ᠮᠣᠩᠭᠤᠯ ᠭᠡᠷ ᠲᠤ ᠪᠠᠭᠤᠵᠤ ᠰᠠᠭᠤᠬᠤ ᠶᠣᠰᠣᠨ
ᠨᠡᠶᠢᠲᠡᠯᠡᠭᠰᠡᠨ ᠴᠠᠭ᠄
2016/4/6
      ᠮᠣᠩᠭᠤᠯ ᠭᠡᠷ ᠲᠤ ᠪᠠᠭᠤᠵᠤ ᠰᠠᠭᠤᠬᠤ ᠳᠤ ᠤᠯᠠᠮᠵᠢᠯᠠᠯᠲᠤ ᠶᠣᠰᠣ ᠵᠠᠩᠰᠢᠯ ᠣᠯᠠᠨ ᠪᠠᠶᠢᠳᠠᠭ ᠶᠤᠮ  ᠃ ᠮᠣᠩᠭᠤᠯᠴᠤᠳ ᠡᠨᠡᠬᠦ ᠶᠣᠰᠣ ᠵᠠᠩᠰᠢᠯ ᠢᠶᠠᠨ ᠪᠡᠯᠭᠡ ᠳᠡᠮᠪᠡᠷᠢᠯ ᠲᠠᠢ᠂ ᠰᠠᠶᠢᠨ ᠰᠠᠶᠢᠬᠠᠨ ᠭᠡᠵᠤ ᠦᠵᠡᠳᠡᠭ᠃  ᠡᠶᠢᠮᠦ ᠠᠴᠠ ᠡᠳᠡᠭᠡᠷ ᠵᠠᠩ ᠦᠢᠯᠡ ᠨᠢ ᠮᠣᠩᠭᠤᠯ ᠬᠥᠮᠥᠨ ᠳᠤ ᠬᠠᠯᠠᠭᠤᠨ ᠳᠣᠲᠣᠨᠣ᠂ ᠡᠯᠢᠭᠡᠰᠡᠭ ᠰᠠᠨᠠᠭᠳᠠᠳᠠᠭ᠃ ᠬᠡᠷᠪᠡ  ᠶᠠᠮᠠᠷ ᠨᠢᠭᠡᠨ ᠬᠥᠮᠥᠨ ᠡᠨᠡᠬᠦ ᠶᠣᠰᠣ ᠵᠠᠩᠰᠢᠯ ᠢ ᠡᠪᠳᠡᠬᠦ ᠳᠤ ᠬᠦᠷᠪᠡᠯ ᠲᠡᠷᠡ ᠨᠢ ᠮᠣᠩᠭᠤᠯᠴᠤᠳ ᠤᠨ ᠡᠭᠳᠡᠭᠦᠦ ᠶᠢ  ᠬᠦᠷᠭᠡᠨ᠂ ᠰᠡᠳᠬᠢᠯ ᠢ ᠬᠥᠨᠳᠡᠳᠡᠭ᠃             ᠮᠣᠩᠭᠤᠯ ᠭᠡᠷ ᠲᠤ ᠣᠷᠣᠬᠤ ᠳᠠᠭᠠᠨ ᠢᠰᠡᠭᠡᠢ ᠡᠭᠦᠳᠡ ᠶᠢ ᠨᠢ ᠵᠡᠭᠦᠨ᠂ ᠪᠠᠷᠠᠭᠤᠨ ᠲᠠᠯ᠎ᠠ ᠠᠴᠠ ᠨᠢ ᠰᠡᠬᠦᠬᠦ  ᠪᠣᠯᠣᠮᠵᠢ ᠪᠦᠷ ᠪᠣᠢ᠃ ᠭᠡᠬᠦ ᠳᠡᠭᠡᠨ ᠡᠭᠦᠳᠡᠨ ᠤ ᠵᠡᠭᠦᠨ ᠲᠠᠯ᠎ᠠ ᠶᠢ ︽ᠵᠥᠪ︾ ᠲᠠᠯ᠎ᠠ ᠭᠡᠳᠡᠭ ᠪᠣᠯᠬᠤᠷ ᠡᠷᠬᠡᠪᠰᠢ ᠵᠥᠪ  ᠲᠠᠯ᠎ᠠ ᠠᠴᠠ ᠨᠢ ᠰᠡᠬᠦᠬᠦ ᠶᠣᠰᠣ ᠲᠠᠢ᠃ ᠪᠤᠷᠤᠭᠤ ᠲᠠᠯ᠎ᠠ ᠠᠴᠠ ᠨᠢ ᠰᠡᠬᠦᠪᠡᠯ ᠪᠡᠯᠭᠡ ᠳᠡᠮᠪᠡᠷᠢᠯ ᠮᠠᠭᠤᠲᠠᠢ ᠭᠡᠵᠤ ᠳᠤᠷ᠎ᠠ  ᠦᠭᠡᠶᠢᠴᠡᠳᠡᠭ᠃ ᠵᠠᠷᠢᠮ ᠳᠠᠭᠠᠨ ᠢᠰᠡᠭᠡᠢ ᠡᠭᠦᠳᠡ ᠶᠢ ᠵᠡᠭᠦᠨ ᠲᠠᠯ᠎ᠠ ᠠᠴᠠ ᠨᠢ ᠰᠡᠬᠦᠭᠡᠳ ᠲᠣᠲᠣᠭᠤ ᠶᠢᠨ ᠳᠡᠭᠡᠷ᠎ᠡ ᠨᠢ  ᠲᠠᠯᠪᠢᠳᠠᠭ ᠶᠣᠰᠣ ᠴᠦ ᠪᠠᠶᠢᠳᠠᠭ᠃             ᠮᠣᠩᠭᠤᠯ ᠭᠡᠷ ᠤᠨ ᠲᠤᠯᠭ᠎ᠠ᠂ ᠲᠣᠲᠣᠭᠤ᠂ ᠪᠣᠱᠤᠭ᠎ᠠ ᠭᠤᠷᠪᠠ ᠪᠣᠯ ᠳᠠᠷᠬᠠᠨ ᠬᠦᠨᠳᠦᠲᠡᠢ᠂ ᠶᠠᠮᠠᠷ ᠴᠦ ᠬᠥᠮᠥᠨ  ᠭᠡᠳ ᠡᠨᠡ ᠭᠤᠷᠪᠠ ᠶᠢ ᠬᠥᠨᠳᠡᠵᠦ ᠪᠣᠯᠬᠤ ᠦᠭᠡᠢ᠃ ᠬᠡᠷᠪᠡ ᠰᠠᠨᠠᠮᠰᠠᠷ ᠦᠭᠡᠢ ᠭᠠᠷ ᠬᠥᠯ ᠢᠶᠠᠨ ᠬᠦᠷᠭᠡᠬᠦ ᠳᠤ ᠬᠦᠷᠪᠡᠯ  ᠭᠡᠷ ᠤᠨ ᠡᠵᠡᠨ ᠢ ᠳᠣᠷᠣᠮᠵᠢᠯᠠᠭᠰᠠᠨ ᠳᠤ ᠲᠣᠭᠠᠴᠢᠭᠳᠠᠨ᠎ᠠ᠃  ᠡᠶᠢᠮᠦ ᠠᠴᠠ ᠮᠣᠩᠭᠤᠯ ᠭᠡᠷ ᠲᠤ ᠣᠷᠣᠬᠤ ᠳᠤ ᠡᠨᠡ ᠭᠤᠷᠪᠠ ᠳᠤ ᠭᠠᠯ ᠬᠥᠯ ᠬᠦᠷᠭᠡᠬᠦ ᠠᠴᠠ ᠪᠠᠨ ᠪᠣᠯᠭᠤᠮᠵᠢᠯᠠᠳᠠᠭ᠃             ᠬᠡᠨ ᠴᠦ ᠭᠡᠰᠡᠨ ᠭᠡᠷ ᠲᠤ ᠣᠷᠣᠬᠤ ᠳᠠᠭᠠᠨ ᠲᠣᠯᠣᠭᠠᠢ ᠪᠠᠨ ᠪᠥᠬᠦᠶᠢᠵᠦ ᠪᠠᠶᠢᠳᠠᠭ ᠶᠣᠰᠣᠨ ᠪᠣᠢ᠃ ᠡᠨᠡ  ᠨᠢ  ᠲᠣᠲᠣᠭᠤ᠂ ᠭᠠᠯ ᠭᠤᠯᠣᠮᠲᠠ᠂ ᠰᠢᠲᠦᠭᠡᠨ ᠪᠤᠷᠬᠠᠨ ᠳᠤᠨᠢ ᠪᠥᠬᠦᠶᠢᠨ ᠶᠣᠰᠣᠯᠠᠵᠤ᠂ ᠭᠡᠷ ᠤᠨ ᠡᠵᠡᠨ ᠢ ᠬᠦᠨᠳᠦᠳᠬᠡᠵᠦ  ᠪᠠᠶᠢᠭ᠎ᠠ ᠤᠳᠬ᠎ᠠ ᠲᠠᠢ᠃ ᠵᠠᠷᠢᠮ ᠬᠥᠮᠥᠨ ᠭᠡᠷ ᠲᠤ ᠣᠷᠣᠬᠤ ᠳᠠᠭᠠᠨ ᠪᠠᠷᠠᠭᠤᠨ ᠭᠠᠷ ᠢᠶᠠᠨ ᠰᠤᠩᠭᠠᠨ ᠲᠣᠲᠣᠭᠤ ᠠᠴᠠ   ᠨᠢ ᠠᠳᠢᠰ ᠠᠪᠴᠤ ᠮᠠᠩᠨᠠᠢ ᠳᠠᠭᠠᠨ ᠲᠦᠷᠬᠢᠨ ᠭᠡᠷ ᠤᠨ ᠡᠵᠡᠨ ᠳᠤ ᠬᠦᠨᠳᠦᠳᠬᠡᠯ ᠳᠡᠪᠰᠢᠭᠦᠯᠦᠨ᠂ ᠭᠡᠷ ᠤᠨ ᠡᠵᠡᠨ ᠢ ᠨᠢ  ᠬᠦᠨᠳᠦᠳᠬᠡᠵᠦ ᠪᠠᠶᠢᠭ᠎ᠠ ᠪᠠᠨ ᠢᠯᠡᠳᠬᠡᠳᠡᠭ᠃             ᠭᠡᠷ ᠤᠨ ᠪᠣᠱᠤᠭ᠎ᠠ ᠶᠢ ᠠᠯᠬᠤᠬᠤ ᠳᠠᠭᠠᠨ ᠬᠠᠲᠠᠪᠴᠢ ᠳᠤ ᠬᠥᠯ ᠬᠦᠷᠬᠦ ᠠᠴᠠ ᠪᠣᠯᠭᠤᠮᠵᠢᠯᠠᠨ᠂ ᠬᠠᠲᠠᠪᠴᠢ ᠶᠢᠨ  ᠵᠡᠭᠦᠨ ᠬᠠᠭᠠᠰ ᠲᠠᠯ᠎ᠠ ᠪᠠᠷ ᠠᠯᠬᠤᠨ ᠣᠷᠣᠨ᠎ᠠ᠃ ᠥᠨᠳᠥᠷ ᠨᠠᠰᠤᠲᠠᠨ᠂ ᠲᠣᠮᠤᠭ᠎ᠠ ᠲᠠᠢ ᠬᠥᠮᠥᠨ ᠢ ᠬᠠᠲᠠᠪᠴᠢ ᠶᠢᠨ  ᠪᠠᠷᠠᠭᠤᠨ ᠬᠠᠭᠠᠰ ᠲᠠᠯ᠎ᠠ ᠪᠠᠷ ᠤᠷᠢᠨ ᠣᠷᠣᠭᠤᠯᠳᠠᠭ᠃ ᠲᠥᠷᠥ ᠶᠢᠨ ᠶᠡᠭᠡ ᠲᠤᠰᠢᠶᠠᠯᠲᠠᠨ ᠬᠥᠮᠥᠨ ᠢ ᠤᠷᠢᠬᠤ ᠳᠠᠭᠠᠨ  ᠬᠠᠲᠠᠪᠴᠢ ᠶᠢᠨ ᠲᠥᠪ ᠳᠤᠮᠳᠠᠭᠤᠷ ᠠᠯᠬᠤᠨ ᠣᠷᠣᠭᠤᠯᠳᠠᠭ᠃ ᠡᠩ ᠤᠨ ᠦᠶ᠎ᠡ ᠳᠤ ᠪᠠᠷᠠᠭᠤᠨ ᠬᠠᠲᠠᠪᠴᠢ ᠪᠠᠷ ᠠᠯᠬᠤᠨ  ᠣᠷᠣᠭᠰᠠᠳ ᠢ ᠪᠡᠶ᠎ᠡ ᠪᠠᠨ ᠳᠡᠭᠡᠭᠦᠷ ᠦᠵᠡᠵᠦ᠂  ᠭᠡᠷ ᠤᠨ ᠡᠵᠡᠨ ᠢ ᠳᠣᠣᠷ᠎ᠠ ᠦᠵᠡᠨ ᠳᠣᠷᠣᠮᠵᠢᠯᠠᠭᠰᠠᠨ ᠳᠤ ᠲᠣᠭᠠᠴᠢᠳᠠᠭ᠃           ᠭᠡᠷ ᠲᠤ ᠣᠷᠣᠭᠰᠠᠨ ᠤ ᠳᠠᠷᠠᠭ᠎ᠠ ᠪᠦᠰᠡᠲᠡᠶᠢᠴᠦᠳ ᠲᠤᠯᠭ᠎ᠠ ᠶᠢᠨ ᠪᠠᠷᠠᠭᠤᠨ ᠢᠶᠠᠷ᠂ ᠪᠦᠰᠡᠭᠦᠶᠢᠴᠦᠳ  ᠲᠤᠯᠭ᠎ᠠ ᠶᠢᠨ ᠵᠡᠭᠦᠨ ᠢᠶᠠᠷ ᠰᠠᠭᠤᠳᠠᠭ᠃ ᠲᠤᠯᠭ᠎ᠠ ᠵᠤᠤᠬ᠎ᠠ ᠠᠴᠠ ᠵᠠᠶᠢᠲᠠᠢ ᠰᠢᠭ᠋ ᠪᠠᠶᠢᠵᠤ᠂ ᠬᠤᠷᠮᠣᠢ ᠭᠤᠳᠣᠯ᠂ ᠬᠥᠯ  ᠭᠠᠷ ᠢᠶᠠᠨ ᠲᠤᠯᠭ᠎ᠠ ᠵᠤᠤᠬᠠᠨ ᠳᠤ ᠬᠦᠷᠭᠡᠬᠦ ᠠᠴᠠ ᠬᠢᠴᠢᠶᠡᠨ᠎ᠡ᠃           ᠣᠯᠠᠨ ᠬᠥᠮᠥᠨ ᠬᠠᠮᠲᠤ ᠪᠠᠷ ᠮᠣᠩᠭᠤᠯ ᠭᠡᠷ ᠲᠤ ᠣᠷᠣᠬᠤ ᠳᠤ᠂ ᠬᠠᠮᠤᠭ ᠤᠨ ᠲᠡᠷᠢᠭᠦᠨ ᠳᠤ ᠥᠨᠳᠥᠷ  ᠨᠠᠰᠤᠲᠠᠨ ᠢ ᠤᠷᠢᠨ ᠣᠷᠣᠭᠤᠯᠵᠤ᠂ ᠪᠤᠰᠤᠳ ᠨᠢ ᠨᠠᠰᠤᠨ ᠤ ᠪᠠᠨ ᠳᠠᠷᠠᠭᠠᠯᠠᠯ ᠢᠶᠠᠷ ᠣᠷᠣᠳᠠᠭ ᠶᠣᠰᠣ ᠲᠠᠢ᠃             ᠮᠣᠩᠭᠤᠯ ᠭᠡᠷ ᠠᠴᠠ ᠭᠠᠷᠬᠤ ᠳᠠᠭᠠᠨ ᠬᠠᠶᠠᠭ᠎ᠠ ᠶᠢ ᠲᠠᠭᠠᠨ ᠭᠠᠷᠳᠠᠭ᠃ ᠲᠤᠯᠭ᠎ᠠ ᠵᠤᠤᠬ᠎ᠠ᠂ ᠲᠣᠭᠤᠭ᠎ᠠ ᠰᠢᠨᠠᠭ᠎ᠠ᠂  ᠡᠷᠭᠢᠨᠡᠭ ᠳᠠᠮᠵᠢᠭᠤᠷᠭ᠎ᠠ ᠳᠤ ᠬᠤᠷᠮᠣᠢ ᠭᠤᠳᠣᠯ ᠢᠶᠠᠨ ᠬᠦᠷᠭᠡᠬᠦ ᠶᠢ ᠴᠡᠭᠡᠷᠯᠡᠨ᠎ᠡ᠃ ᠭᠠᠯ ᠤᠨ ᠬᠠᠶᠢᠴᠢ ᠰᠢᠯᠡᠭᠡᠪᠦᠷ ᠳᠡᠭᠡᠷ᠎ᠡ  ᠭᠢᠰᠬᠢᠬᠦ ᠪᠤᠶᠤ ᠳᠡᠭᠡᠭᠦᠷ ᠨᠢ ᠠᠯᠬᠤᠬᠤ ᠶᠢ ᠮᠥᠨ ᠴᠡᠭᠡᠷᠯᠡᠳᠡᠭ᠃ ᠲᠤᠯᠭ᠎ᠠ ᠵᠤᠤᠬ᠎ᠠ ᠶᠢ ᠪᠦᠷᠢᠨ ᠡᠷᠭᠢᠵᠦ ᠭᠠᠷᠳᠠᠭ  ᠦᠭᠡᠢ᠃ ᠪᠠᠭᠠᠴᠤᠳ ᠬᠡᠦᠬᠡᠳ᠂ ᠪᠦᠰᠡᠭᠦᠶᠢᠴᠦᠳ ᠤᠷᠢᠳᠠᠪᠠᠷ ᠭᠠᠷᠤᠨ᠎ᠠ᠃ ᠭᠡᠬᠦ ᠳᠡᠭᠡᠨ ᠠᠷᠤ ᠪᠠᠷ ᠢᠶᠠᠨ ᠪᠤᠶᠤ  ᠪᠡᠶ᠎ᠡ ᠪᠠᠨ ᠬᠠᠵᠠᠭᠤᠯᠰᠬᠢᠨ ᠤᠬᠤᠷᠢᠵᠤ ᠭᠠᠷᠳᠠᠭ ᠪᠠᠶᠢᠨ᠎ᠠ᠃ ᠬᠤᠯᠠ ᠵᠠᠮ ᠶᠠᠪᠤᠬᠤ ᠬᠥᠮᠥᠨ ᠪᠤᠶᠤ ᠵᠣᠴᠢᠨ ᠭᠡᠷ ᠠᠴᠠ  ᠭᠠᠷᠬᠤ ᠳᠤ ᠰᠢᠨᠠᠭ᠎ᠠ ᠶᠢ ᠵᠠᠪᠠᠯ ᠲᠣᠭᠤᠭ᠎ᠠ ᠠᠴᠠ ᠰᠠᠯᠭᠠᠬᠤ ᠶᠣᠰᠣ  ᠲᠠᠢ ᠡᠰᠡᠪᠡᠯ ᠵᠠᠮ ᠳᠤ ᠰᠠᠭᠠᠳ ᠭᠠᠷᠤᠨ᠎ᠠ ᠭᠡᠳᠡᠭ᠃             ᠭᠡᠷ ᠠᠴᠠ ᠭᠠᠷᠬᠤ ᠳᠠᠭᠠᠨ ᠪᠡᠯᠭᠡ ᠲᠠᠮᠪᠡᠷᠢᠯ ᠲᠠᠢ ᠦᠭᠡ ᠬᠡᠯᠡᠵᠦ ᠢᠷᠦᠭᠡᠯ ᠲᠠᠯᠪᠢᠳᠠᠭ᠃ ᠴᠠᠭᠠᠨ ᠢᠳᠡᠭᠡ  ᠠᠮᠰᠠᠵᠤ᠂ ︽ᠵᠠᠮ ᠴᠠᠭᠠᠨ ᠪᠣᠯᠲᠤᠭᠠᠢ︕︾ ᠭᠡᠳᠡᠭ᠃ ᠭᠡᠷ ᠤᠨ ᠡᠵᠡᠨ ᠳᠤᠨᠢ ︽ᠲᠠ ᠨᠠᠷ ᠰᠠᠶᠢᠨ ᠰᠠᠭᠠᠲᠠᠵᠤ  ᠪᠠᠶᠢᠭᠠᠷᠠᠢ︕︾ ᠭᠡᠵᠤ ᠬᠡᠯᠡᠭᠡᠳ ᠠᠭᠠᠵᠢᠮ ᠢᠶᠠᠷ ᠠᠶᠠᠷᠯᠠᠨ ᠭᠠᠷᠳᠠᠭ᠃ ︽ᠠᠮᠠᠨ ᠪᠡᠯᠭᠡ ᠬᠠᠮᠢᠭᠠᠰᠢ ᠪᠠᠨ ᠪᠣᠯ  ᠠᠯᠤᠰ ᠤᠨ ᠪᠡᠯᠭᠡ ᠲᠡᠰᠢ ᠪᠠᠨ︾ ᠭᠡᠵᠤ ᠪᠡᠯᠭᠡ ᠳᠡᠮᠪᠡᠷᠢᠯ ᠲᠠᠢ ᠮᠣᠷᠳᠠᠨ ᠭᠠᠷᠬᠤ ᠶᠢ ᠡᠷᠬᠢᠮᠯᠡᠳᠡᠭ᠃ ︵ᠰᠠᠮᠫᠢᠯᠨᠤᠷᠪᠤ
 
ᠢᠷᠡᠯᠲᠡ᠄ ᠲᠤᠳᠤᠷᠬᠠᠢ ᠦᠭᠡᠢ
 
 
ᠬᠠᠮᠢᠶ᠎ᠠ ᠪᠥᠬᠦᠢ ᠰᠤᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备14003692号