᠮᠢᠩᠭᠠᠨ᠂ ᠰᠢᠨ᠎ᠡ ᠵᠠᠭᠤᠨ ᠤ ᠬᠦᠭᠵᠢᠯᠲᠡ ᠶᠢᠨ ᠪᠤᠷᠤ ᠬᠦᠷᠦᠰᠦ ᠶᠢ ᠭᠢᠰᠭᠢᠯᠡᠵᠤ ᠶᠠᠪᠤᠭ᠎ᠠ ᠤᠳᠤ ᠦᠶ᠎ᠡ   ᠶᠢᠨ ᠬᠦᠮᠦᠰ᠂ ᠠᠯᠢ ᠡᠰᠡᠭᠦᠯ᠎ᠡ ᠤᠳᠤ ᠦᠶ᠎ᠡ ᠶᠢᠨ ᠬᠦᠮᠦᠰ᠂ ᠠᠯᠢ ᠡᠰᠡᠭᠦᠯ᠎ᠡ ᠤᠶᠤᠲᠠᠨ   ᠤ  ᠡᠩᠨᠡᠭᠡᠨ   ᠳᠤ  ᠮᠦᠷᠦᠯᠡᠵᠤ  ᠶᠠᠪᠤᠭ᠎ᠠ ᠪᠢᠳᠠᠨ ᠤ ᠠᠮᠢᠳᠤᠷᠠᠯ ᠳᠤ ᠴᠠᠭ ᠢᠮᠠᠭᠲᠠ ᠦᠭᠡᠢ ᠱᠠᠭᠠᠷᠳᠠᠭᠳᠠᠬᠤ ᠪᠤᠳᠠᠰ ᠤᠨ ᠪᠠ ᠤᠶᠤᠨ ᠤ ᠬᠡᠷᠡᠭᠴᠡᠭᠡ ᠳᠤ ᠭᠠᠷ  ᠤᠲᠠᠰᠤ ᠲᠡᠷᠢᠭᠦᠨ ᠪᠠᠶᠢᠷᠠᠨ ᠳᠤ ᠤᠷᠤᠨ᠎ᠠ ᠬᠡᠬᠦ ᠳᠤ ᠠᠬᠠᠳᠠᠬᠤ ᠦᠭᠡᠢ  ᠶᠤᠮᠰᠢᠭ  ᠰᠠᠨᠠᠭᠳᠠᠭᠠᠳ  ᠪᠠᠶᠢᠨ᠎ᠠ︔  ᠲᠡᠭᠡᠬᠦ ᠮᠦᠷᠲᠡᠭᠡᠨ ᠭᠠᠷ ᠤᠲᠠᠰᠤᠨ ᠤ ᠬᠡᠷᠡᠭᠴᠡᠭᠡᠨ ᠳᠤᠲᠤᠷ᠎ᠠ ᠪᠠᠨ ᠸᠢᠴᠠᠲ ᠶᠢᠨ ᠬᠡᠷᠡᠭᠯᠡᠭᠡ ᠬᠠᠮᠤᠭ ᠠᠷᠪᠢᠨ ᠪᠠᠶᠢᠬᠤ ᠡ᠃              ᠬᠦᠮᠦᠨ ᠲᠦᠷᠦᠯᠬᠢᠲᠡᠨ ᠲᠡᠤᠬᠡᠨ ᠬᠦᠭᠵᠢᠯᠲᠡ ᠶᠢᠨ ᠶᠠᠪᠤᠴᠠ ᠳᠤᠮᠳᠠ ᠪᠠᠨ ᠠᠯᠢ ᠡᠷᠲᠡᠨ   ᠠᠴᠠ  ᠡᠳᠦᠭᠡ  ᠪᠤᠯᠲᠠᠯ᠎ᠠ ᠪᠤᠳᠠᠰ ᠤᠨ ᠬᠡᠷᠡᠭᠴᠡᠭᠡᠨ ᠠᠴᠠ ᠢᠯᠡᠭᠦᠦ ᠤᠶᠤᠨ ᠤ ᠶᠠᠮᠠᠷ ᠨᠢᠭᠡᠨ ᠬᠡᠷᠡᠭᠴᠡᠭᠡ ᠶᠢ ᠬᠦᠭᠡᠭᠡᠴᠡᠯᠳᠤᠵᠤ ᠵᠤᠷᠢᠭᠰᠠᠭᠠᠷ  ᠡᠳᠦᠭᠡ   ᠳᠤ ᠲᠤᠯᠤᠭᠰᠠᠨ ᠶᠤᠮ᠃ ᠡᠷᠲᠡᠨ ᠤ ᠨᠡᠶᠢᠬᠡᠮ ᠳᠤ ᠬᠦᠮᠦᠰ ᠪᠠᠶᠢᠭᠠᠯᠢ ᠨᠡᠶᠢᠬᠡᠮ ᠤᠨ ᠤᠯᠠᠩᠬᠢ ᠦᠵᠡᠭᠳᠡᠯ᠂ ᠬᠡᠷᠡᠭ  ᠪᠤᠳᠠᠰ   ᠢ ᠱᠠᠰᠢᠨ ᠰᠢᠲᠤᠯᠭᠡ᠂ ᠮᠤᠬᠤᠷ ᠪᠢᠰᠢᠷᠡᠯ ᠤᠨ ᠬᠠᠷᠠᠭᠠᠰᠤ ᠪᠠᠷ ᠶᠠᠭᠤᠮ᠎ᠠ  ᠶᠢ ᠤᠶᠢᠯᠠᠭᠠᠵᠤ᠂ ᠰᠡᠳᠬᠢᠯ ᠤᠶᠤᠨ ᠤ ᠲᠠᠶᠢᠳᠬᠤᠷᠠᠯ ᠵᠶ᠋ᠠᠨ‌ᠤᠯᠳᠠᠭ ᠪᠠᠶᠢᠭᠰᠠᠨ ᠠᠴᠠ ᠪᠠᠨ  ᠰᠢᠨᠵᠢᠯᠡᠬᠦ  ᠤᠬᠠᠭᠠᠨ  ᠮᠡᠷᠭᠡᠵᠢᠯ   ᠤᠨ  ᠲᠠᠰᠤᠷᠠᠯᠲᠠ  ᠦᠭᠡᠢ  ᠬᠦᠭᠵᠢᠯᠲᠡ   ᠠᠴᠠ  ᠪᠤᠯᠵᠤ  ᠭᠡᠭᠡᠷᠡᠯ ᠰᠡᠩᠬᠡᠬᠡᠷᠡᠯᠲᠡ ᠪᠠᠨ ᠤᠯᠵᠤ᠂ ᠠᠯᠢᠪᠠ  ᠦᠵᠡᠭᠳᠡᠯ   ᠢ  ᠰᠢᠨᠵᠢᠯᠡᠬᠦ  ᠤᠬᠠᠭᠠᠨᠴᠢ   ᠪᠠᠷ  ᠬᠠᠷᠠᠬᠤ  ᠪᠤᠯᠤᠭᠰᠠᠨ ᠪᠢᠯᠡ᠃ ᠨᠡᠶᠢᠬᠡᠮ ᠬᠦᠭᠵᠢᠯᠲᠡ  ᠶᠢᠨ ᠡᠶᠢᠮᠦᠷᠬᠦᠦ ᠠᠶᠠᠨᠳᠠᠭᠠᠨ ᠤ ᠵᠠᠮ ᠢᠶᠠᠷ ᠬᠤᠷᠢᠨ ᠨᠢᠭᠡᠳᠦᠭᠡᠷ ᠵᠠᠭᠤᠨ ᠤ ᠪᠤᠱᠤᠭ᠎ᠠ ᠶᠢ ᠳᠠᠪᠠᠭᠰᠠᠨ ᠠᠴᠠ ᠡᠬᠢᠯᠡᠨ ᠭᠠᠷ ᠤᠲᠠᠰᠤ ᠲᠦᠭᠡᠮᠡᠯ ᠠᠰᠢᠭᠯᠠᠭᠳᠠᠵᠤ ᠲᠡᠭᠦᠨ ᠳᠤᠮᠳᠠ ᠪᠠᠨ ᠸᠢᠴᠠᠲ ᠨᠡᠩ  ᠴᠦ  ᠦᠷᠭᠡᠨ  ᠬᠡᠷᠡᠭᠯᠡᠭᠳᠡᠵᠤ  ᠮᠡᠳᠡᠭᠡ  ᠵᠠᠩᠭᠢ ᠰᠤᠯᠢᠯᠴᠠᠬᠤ᠂ ᠬᠠᠷᠢᠯᠴᠠᠭ᠎ᠠ ᠠᠪᠬᠤ᠂ ᠲᠡᠭᠦᠨᠴᠢᠯᠡᠨ ᠸᠢᠴᠠᠲ ᠶᠢᠨ ᠴᠤᠮᠤᠷᠯᠢᠭ ᠲᠤ ᠭᠠᠷᠴᠤ ᠢᠳᠡᠭᠰᠡᠨ ᠤᠤᠭᠤᠭᠰᠠᠨ᠂ ᠦᠵᠡᠭᠰᠡᠨ ᠰᠤᠨᠤᠰᠤᠭᠰᠠᠨ᠂ ᠶᠠᠪᠤᠭᠰᠠᠨ ᠰᠠᠭᠤᠭᠰᠠᠨ ᠠᠯᠢ  ᠪᠦᠬᠦᠨ   ᠢᠶᠠᠨ  ᠳᠡᠯᠭᠡᠵᠤ ᠂  ᠭᠤᠮᠤᠳᠠᠯ  ᠪᠠᠶᠠᠷ᠂  ᠠᠭᠤᠷ  ᠬᠢᠯᠢᠩ᠂ ᠦᠵᠡᠯᠲᠡ ᠰᠡᠳᠬᠢᠯᠭᠡᠨ ᠤ ᠪᠦᠬᠦ ᠶᠠᠭᠤᠮ᠎ᠠ ᠪᠠᠨ ᠲᠤᠭᠠᠴᠢᠵᠤ ᠪᠠᠶᠢᠬᠤ ᠪᠤᠯᠤᠯ᠎ᠠ᠃ ᠢᠩᠬᠢᠵᠤ  ᠪᠤᠰᠤᠳ   ᠤᠨ  ᠨᠢᠳᠦᠨ   ᠳᠤ  ᠦᠪᠡᠷ   ᠤᠨ ᠠᠮᠢᠳᠤᠷᠠᠯ ᠢᠶᠠᠨ ᠢᠯᠡ ᠲᠤᠳᠤ ᠦᠵᠡᠭᠦᠯᠬᠦ  ᠨᠢ ᠦᠨᠡᠬᠡᠷ ᠲᠡᠶᠢᠮᠦ ᠰᠠᠶᠢᠬᠠᠨ ᠭᠡᠵᠤ ᠦᠦ︖ ᠡᠭᠦᠨ ᠠᠴᠠ ᠠᠰᠳᠠᠭᠠᠨ  ᠤᠷᠴᠢᠮᠬᠠᠨ ᠠᠴᠠ ᠸᠢᠴᠠᠲ ᠶᠢᠨ ᠠᠷᠠᠯᠵᠢᠶ᠎ᠠ ᠦᠷᠭᠡᠵᠢᠵᠤ᠂ ᠰᠤᠷᠠᠭ ᠵᠠᠩᠭᠢ᠂ ᠵᠠᠬ᠎ᠠ ᠳᠡᠯᠭᠡᠭᠦᠷ᠂ ᠲᠡᠤᠬᠡ ᠰᠤᠶᠤᠯ᠂ ᠦᠩᠭᠡᠷᠡᠭᠰᠡᠨ ᠢᠷᠡᠭᠡᠳᠦᠢ  ᠭᠡᠬᠦ ᠮᠡᠲᠦᠴᠢᠯᠡᠨ ᠠᠯᠢᠪᠠ ᠪᠠᠨ ᠪᠢᠳᠡ ᠭᠠᠷ ᠤᠲᠠᠰᠤᠨ ᠳᠤ ᠪᠠᠨ ᠠᠪᠴᠤ ᠶᠠᠪᠤᠵᠤ ᠪᠠᠶᠢᠭ᠎ᠠ ᠪᠢᠯᠡ᠃ ᠦᠨᠡᠨ ᠪᠤᠳᠠᠲᠠᠢ ᠢ ᠬᠡᠨ‌ᠡᠰᠡ ᠮᠡᠳᠡᠯ᠎ᠡ᠃              ᠨᠡᠭᠡᠷᠡᠨ᠂ ᠰᠢᠨᠵᠢᠯᠡᠭᠡ ᠮᠡᠷᠭᠡᠵᠢᠯ ᠤᠨ ᠬᠦᠭᠵᠢᠯᠲᠡ ᠭᠡᠵᠤ ᠢᠢᠮᠤ ᠰᠠᠶᠢᠬᠠᠨ ᠪᠠᠶᠢᠭ᠎ᠠ᠃ ᠵᠠᠬ᠎ᠠ ᠳᠤ ᠭᠠᠷᠴᠤ ᠪᠠᠷᠠᠭ᠎ᠠ ᠠᠪᠬᠤ ᠴᠢᠬᠤᠯᠠ ᠦᠭᠡᠢ᠂ ᠲᠧᠯᠸᠢᠰ ᠱᠠᠭᠠᠶᠢᠵᠤ ᠮᠡᠳᠡᠭᠡ ᠰᠤᠨᠤᠰᠬᠤ ᠬᠡᠷᠡᠭ ᠦᠭᠡᠢ᠂ ᠢᠳᠡᠵᠤ ᠤᠤᠭᠤᠬᠤ  ᠠᠴᠠ ᠡᠬᠢᠯᠡᠭᠡᠳ ᠰᠤᠷᠤᠯᠴᠠᠬᠤ ᠬᠦᠷᠲᠡᠯ᠎ᠡ ᠪᠠᠨ ᠪᠦᠬᠦ ᠶᠠᠭᠤᠮ᠎ᠠ ᠪᠠᠨ ᠪᠢᠳᠡ ᠭᠠᠭᠴᠠᠬᠠᠨ ᠭᠠᠷ ᠤᠲᠠᠰᠤ᠂ ᠸᠢᠴᠠᠲ  ᠪᠠᠷ ᠢᠶᠠᠨ ᠪᠡᠶᠡᠯᠡᠭᠦᠯᠵᠤ ᠪᠤᠯᠳᠠᠭ᠂ ᠡᠨᠡ ᠪᠦᠬᠦᠨ ᠢ ᠰᠠᠶᠢᠬᠠᠨ ᠢᠶᠠᠷ ᠬᠡᠯᠡᠪᠡᠯ ᠴᠠᠭ᠂ ᠵᠤᠭᠤᠰ ᠠᠷᠪᠢᠯᠠᠵᠤ ᠪᠠᠶᠢᠨ᠎ᠠ ᠭᠡᠵᠦ ᠬᠡᠯᠡᠵᠤ ᠪᠤᠯᠤᠨ᠎ᠠ᠃ ᠭᠡᠲᠡᠯ᠎ᠡ ᠨᠦᠭᠦᠭᠡ  ᠲᠠᠯ᠎ᠠ   ᠪᠠᠷ  ᠬᠡᠰᠡᠭ ᠶᠠᠭᠤᠮ᠎ᠠ ᠳᠤᠲᠠᠭᠲᠠᠭᠠᠳ ᠪᠠᠶᠢᠭ᠎ᠠ ᠪᠢᠰᠢ ᠤᠤ︖ ᠡᠨᠡ ᠨᠢ ᠪᠢᠳᠠᠨ ᠳᠤ᠂ ᠨᠡᠶᠢᠬᠡᠮ ᠳᠤ ᠮᠠᠰᠢ ᠳᠦᠭᠦᠮ ᠪᠤᠯᠤᠭᠰᠠᠨ ᠨᠢ ᠭᠠᠷᠴᠠᠭ᠎ᠠ ᠦᠭᠡᠢ ᠰᠠᠶᠢᠨ ᠲᠠᠯ᠎ᠠ ᠶᠤᠮ᠃ ᠭᠡᠪᠡᠴᠤ ᠨᠦᠭᠦᠭᠡ ᠲᠠᠯ᠎ᠠ ᠪᠠᠷ ᠰᠢᠨᠵᠢᠯᠡᠬᠦ ᠤᠬᠠᠭᠠᠨ ᠮᠡᠷᠭᠡᠵᠢᠯ ᠢᠶᠠᠷ ᠤᠶᠤᠨᠴᠢ ᠰᠡᠩᠬᠡᠬᠡᠷᠡᠯ ᠢ ᠤᠯᠬᠤ ᠭᠡᠵᠤ ᠵᠢᠳᠬᠦᠭᠡᠳ᠂ ᠬᠠᠭᠤᠴᠢᠨ ᠤ ᠰᠢᠲᠦᠯᠭᠡ᠂ ᠮᠤᠬᠤᠷ ᠪᠢᠰᠢᠷᠡᠯ ᠢ ᠨᠠᠵᠠᠭᠠᠢ ᠳᠤ ᠲᠤᠭᠠᠴᠢᠵᠤ  ᠲᠠᠶᠠᠭᠳᠠᠵᠤ  ᠪᠠᠶᠢᠭᠠᠳ  ᠤᠳᠤ ᠪᠤᠯᠬᠤ ᠳᠤ ᠡᠷᠭᠢᠭᠡᠳ ᠰᠢᠨᠵᠢᠯᠡᠬᠦ ᠤᠬᠠᠭᠠᠨ᠂ ᠮᠡᠷᠭᠡᠵᠢᠯ ᠤᠨ ᠭᠦᠨ ᠮᠤᠩᠬᠠᠷᠠᠯ ᠳᠤ ᠤᠷᠤᠭᠰᠠᠨ ᠭᠡᠯᠲᠡᠢ᠃  ᠪᠢᠳᠡ  ᠨᠢᠭᠡ  ᠴᠠᠭ᠂ ᠨᠢᠭᠡ ᠮᠦᠴᠡ ᠳᠤ ᠭᠠᠷ ᠤᠳᠠᠰᠤ ᠦᠭᠡᠢ᠂ ᠸᠢᠴᠠᠲ ᠪᠠᠨ ᠨᠡᠭᠡᠭᠡᠬᠦ ᠦᠭᠡᠢ ᠪᠠᠶᠢᠵᠤ ᠴᠢᠳᠠᠬᠤ ᠪᠠᠨ ᠪᠤᠯᠢᠯ᠎ᠠ᠃ ᠪᠢᠳᠠᠨ ᠤ  ᠤᠶᠤᠨ ᠲᠠᠷᠢᠬᠢ᠂ ᠦᠵᠡᠯ ᠪᠤᠳᠤᠯ ᠪᠦᠷ ᠸᠢᠴᠠᠲ ᠶᠢᠨ ᠵᠢᠵᠢᠭᠬᠡᠨ ᠴᠠᠭᠠᠷᠢᠭ  ᠠᠴᠠ ᠳᠠᠪᠠᠵᠤ  ᠳᠡᠶᠢᠯᠬᠦ   ᠪᠠᠨ  ᠪᠠᠶᠢᠯ᠎ᠠ᠃ ᠸᠢᠴᠠᠲ ᠪᠠᠶᠢᠬᠤ ᠦᠭᠡᠢ ᠦᠶ᠎ᠡ ᠳᠤ ᠰᠦᠨᠡᠰᠦ ᠪᠠᠨ ᠭᠡᠭᠡᠭᠰᠡᠨ ᠠᠳᠠᠯᠢ ᠡᠨᠡ ᠨᠢ ᠱᠠᠰᠢᠨ ᠤ ᠪᠢᠰᠢ ᠴᠦ ᠭᠡᠰᠡᠨ ᠰᠢᠨᠵᠢᠯᠡᠬᠦ ᠤᠬᠠᠭᠠᠨ   ᠤ  ᠮᠤᠬᠤᠷ ᠪᠢᠰᠢᠷᠡᠯ ᠳᠤ ᠠᠪᠲᠠᠭᠲᠠᠭᠰᠠᠨ ᠭᠡᠵᠦ ᠬᠡᠯᠡᠬᠦ ᠳᠤ ᠶᠠᠮᠠᠷ ᠴᠦ ᠪᠤᠷᠤᠭᠤ ᠦᠭᠡᠢ ᠶᠤᠮᠰᠢᠭ᠃ ᠡᠴᠢᠬᠡ ᠡᠬᠡ ᠦᠪᠡᠷ ᠤᠨ  ᠪᠡᠶ᠎ᠡ   ᠠᠴᠠ ᠪᠠᠨ ᠢᠯᠡᠭᠦᠦ ᠸᠢᠴᠠᠲ ᠢᠶᠠᠨ ᠠᠩᠬᠠᠷᠴᠤ ᠸᠢᠴᠠᠲ ᠲᠤ ᠪᠠᠨ ᠪᠠᠷᠢᠭᠳᠠᠵᠤ ᠶᠠᠪᠤᠭ᠎ᠠ ᠤᠳᠤ ᠦᠶ᠎ᠡ ᠶᠢᠨ ᠬᠦᠮᠦᠰ   ᠲᠤ  ᠰᠡᠭᠬᠡᠬᠡᠷᠡᠯ ᠭᠡᠳᠡᠭ ᠴᠢᠨᠢ ᠡᠭᠦᠨ ᠠᠴᠠ ᠪᠠᠨ ᠵᠠᠶᠢᠳᠠᠵᠤ᠂ ᠭᠠᠷᠴᠤ ᠴᠢᠳᠠᠬᠤ ᠳᠤ ᠪᠠᠶᠢᠭ᠎ᠠ ᠪᠢᠵᠡ᠃              ᠠᠷᠪᠠᠨ ᠨᠢᠢᠮᠠᠳᠤᠭᠠᠷ ᠵᠠᠭᠤᠨ ᠤ ᠰᠡᠭᠦᠯ  ᠬᠠᠭᠠᠰ   ᠠᠴᠠ  ᠡᠬᠢᠯᠡᠨ  ᠪᠦᠬᠦ  ᠨᠡᠶᠢᠬᠡᠮ᠂  ᠤᠯᠤᠰ  ᠳᠠᠶᠠᠭᠠᠷ  ᠰᠢᠨᠡᠴᠢᠯᠡᠯ᠂ ᠰᠡᠩᠬᠡᠬᠡᠷᠡᠯ ᠳᠤ ᠤᠷᠤᠶ᠎ᠠ ᠭᠡᠵᠤ ᠬᠦᠰᠡᠵᠤ ᠬᠦᠭᠡᠭᠡᠴᠡᠯᠳᠤᠵᠤ᠂ ᠰᠢᠨᠵᠢᠯᠡᠬᠦ ᠤᠬᠠᠭᠠᠨ ᠢ ᠳᠡᠭᠡᠳᠦᠯᠡᠵᠤ ᠪᠠᠶᠢᠭᠰᠠᠨ  ᠪᠤᠯ  ᠦᠨᠦᠳᠦᠷ ᠪᠤᠯᠬᠤ ᠳᠤ ᠠᠯᠲᠠ ᠮᠡᠲᠦ ᠴᠠᠭ ᠢ ᠮᠢᠨᠢ ᠭᠠᠵᠠᠷᠳᠠᠭᠤᠯᠵᠤ ᠪᠠᠶᠢᠳᠠᠭ ᠭᠠᠷ ᠤᠲᠠᠰᠤᠨ  ᠤ ᠸᠢᠴᠠᠲ ᠮᠡᠲᠦ ᠡᠯᠧᠭᠲᠷᠤᠨ ᠪᠤᠳᠠᠰ ᠤᠨ ᠮᠤᠩᠬᠠᠷᠠᠭᠤᠯᠤᠯ ᠠᠴᠠ ᠪᠠᠨ ᠭᠠᠷᠴᠤ ᠰᠡᠩᠬᠡᠬᠡᠷᠡᠯ ᠢᠶᠠᠨ ᠤᠯᠤᠮᠠᠷ ᠪᠠᠶᠢᠨ᠎ᠠ ᠭᠡᠵᠤ ᠤᠷᠢᠶᠠᠯᠠᠮᠠᠷ ᠪᠤᠳᠤᠭᠳᠠᠬᠤ ᠶᠤᠮ᠃              ᠸᠢᠴᠠᠲ ᠲᠤ ᠤᠨᠠᠭᠰᠠᠨ ᠪᠳᠠᠨ ᠤ ᠠᠮᠢᠳᠤᠷᠠᠯ᠂ ᠪᠠᠶᠠᠯᠢᠭ ᠠᠴᠠ ᠪᠠᠨ ᠢᠯᠡᠭᠦᠦ  ᠤᠶᠤᠲᠠᠨ   ᠤ  ᠭᠦᠨ  ᠨᠦᠬᠡᠨ   ᠳᠤ ᠤᠨᠠᠭᠰᠠᠨ ᠪᠠᠶᠢᠨ᠎ᠠ ᠭᠡᠵᠤ ᠦᠵᠡᠳᠡᠭ ᠢᠶᠠᠷ᠂ ᠡᠨᠡ ᠵᠠᠭᠤᠨ ᠳᠤ ᠪᠠᠰᠠ ᠰᠡᠩᠬᠡᠬᠡᠷᠡᠯ ᠰᠢᠨᠡᠴᠢᠯᠡᠯᠲᠡ ᠬᠡᠷᠡᠭᠲᠠᠢ ᠪᠠᠶᠢᠨ᠎ᠠ᠃  
 
ᠢᠷᠡᠯᠲᠡ᠄ ᠲᠤᠮᠳᠠᠳᠣ ᠣᠯᠣᠰ ᠤᠨ ᠮᠣᠩᠭᠤᠯ ᠷᠠᠳᠢᠣ᠋ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备14003692号