ᠮᠣᠩᠭᠤᠯᠴᠤᠳ ᠤᠨ ᠬᠤᠪᠴᠠᠰᠤ ᠵᠠᠰᠠᠯ ᠤᠨ ᠲᠤᠬᠠᠢ
ᠨᠡᠶᠢᠲᠡᠯᠡᠭᠰᠡᠨ ᠴᠠᠭ᠄
2016/4/6
     ᠮᠣᠩᠭᠤᠯᠴᠤᠳ ᠤᠨ ᠬᠤᠪᠴᠠᠰᠤ ᠵᠠᠰᠠᠯ ᠢ ᠶᠡᠷᠦᠩᠬᠡᠢ ᠳᠡᠭᠡᠨ ᠲᠣᠯᠣᠭᠠᠢ ᠶᠢᠨ ᠵᠠᠰᠠᠯ᠂ ᠲᠡᠷᠯᠢᠭ᠂ ᠪᠦᠰᠡ᠂  ᠭᠤᠳᠣᠯ ᠭᠡᠵᠤ ᠳᠥᠷᠪᠡᠨ ᠭᠤᠣᠯ ᠬᠡᠰᠡᠭ ᠲᠤ ᠬᠤᠪᠢᠶᠠᠨ᠎ᠠ᠃            ᠲᠣᠯᠣᠭᠠᠢ ᠶᠢᠨ ᠵᠠᠰᠠᠯ᠄ ᠮᠣᠩᠭᠤᠯ ᠡᠮᠡᠭᠲᠡᠶᠢᠴᠦᠳ ᠴᠠᠭᠠᠨ ᠰᠠᠷ᠎ᠠ᠂ ᠪᠠᠶᠠᠷ ᠨᠠᠶᠢᠷ ᠪᠤᠶᠤ ᠳᠠᠶᠢᠯᠠᠯᠭ᠎ᠠ ᠳᠤ  ᠣᠷᠣᠯᠴᠠᠬᠤ᠂ ᠲᠥᠷᠥᠯ ᠰᠠᠳᠤᠨ ᠳᠠᠭᠠᠨ ᠭᠡᠶᠢᠴᠢᠯᠡᠬᠦ ᠪᠤᠶᠤ ᠠᠨᠳᠠ ᠨᠥᠬᠦᠳ ᠢᠶᠠᠨ ᠡᠷᠭᠢᠵᠦ ᠦᠵᠡᠬᠦ ᠦᠶ᠎ᠡ ᠳᠤ  ᠲᠣᠯᠣᠭᠠᠢ ᠳᠡᠭᠡᠷ᠎ᠡ ᠪᠠᠨ ᠵᠠᠰᠠᠯ ᠵᠡᠭᠦᠳᠡᠭ᠃ ᠲᠣᠯᠣᠭᠠᠢ ᠶᠢᠨ ᠵᠠᠰᠠᠯ ᠤᠨ ᠲᠥᠷᠥᠯ ᠵᠦᠢᠯ ᠣᠪᠣᠭ᠎ᠠ ᠠᠷᠪᠢᠨ ᠪᠠᠶᠢᠳᠠᠭ ᠃  ᠨᠡᠯᠢᠶᠡᠳ ᠰᠠᠶᠢᠨ ᠰᠢᠭ᠋ ᠢ ᠨᠢ ᠮᠠᠨᠤ᠂ ᠰᠤᠪᠤᠳ᠂ ᠡᠷᠳᠡᠨᠢ ᠶᠢᠨ ᠴᠢᠯᠠᠭᠤ᠂ ᠠᠯᠲᠠ ᠮᠥᠩᠭᠦ ᠪᠠᠷ ᠬᠢᠳᠡᠭ᠃ ᠡᠩ ᠤᠨ  ᠦᠶ᠎ᠡ ᠳᠤ᠂ ᠮᠠᠯᠵᠢᠬᠤ ᠣᠷᠣᠨ ᠤ ᠡᠮᠡᠭᠲᠡᠶᠢᠴᠦᠳ ᠮᠠᠯᠠᠭᠠᠢ ᠵᠡᠭᠦᠳᠡᠭ ᠦᠭᠡᠢ᠂ ᠣᠯᠠᠩᠬᠢ ᠳᠠᠭᠠᠨ ᠤᠯᠠᠭᠠᠨ ᠨᠣᠭᠤᠭᠠᠨ  ᠥᠩᠭᠡ ᠶᠢᠨ ᠲᠣᠷᠭ᠎ᠠ ᠳᠤᠷᠳᠤᠩ ᠢᠶᠠᠷ ᠲᠣᠯᠣᠭᠠᠢ ᠪᠠᠨ ᠣᠷᠢᠶᠠᠳᠠᠭ ᠪᠢᠯᠡ᠃ ᠡᠷᠡᠭᠲᠡᠶᠢᠴᠦᠳ  ᠨᠢ ᠣᠯᠠᠩᠬᠢ ᠳᠠᠭᠠᠨ  ᠡᠪᠦᠯ ᠤᠨ ᠴᠠᠭ ᠲᠤ ᠱᠣᠪᠣᠭᠤᠷ ᠣᠷᠣᠢ ᠲᠠᠢ ᠲᠣᠮᠣ ᠴᠢᠬᠢ ᠲᠠᠢ ᠬᠤᠨᠢᠨ ᠠᠷᠠᠰᠤᠨ ᠮᠠᠯᠠᠭᠠᠢ ᠡᠮᠦᠰᠴᠦ᠂ ᠵᠣᠨ ᠳᠠᠭᠠᠨ  ᠰᠠᠷᠠᠪᠴᠢ ᠲᠠᠢ ᠳᠠᠩ ᠮᠠᠯᠠᠭᠠᠢ ᠡᠮᠦᠰᠳᠡᠭ᠃              ᠲᠡᠷᠯᠢᠭ᠄ ᠮᠣᠩᠭᠤᠯ ᠦᠨᠳᠦᠰᠦᠲᠡᠨ ᠤ ᠡᠷᠡᠭᠲᠡᠢ ᠡᠮᠡᠭᠲᠡᠢ ᠬᠥᠭᠰᠢᠨ ᠵᠠᠯᠠᠭᠤ ᠪᠦᠭᠦᠳᠡᠭᠡᠷ ᠢᠶᠠᠨ ᠲᠡᠷᠯᠢᠭ ᠡᠮᠦᠰᠬᠦ  ᠳᠤᠷᠠᠲᠠᠢ ᠪᠠᠶᠢᠳᠠᠭ᠂ ᠲᠡᠷᠯᠢᠭ ᠨᠢ ᠠᠭᠤᠵᠢᠭᠤ ᠡᠯᠪᠡᠭ ᠪᠥᠭᠡᠳ ᠤᠷᠲᠤ ᠬᠠᠨᠴᠤᠢ ᠲᠠᠢ ᠪᠠᠶᠢᠵᠤ᠂ ᠶᠡᠷᠦᠩᠬᠡᠢ ᠳᠡᠭᠡᠨ  ᠣᠨᠣᠭᠤ ᠭᠠᠷᠭᠠᠳᠠᠭ ᠦᠭᠡᠢ᠂ ᠪᠣᠰᠤᠭ᠎ᠠ ᠵᠠᠭᠠᠮ᠎ᠠ ᠲᠠᠢ᠂ ᠪᠠᠷᠠᠭᠤᠨ ᠲᠠᠯ᠎ᠠ ᠳᠠᠭᠠᠨ ᠲᠣᠪᠴᠢ ᠲᠠᠢ ᠪᠠᠶᠢᠳᠠᠭ᠃  ᠲᠡᠷᠯᠢᠭ ᠤᠨ ᠵᠠᠭᠠᠮ᠎ᠠ᠂ ᠬᠠᠨᠴᠤᠢ᠂ ᠬᠥᠪᠡᠭᠡ ᠶᠢ ᠨᠢ ᠬᠤᠷᠭᠤᠢ ᠪᠠᠷ ᠡᠮᠵᠢᠶᠡᠷᠢᠯᠡᠵᠦ᠂ ᠲᠡᠷᠯᠢᠭ ᠤᠨ ᠢᠶᠠᠨ ᠥᠩᠭᠡ ᠶᠢ  ᠭᠠᠵᠠᠷ ᠣᠷᠣᠨ ᠪᠣᠯᠣᠨ ᠬᠥᠮᠥᠨ ᠤ ᠪᠠᠶᠢᠳᠠᠯ ᠳᠠᠭᠠᠨ ᠲᠠᠭᠠᠷᠠᠭᠤᠯᠵᠤ ᠬᠢᠳᠡᠭ᠃ ᠡᠷᠡᠭᠲᠡᠶᠢᠴᠦᠳ ᠨᠢ ᠬᠥᠬᠡ ᠪᠤᠶᠤ ᠬᠠᠷ᠎ᠠ  ᠬᠦᠷᠡᠩ ᠥᠩᠭᠡᠨ ᠳᠤ ᠳᠤᠷᠠᠲᠠᠢ᠂ ᠡᠮᠡᠭᠲᠡᠶᠢᠴᠦᠳ ᠨᠢ ᠤᠯᠠᠭᠠᠨ᠂ ᠨᠣᠭᠤᠭᠠᠨ᠂ ᠶᠠᠭᠠᠨ ᠥᠩᠭᠡᠨ ᠳᠤ ᠳᠤᠷᠠᠲᠠᠢ ᠪᠥᠭᠡᠳ  ᠵᠣᠨ ᠤ ᠳᠠᠩ ᠳᠠᠪᠬᠤᠷ ᠲᠡᠷᠯᠢᠭ ᠨᠢ ᠶᠡᠷᠦᠩᠬᠡᠢ ᠳᠡᠭᠡᠨ ᠴᠡᠩᠬᠡᠷ ᠨᠣᠭᠤᠭᠠᠨ᠂ ᠶᠠᠭᠠᠨ᠂ ᠴᠡᠩᠬᠡᠷ  ᠂ ᠰᠦᠨ ᠴᠠᠭᠠᠨ ᠵᠡᠷᠭᠡ  ᠬᠦᠶᠤᠬᠡᠨ ᠥᠩᠭᠡ ᠲᠠᠢ ᠪᠠᠶᠢᠳᠠᠭ᠃ ᠡᠪᠦᠯ ᠡᠮᠦᠰᠳᠡᠭ ᠨᠡᠬᠡᠢ ᠳᠡᠪᠡᠯ ᠢᠶᠠᠨ ᠣᠯᠠᠩᠬᠢ ᠳᠠᠭᠠᠨ ᠬᠠᠷ᠎ᠠ᠂ ᠪᠣᠷᠣ᠂ ᠭᠦᠨ  ᠬᠥᠬᠡ ᠥᠩᠭᠡ ᠪᠠᠷ ᠭᠠᠳᠠᠷᠯᠠᠳᠠᠭ᠃ ᠲᠡᠷᠯᠢᠭ ᠨᠢ ᠮᠠᠯᠵᠢᠬᠤ ᠣᠷᠣᠨ ᠤ ᠠᠮᠢᠳᠤᠷᠠᠯ ᠤᠨ ᠣᠷᠴᠢᠨ ᠳᠤ ᠲᠤᠩ  ᠲᠣᠬᠢᠷᠠᠮᠵᠢᠲᠠᠢ ᠪᠠᠶᠢᠳᠠᠭ᠃ ᠲᠡᠷᠡ ᠨᠢ ᠠᠭᠤᠵᠢᠭᠤ ᠡᠯᠪᠡᠭ ᠪᠥᠭᠡᠳ ᠣᠨᠣᠭᠤ ᠦᠭᠡᠢ ᠪᠣᠯᠬᠤᠷ᠂ ᠮᠣᠷᠢ ᠣᠨᠣᠵᠤ ᠮᠠᠯ  ᠮᠠᠯᠵᠢᠬᠤ ᠳᠤ ᠡᠪᠦᠳᠦᠭ ᠢ ᠳᠠᠷᠤᠵᠤ ᠂ ᠬᠦᠢᠲᠡᠨ ᠰᠠᠯᠬᠢᠨ ᠢ ᠬᠠᠯᠬᠠᠯᠠᠵᠤ᠂ ᠵᠣᠨ ᠤ ᠡᠳᠦᠷ ᠪᠠᠲᠠᠭᠠᠨ᠎ᠠ ᠶᠢ ᠰᠡᠷᠭᠡᠶᠢᠯᠡᠳᠡᠭ᠃ ᠲᠡᠷᠯᠢᠭ ᠢ ᠪᠠᠰᠠ ᠴᠠᠮᠴᠠ᠂ ᠤᠭᠤᠴᠠᠷ᠂ ᠴᠤᠪᠠ ᠁ ᠭᠡᠵᠤ ᠬᠤᠪᠢᠶᠠᠳᠠᠭ᠃              ᠪᠦᠰᠡ᠄ ᠪᠦᠰᠡ ᠪᠣᠯ ᠮᠣᠩᠭᠤᠯᠴᠤᠳ ᠤᠨ ᠲᠡᠷᠯᠢᠭ ᠡᠮᠦᠰᠬᠦ ᠳᠤ ᠳᠤᠲᠠᠭᠳᠠᠵᠤ ᠪᠣᠯᠣᠰᠢ ᠦᠭᠡᠢ ᠶᠠᠭᠤᠮ᠎ᠠ ᠮᠥᠨ  ᠃ ᠲᠡᠭᠦᠨ ᠢ ᠪᠥᠰ ᠪᠤᠶᠤ ᠲᠣᠷᠭ᠎ᠠ ᠳᠤᠷᠳᠤᠩ ᠢᠶᠠᠷ ᠬᠢᠳᠡᠭ ᠪᠥᠭᠡᠳ ᠥᠩᠭᠡ ᠶᠢ ᠨᠢ ᠲᠡᠷᠯᠢᠭ ᠲᠠᠢ ᠪᠠᠨ ᠵᠣᠬᠢᠴᠠᠭᠤᠯᠳᠠᠭ  ᠪᠠᠶᠢᠨ᠎ᠠ᠃ ᠡᠷᠡᠭᠲᠡᠶᠢᠴᠦᠳ ᠨᠢ ᠣᠯᠠᠩᠬᠢ ᠳᠠᠭᠠᠨ ᠲᠡᠷᠯᠢᠭ ᠢᠶᠠᠨ ᠠᠭᠰᠠᠨ ᠪᠦᠰᠡᠯᠡᠳᠡᠭ ᠪᠣᠯᠬᠤᠷ ᠴᠠᠭ ᠵᠢᠪᠬᠤᠭ᠎ᠠ ᠲᠠᠢ  ᠪᠥᠭᠡᠳ ᠲᠥᠪ ᠶᠡᠬᠡᠮᠰᠦᠭ ᠬᠠᠷᠠᠭᠳᠠᠵᠤ᠂ ᠮᠣᠷᠢ ᠤᠨᠤᠬᠤ ᠳᠤ ᠴᠦ ᠲᠥᠬᠦᠮ ᠪᠠᠶᠢᠳᠠᠭ᠃ ᠡᠮᠡᠭᠲᠡᠶᠢᠴᠦᠳ ᠨᠢ ᠡᠭᠦᠨ ᠤ  ᠡᠰᠡᠷᠭᠦ ᠪᠠᠷ᠂ ᠲᠡᠷᠯᠢᠭ ᠢᠶᠠᠨ ᠳᠠᠷᠤᠵᠤ ᠪᠦᠰᠡᠯᠡᠭᠡᠳ ᠢᠳᠡᠷᠡᠭᠦᠨ ᠭᠤᠸᠠᠯᠢᠭ ᠪᠡᠶ᠎ᠡ ᠪᠠᠨ ᠢᠯᠡᠷᠡᠭᠦᠯᠳᠡᠭ ᠪᠠᠶᠢᠨ᠎ᠠ᠃  ᠲᠡᠷᠯᠢᠭ ᠳᠡᠭᠡᠷ᠎ᠡ ᠪᠦᠰᠡ ᠪᠦᠰᠡᠯᠡᠬᠦ ᠨᠢ ᠮᠣᠷᠢ ᠣᠨᠣᠬᠤ ᠳᠤ ᠮᠣᠷᠢᠨ ᠳᠡᠭᠡᠷ᠎ᠡ ᠪᠡᠶ᠎ᠡ ᠪᠠᠨ ᠯᠠᠪᠳᠠᠭᠤᠨ ᠪᠥᠭᠡᠳ ᠲᠡᠭᠰᠢᠬᠡᠨ  ᠪᠠᠶᠢᠯᠭᠠᠬᠤ ᠶᠢᠨ ᠲᠥᠯᠥᠭᠡ ᠶᠤᠮ᠂ ᠡᠭᠦᠨ ᠤ ᠬᠠᠮᠲᠤ ᠡᠪᠦᠯ ᠳᠡᠭᠡᠨ ᠳᠤᠯᠠᠭᠠᠨ ᠪᠠᠶᠢᠵᠤ᠂ ᠵᠤᠨ ᠳᠠᠭᠠᠨ ᠪᠠᠲᠠᠭᠠᠨ᠎ᠠ ᠠᠴᠠ  ᠰᠡᠷᠭᠡᠶᠢᠯᠡᠵᠦ ᠴᠢᠳᠠᠨ᠎ᠠ᠃ ᠣᠨᠴᠠ ᠵᠠᠷᠢᠮ ᠣᠷᠣᠨ ᠤ ᠡᠮᠡᠭᠲᠡᠶᠢᠴᠦᠳ ᠪᠠᠰᠠ ᠲᠡᠷᠯᠢᠭ ᠡᠮᠦᠰᠬᠦ ᠳᠡᠭᠡᠨ ᠪᠦᠰᠡ ᠪᠦᠰᠡᠯᠡᠳᠡᠭ  ᠦᠭᠡᠢ ︵ᠪᠦᠰᠡᠭᠦᠢ ᠭᠡᠰᠡᠨ ᠦᠭᠡ ᠡᠭᠦᠨ ᠠᠴᠠ ᠢᠷᠡᠯᠳᠠᠢ︶᠃            ᠭᠤᠳᠣᠯ᠄ ᠮᠣᠩᠭᠤᠯ ᠭᠤᠳᠣᠯ ᠢ ᠪᠥᠰ ᠭᠤᠳᠣᠯ ᠪᠣᠯᠣᠨ ᠪᠣᠯᠭᠠᠷᠢᠨ ᠭᠤᠳᠣᠯ ᠭᠡᠵᠤ ᠬᠤᠶᠠᠷ ᠵᠦᠢᠯ  ᠬᠤᠪᠢᠶᠠᠳᠠᠭ᠃ ᠪᠥᠰ ᠭᠤᠳᠣᠯ ᠢ ᠪᠣᠯ ᠵᠤᠵᠠᠭᠠᠨ ᠪᠥᠰ ᠪᠤᠶᠤ ᠹᠠᠨᠪᠦ᠋ ᠪᠥᠰ ᠢᠶᠠᠷ ᠬᠢᠳᠡᠭ ᠪᠣᠯᠬᠤᠷ᠂ ᠡᠮᠦᠰᠬᠦ ᠳᠤ  ᠵᠥᠭᠡᠯᠡᠨ ᠮᠥᠷᠲᠡᠭᠡᠨ ᠬᠥᠩᠭᠡᠨ ᠪᠠᠶᠢᠳᠠᠭ︔ ᠪᠣᠯᠭᠠᠷᠢᠨ ᠭᠤᠳᠣᠯ ᠢ ᠪᠣᠯ ᠦᠬᠡᠷ ᠤᠨ ᠠᠷᠠᠰᠤ᠂ ᠮᠣᠷᠢᠨ ᠠᠷᠠᠰᠤ ᠪᠤᠶᠤ  ᠡᠯᠵᠢᠭᠡᠨ ᠠᠷᠠᠰᠤ ᠪᠠᠷ ᠬᠢᠳᠡᠭ ᠪᠣᠯᠬᠤᠷ ᠪᠠᠬᠢᠯᠢᠭ᠌ ᠮᠥᠷᠲᠡᠭᠡᠨ ᠬᠦᠢᠲᠡᠨ ᠪᠠ ᠤᠰᠤ ᠶᠢ ᠰᠡᠷᠭᠡᠶᠢᠯᠡᠵᠦ ᠴᠢᠳᠠᠳᠠᠭ᠃  ᠮᠣᠩᠭᠤᠯ ᠭᠤᠳᠣᠯ ᠳᠤ ᠡᠭᠡᠳᠡᠩ ᠬᠤᠩᠰᠢᠶᠠᠷ ᠲᠠᠢ ᠭᠤᠳᠣᠯ ᠪᠠᠶᠢᠳᠠᠭ᠂ ᠲᠦᠷᠡᠢ ᠳᠡᠭᠡᠷ᠎ᠡ ᠨᠢ ᠶᠡᠷᠤᠳᠡᠭᠡᠨ ᠬᠡ ᠤᠭᠠᠯᠵᠠ   ᠲᠠᠢ ᠪᠥᠭᠡᠳ ᠵᠠᠷᠢᠮ ᠨᠢ ᠠᠷᠠᠰᠤᠨ ᠳᠣᠲᠣᠷ ᠲᠠᠢ᠂ ᠵᠠᠷᠢᠮ ᠨᠢ ᠢᠰᠡᠭᠡᠢ ᠳᠣᠲᠣᠷ ᠲᠠᠢ ᠭᠤᠳᠣᠯ ᠴᠦ ᠪᠠᠶᠢᠳᠠᠭ᠃ ᠡᠶᠢᠮᠦ  ᠭᠤᠳᠣᠯ ᠨᠢ ᠠᠭᠤᠵᠢᠭᠤ ᠶᠡᠭᠡ ᠪᠣᠯᠬᠤᠷ ᠬᠦᠪᠤᠩ ᠣᠶᠢᠮᠤᠰᠤ ᠪᠤᠶᠤ ᠢᠰᠡᠭᠡᠢ ᠣᠶᠢᠮᠤᠰᠤ ᠲᠠᠢ ᠡᠮᠦᠰᠴᠦ ᠪᠣᠯᠣᠨ᠎ᠠ᠃  ᠮᠠᠯᠴᠢᠳ ᠵᠢᠯ ᠤᠨ ᠳᠥᠷᠪᠡᠨ ᠤᠯᠠᠷᠢᠯ ᠳᠤ ᠪᠦᠷ ᠭᠤᠳᠣᠯ ᠡᠮᠦᠰᠦᠭᠡᠳ᠂ ᠮᠣᠷᠢ ᠤᠨᠤᠬᠤ ᠳᠠᠭᠠᠨ ᠱᠠᠭ᠎ᠠ ᠪᠠᠷ  ᠬᠠᠮᠠᠭᠠᠯᠠᠵᠤ᠂ ᠵᠣᠨ ᠳᠠᠭᠠᠨ ᠪᠠᠲᠠᠭᠠᠨ᠎ᠠ ᠠᠴᠠ ᠰᠡᠷᠭᠡᠶᠢᠯᠡᠵᠦ᠂ ᠡᠪᠦᠯ ᠳᠡᠭᠡᠨ ᠬᠦᠢᠲᠡᠨ ᠠᠴᠠ ᠰᠡᠷᠭᠡᠶᠢᠯᠡᠳᠡᠭ ᠪᠠᠶᠢᠨ᠎ᠠ᠃  ᠣᠳᠣ ᠮᠠᠯᠵᠢᠬᠤ ᠣᠷᠣᠨ ᠤ ᠨᠠᠰᠤᠲᠠᠶᠢᠴᠤᠳ ᠮᠥᠨ ᠮᠣᠩᠭᠤᠯ ᠭᠤᠳᠣᠯ ᠢᠶᠠᠨ ᠡᠮᠦᠰᠬᠦ ᠳᠤᠷᠠᠲᠠᠢ ᠪᠠᠶᠢᠬᠤ ᠠᠴᠠ ᠭᠠᠳᠠᠨ᠎ᠠ  ᠵᠠᠯᠠᠭᠤᠴᠤᠳ ᠤᠨ ᠣᠯᠠᠩᠬᠢ ᠨᠢ ᠰᠡᠪᠬᠢᠨ ᠭᠤᠳᠣᠯ ᠡᠮᠦᠰᠬᠦ ᠳᠤᠷᠠᠲᠠᠢ ᠪᠣᠯᠣᠭᠰᠠᠨ ᠪᠠᠶᠢᠨ᠎ᠠ᠃
 
ᠢᠷᠡᠯᠲᠡ᠄ ᠲᠤᠳᠤᠷᠬᠠᠢ ᠦᠭᠡᠢ
 
 
ᠬᠠᠮᠢᠶ᠎ᠠ ᠪᠥᠬᠦᠢ ᠰᠤᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备14003692号