ᠰᠣᠷᠣᠯᠭ᠎ᠠ ᠶᠢ ᠬᠤᠪᠢ ᠪᠠᠷ ᠪᠠᠷᠢᠮᠵᠢᠶᠠᠯᠠᠬᠤ ᠨᠢ ᠬᠡᠦᠬᠡᠳ ᠲᠤ ᠠᠰᠢᠭ ᠦᠬᠡᠢ
ᠨᠡᠶᠢᠲᠡᠯᠡᠭᠰᠡᠨ ᠴᠠᠭ᠄
2016/4/6
     ᠮᠡᠨ ᠤ ᠵᠡᠷᠢᠮ ᠬᠡᠷ ᠤᠨ ᠠᠬᠠᠮᠠᠳ ᠨᠡᠷ ᠦᠷ᠎ᠡ ᠬᠡᠦᠬᠡᠳ ᠤᠨ ᠢᠶᠠᠨ  ᠰᠢᠯᠠᠭᠠᠯᠳᠡ ᠶᠢᠨ  ᠬᠤᠪᠢ ᠪᠠᠷ  ᠰᠣᠷᠣᠯᠭ᠎ᠠ ᠶᠢ ᠨᠢ ᠪᠠᠷᠢᠮᠵᠢᠶᠠᠯᠠᠬᠤ ᠦᠵᠡᠭᠳᠡᠯ ᠨᠡᠶᠢᠳᠡᠮ ᠤᠨ ᠴᠢᠨᠡᠷᠳᠠᠢ ᠤᠷᠤᠰᠢᠵᠦ ᠪᠠᠶᠢᠨ᠎ᠠ᠃ ᠪᠢᠳᠡ ᠬᠡᠷᠪᠡ ᠬᠡᠦᠬᠡᠳ ᠲᠡᠭᠡᠨ ᠢᠩᠬᠢᠵᠦ ᠬᠡᠳᠣᠷᠬᠡᠢ ᠦᠨᠳᠣᠷ ᠱᠠᠭᠠᠷᠳᠠᠯᠭ᠎ᠠ ᠳᠡᠯᠪᠢᠬᠤ ᠳᠤ ᠬᠦᠷᠪᠡᠯ ᠬᠡᠦᠬᠡᠳ ᠤᠨ ᠰᠣᠷᠣᠯᠭ᠎ᠠ ᠶᠢᠨ ᠣᠷᠮ᠎ᠠ ᠶᠢ ᠨᠦᠯᠣᠬᠡᠯᠡᠵᠦ᠂ ᠬᠡᠦᠬᠡᠳ ᠤᠨ ᠵᠣᠷᠢᠭ ᠢ ᠮᠣᠬᠤᠭᠠᠵᠦ ᠰᠣᠷᠣᠯᠭ᠎ᠠ ᠨᠢ ᠨᠢᠬᠡ ᠯᠡ ᠳᠡᠬᠡᠷ᠎ᠡ ᠳᠣᠷᠣᠠᠨᠰᠢᠯᠡᠵᠦ ᠴᠢᠨᠠᠬᠰᠢᠯᠠᠪᠠᠯ ᠮᠠᠭᠤ ᠦᠷ᠎ᠡ ᠳ᠋ᠦᠩ ᠳᠤ ᠬᠦᠷᠴᠦ ᠮᠡᠳᠡᠨ᠎ᠠ᠃                      ᠮᠡᠨ ᠤ ᠵᠡᠷᠢᠮ ᠬᠡᠷ ᠤᠨ ᠠᠬᠠᠮᠠᠳ ᠤᠨ ᠦᠵᠡᠬᠦ ᠪᠠᠷ᠂ ᠬᠡᠨ ᠬᠡᠨ ᠤ ᠬᠡᠦᠬᠡᠳ ᠵᠠᠭᠤᠨ ᠬᠤᠪᠢ ᠠᠴᠠ  ᠪᠠᠭᠤᠬᠤ  ᠦᠬᠡᠢ ᠪᠠᠶᠢᠨ᠎ᠠ ᠬᠡᠳᠡᠭ᠃ ᠰᠢᠯᠭᠠᠯᠳᠡ ᠪᠣᠯ ᠵᠦᠪᠬᠡᠨ ᠨᠢᠬᠡ  ᠣᠳᠠᠭᠠᠨ ᠤ  ᠰᠣᠷᠣᠯᠭ᠎ᠠ ᠶᠢᠨ  ᠬᠢᠷᠢ  ᠪᠦᠳᠣᠮᠵᠢ ᠶᠢ  ᠢᠯᠡᠳᠬᠡᠬᠦ  ᠠᠷᠭ᠎ᠠ ᠬᠡᠯᠪᠡᠷᠢ ᠠᠴᠠ ᠪᠢᠰᠢ ᠦᠷᠬᠦᠯᠵᠢ ᠶᠢᠨ ᠴᠢᠨᠠᠷᠳᠠᠢ ᠬᠢᠷᠢ ᠪᠦᠳᠣᠮᠵᠢ ᠳᠤ  ᠳᠣᠭᠠᠴᠠᠭᠳᠠᠬᠤ  ᠶᠠᠪᠣᠳᠠᠯ  ᠣᠠᠨᠳᠣ  ᠪᠢᠰᠢ᠃  ᠬᠠᠷᠢᠨ ᠪᠠᠭᠰᠢ ᠨᠠᠷ ᠰᠣᠷᠣᠠᠨᠴᠢᠳ ᠤᠨ ᠡᠩ ᠤᠨ ᠦᠶ᠎ᠡ ᠳᠡᠭᠡᠨ ᠰᠣᠷᠤᠯᠭ ᠎ᠠ ᠶᠢᠨ ᠪᠠᠶᠢᠳᠠᠯ ᠢ ᠠᠩᠬᠠᠷᠣᠨ  ᠬᠢᠴᠢᠶᠡᠯᠯᠡᠬᠦ  ᠠᠷᠭ᠎ᠠ  ᠪᠠᠷᠢᠯ ᠢ ᠳᠣᠠᠨᠳᠠᠭᠠᠨ ᠰᠣᠷᠣᠠᠨᠴᠢᠳ ᠤᠨ ᠣᠷᠮ᠎ᠠ ᠶᠢ ᠬᠦᠭᠵᠢᠭᠡᠵᠦ᠂ ᠰᠡᠳᠬᠢᠬᠦᠢ ᠶᠢ ᠨᠢ  ᠨᠡᠬᠡᠬᠡᠭᠳᠡᠬᠦᠯᠬᠦ ᠶᠢ  ᠵᠣᠷᠢᠳᠠᠭ ᠠᠴᠠ  ᠳᠡᠷᠨ  ᠨᠢᠬᠡ ᠠᠩᠬᠢ ᠶᠢᠨ ᠰᠣᠷᠣᠯᠭ᠎ᠠ ᠶᠢᠨ ᠪᠦᠳᠣᠮᠵᠢ ᠨᠢ ᠳᠡᠬᠡᠭᠰᠢᠯᠡᠵᠦ ᠵᠢᠭᠠᠨ ᠰᠣᠷᠭᠠᠯᠳᠡ ᠶᠢᠨ ᠵᠣᠷᠢᠯᠭ᠎ᠠ ᠳᠠᠭᠠᠨ ᠬᠦᠷᠴᠣ  ᠴᠢᠳᠠᠳᠠᠭ  ᠬᠡᠵᠦ ᠦᠵᠡᠳᠡᠭ ᠪᠠᠶᠢᠨ᠎ᠠ᠃ ᠬᠡᠳᠡᠯ᠎ᠠ᠁ ᠮᠡᠨ ᠤ  ᠬᠡᠷ ᠤᠨ  ᠠᠬᠠᠮᠠᠳ ᠤᠨ  ᠪᠣᠳᠣᠯ  ᠦᠵᠡᠯᠳᠡ ᠨᠢ  ᠬᠠᠷᠢᠨ  ᠦᠬᠡᠷ᠎ᠡ  ᠪᠠᠶᠢᠵᠦ ᠬᠡᠦᠬᠡᠳ ᠤᠨ ᠢᠶᠠᠨ ᠰᠣᠷᠣᠯᠭ᠎ᠠ ᠶᠢᠨ ᠬᠢᠷᠢ ᠬᠡᠮᠵᠢᠶ᠎ᠡ ᠶᠢ ᠵᠦᠪᠬᠡᠨ  ᠰᠢᠯᠠᠭᠠᠯᠳᠡ ᠶᠢᠨ  ᠬᠤᠪᠢ ᠪᠠᠷ  ᠬᠡᠮᠵᠢᠨ᠂  ᠦᠨᠳᠣᠷ  ᠬᠤᠪᠢ ᠣᠯᠬᠤ ᠶᠢ ᠯᠨ ᠪᠣᠳᠣᠳᠠᠭ᠃ ᠡᠨᠡᠬᠦ ᠱᠠᠭᠠᠷᠳᠠᠯᠭ᠎ᠠ ᠨᠢ ᠬᠡᠦᠬᠡᠳ ᠤᠨ  ᠰᠡᠳᠬᠢᠬᠦᠢ ᠠᠴᠠ  ᠳᠠᠪᠠᠨ᠂  ᠬᠡᠦᠬᠡᠳ ᠤᠨ  ᠰᠣᠷᠣᠯᠭ᠎ᠠ ᠶᠢ ᠨᠦᠯᠦᠭᠡᠯᠡᠵᠦ᠂ ᠬᠡᠦᠬᠡᠳ ᠤᠨ ᠣᠶᠣᠨ ᠰᠠᠨᠠᠭᠠᠨ ᠳᠤ ᠵᠣᠬᠢᠬᠤ ᠬᠡᠮᠵᠢᠶᠡᠨ ᠤ ᠳᠡᠷᠣᠭᠠᠰᠤ ᠪᠤᠯᠵᠦ᠂  ᠰᠣᠷᠣᠯᠭ᠎ᠠ  ᠪᠠ  ᠪᠡᠶ᠎ᠡ ᠳᠤᠨᠢ ᠮᠠᠭᠤ ᠨᠦᠯᠣᠬᠡ ᠪᠣᠯᠵᠦ ᠮᠡᠳᠡᠬᠦ ᠣᠴᠢᠷ ᠠᠴᠠ ᠬᠡᠷ ᠤᠨ ᠠᠬᠠᠮᠠᠳ ᠨᠡᠷ ᠡᠨᠡ ᠳᠠᠯ᠎ᠠ ᠪᠠᠷ ᠠᠩᠬᠠᠷᠬᠤ ᠴᠢᠬᠤᠯᠠᠳᠠᠢ᠃ ᠵᠢᠱᠢᠶᠡᠯᠡᠪᠡᠯ᠂ ᠭᠤᠴᠢ ᠭᠠᠷᠣᠢ ᠬᠡᠦᠬᠡᠳ ᠲᠠᠢ ᠨᠢᠬᠡ ᠠᠩᠬᠢ ᠳᠤ ᠡᠮᠣᠨ᠎ᠡ ᠠᠷᠪᠠ ᠳᠤ ᠤᠷᠤᠨ᠎ᠡ  ᠬᠡᠳᠡᠭ  ᠳᠣᠩ  ᠬᠢᠯᠪᠡᠷ  ᠦᠬᠡᠢ  ᠮᠦᠷᠳᠡᠬᠡᠨ ᠬᠡᠦᠬᠡᠳ ᠲᠤ ᠠᠪᠴᠣ ᠬᠡᠯᠡᠪᠡᠯ ᠳᠣᠰ ᠪᠡᠶ᠎ᠡ ᠶᠢᠨ ᠴᠢᠷᠮᠡᠶᠢᠯᠳᠡ ᠣᠷᠣᠨ᠎ᠠ ᠬᠡᠳᠡᠭ ᠢ  ᠮᠡᠨ ᠤ  ᠬᠡᠷ ᠤᠨ  ᠠᠬᠠᠮᠠᠳ  ᠨᠡᠷ  ᠪᠣᠳᠣᠵᠦ ᠦᠵᠡᠬᠦ ᠴᠢᠬᠤᠯᠠᠳᠠᠢ ᠰᠢᠣ︕              ᠣᠳᠣ ᠪᠦᠬᠦ ᠨᠡᠶᠢᠬᠡᠮ ᠳᠡᠶᠠᠭᠠᠷ  ᠰᠣᠷᠭᠠᠨ  ᠬᠦᠮᠣᠵᠢᠯ ᠤᠨ  ᠹᠷᠣᠨᠲ ᠲᠤ  ᠬᠡᠪ  ᠴᠢᠨᠡᠷ ᠤᠨ  ᠰᠣᠷᠭᠠᠨ  ᠬᠦᠮᠣᠵᠢᠯ ᠢ ᠬᠦᠭᠵᠢᠬᠦᠯᠬᠦ ᠳᠦᠷᠣ ᠶᠢᠨ  ᠪᠣᠳᠣᠯᠭ᠎ᠠ ᠶᠢ  ᠬᠡᠷᠡᠭᠵᠢᠬᠦᠯᠵᠦ  ᠪᠠᠶᠢᠬᠤ ᠳᠤ  ᠪᠢᠳᠡ  ᠬᠠᠷᠢᠨ  ᠬᠡᠦᠬᠡᠳ ᠤᠨ ᠢᠶᠠᠨ  ᠰᠣᠷᠣᠯᠭ᠎ᠠ ᠶᠢ ᠣᠯᠣᠠᠨᠰᠠᠨ ᠬᠤᠪᠢ ᠪᠠᠷ ᠨᠢ ᠰᠣᠷᠣᠯᠭ᠎ᠠ ᠶᠢᠨ ᠰᠠᠶᠢᠨ ᠮᠠᠭᠤ ᠶᠢ ᠬᠡᠮᠵᠢᠵᠦ ᠦᠵᠡᠬᠦ ᠪᠣᠯ  ᠳᠦᠢᠯ ᠤᠨ  ᠦᠷᠣᠬᠡᠰᠣᠯ  ᠦᠵᠡᠯᠳᠡ ᠪᠣᠯᠣᠨ᠎ᠠ᠃ ᠡᠶᠢᠮᠣ ᠠᠴᠠ ᠮᠡᠨ ᠤ ᠬᠡᠷ ᠤᠨ ᠠᠬᠠᠮᠠᠳ ᠨᠡᠷ ᠬᠡᠦᠬᠡᠳ ᠤᠨ ᠢᠶᠠᠨ ᠠᠯᠢ ᠨᠢᠬᠡ ᠬᠢᠴᠢᠶᠡᠯ ᠳᠡᠭᠡᠨ  ᠰᠠᠶᠢᠨ  ᠰᠢᠭ᠋  ᠪᠣᠯ ᠳᠡᠷᠨ ᠵᠦᠭ ᠨᠢ ᠢᠳᠡᠪᠬᠢᠳᠠᠢ  ᠵᠢᠭᠠᠨ  ᠵᠢᠯᠣᠭᠤᠳᠣᠨ᠂  ᠳᠡᠳᠡᠨ ᠶᠢ  ᠣᠷᠮᠠᠰᠢᠭᠤᠯᠣᠨ  ᠵᠣᠷᠢᠠᠨᠵᠢᠭᠤᠯᠬᠤ ᠠᠴᠠ  ᠪᠢᠰᠢ  ᠬᠠᠷᠢᠨ ᠦᠪᠡᠷ ᠤᠨ ᠰᠠᠨ᠋ᠬᠠᠰᠠᠨ ᠢᠶᠠᠷ ᠢᠶᠠᠨ ᠬᠡᠦᠬᠡᠳ ᠲᠡᠭᠡᠨ ᠦᠨᠳᠣᠷ ᠱᠠᠭᠠᠷᠳᠠᠯᠭ᠎ᠠ ᠳᠡᠯᠪᠢᠬᠤ ᠶᠢ ᠳᠡᠪᠴᠢᠪᠡᠯ ᠵᠣᠬᠢᠨ᠎ᠠ᠃  
 
ᠢᠷᠡᠯᠲᠡ᠄ ᠦᠪᠦᠷ ᠮᠣᠩᠭᠤᠯ ᠤᠨ ᠡᠳᠦᠷ ᠤᠨ ᠰᠣᠨᠢᠨ
 
 
ᠬᠠᠮᠢᠶ᠎ᠠ ᠪᠥᠬᠦᠢ ᠰᠤᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备14003692号