ᠦᠬᠡᠷ ᠬᠤᠨᠢᠨ ᠤ ᠶᠠᠰᠣ ᠶᠢ ᠮᠦᠴᠢᠯᠡᠨ ᠰᠠᠯᠭᠠᠬᠤ ᠪᠠ ᠲᠡᠬᠦᠨ ᠤ ᠶᠠᠰᠣᠨ ᠤ ᠢᠯᠭᠠᠯ
ᠨᠡᠶᠢᠲᠡᠯᠡᠭᠰᠡᠨ ᠴᠠᠭ᠄
2016/4/6
    ᠠᠷᠦ ᠬᠤᠷᠴᠢᠨ ᠮᠤᠩᠭᠤᠯᠴᠤᠳ ᠮᠠᠯ ᠤᠨ ᠶᠠᠰᠣ ᠮᠢᠬ᠎ᠠ ᠶᠢ ᠡᠪᠳᠡᠵᠤ ᠰᠠᠯᠭᠠᠬᠤ ᠳᠤ ᠪᠠᠨ ᠮᠦᠴᠢ ᠮᠦᠴᠢ ᠪᠠᠷ   ᠰᠠᠯᠭᠠᠬᠤ ᠪᠠ ᠨᠢᠭᠡ ᠨᠢᠭᠡ ᠶᠠᠰᠣ ᠪᠠᠷ ᠦᠶᠡᠯᠡᠵᠤ ᠰᠠᠯᠭᠠᠳᠠᠭ᠃ ᠭᠡᠬᠦ ᠳᠤ ᠪᠠᠨ ᠮᠠᠯ ᠤᠨ ᠶᠠᠰᠣ ᠪᠦᠬᠦᠨ ᠳᠤ ᠨᠠᠷᠢᠨ   ᠲᠤᠭ᠎ᠠ ᠪᠠᠶᠢᠬᠤ ᠪᠦᠭᠡᠳ ᠲᠤᠰ ᠲᠤᠰ ᠲᠤ ᠪᠠᠨ ᠨᠡᠷ᠎ᠡ ᠪᠠᠶᠢᠳᠠᠭ᠃               ᠮᠤᠩᠭᠤᠯᠴᠣᠳ ᠮᠠᠯ ᠲᠦᠬᠦᠭᠡᠷᠦᠭᠰᠠᠨ ᠤ ᠰᠡᠬᠦᠯᠡᠷ ᠲᠤᠯᠤᠭᠠᠢ ᠲᠦᠷᠪᠡᠨ ᠰᠢᠬᠢᠷ᠎ᠡ ᠶᠢ ᠰᠠᠯᠭᠠᠨ ᠠᠪᠦᠭᠠᠳ   ᠪᠦᠬᠦᠯᠢ ᠪᠡᠶ᠎ᠡ ᠶᠢ ᠮᠦᠴᠢ ᠮᠦᠴᠢ ᠪᠠᠷ ᠮᠦᠴᠢᠯᠠᠵᠤ ᠰᠠᠯᠭᠠᠨ᠎ᠠ᠃ ᠨᠡᠶᠢᠳᠡ ᠵᠢᠷᠭᠤᠭᠠᠨ ᠮᠦᠴᠢ ᠬᠤᠪᠢᠶᠠᠳᠠᠭ᠃ ᠡᠬᠦᠨ   ᠳᠤ ᠰᠡᠭᠡᠷ ᠬᠦᠵᠤᠬᠦᠣ ᠡᠪᠴᠢᠭᠦᠣ ᠨᠢᠭᠡ ᠮᠦᠴᠢ᠂ ᠤᠭᠤᠴᠠ ᠨᠢᠭᠡ ᠮᠦᠴᠢ᠂ ᠬᠤᠶᠠᠷ ᠬᠠ ᠲᠤᠰ ᠪᠦᠷᠢ ᠨᠢᠭᠡ ᠮᠦᠴᠢ᠂ ᠬᠤᠶᠠᠷ ᠭᠤᠶ᠎ᠠ ᠲᠤᠰ ᠪᠦᠷᠢ ᠨᠢᠭᠡ ᠮᠦᠴᠢ᠂ ᠨᠡᠶᠢᠳᠡ ᠵᠢᠷᠭᠤᠭᠠᠨ ᠮᠦᠴᠢ ᠬᠤᠪᠢᠶᠠᠨ᠎ᠠ᠃             ᠶᠠᠰᠣᠨ ᠤ ᠲᠤᠭ᠎ᠠ᠄ ᠦᠬᠡᠷ ᠬᠤᠨᠢ ᠪᠦᠷ ᠬᠤᠶᠠᠷ ᠵᠠᠭᠤ ᠠᠷᠪᠠᠨ ᠭᠤᠷᠪᠠᠨ ᠬᠡᠰᠡᠭ ᠶᠠᠰᠣ ᠲᠠᠢ᠂ ᠢᠮᠠᠭ᠎ᠠ   ᠬᠤᠶᠠᠷ ᠵᠠᠭᠤ ᠪᠦᠭᠡᠳ ᠶᠢᠰᠣᠨ ᠬᠡᠰᠡᠭ ᠶᠠᠰᠣ ᠲᠠᠢ᠂ ᠢᠮᠠᠭ᠎ᠠ ᠨᠢ ᠦᠬᠡᠷ ᠬᠤᠨᠢ ᠠᠴᠠ ᠰᠡᠬᠦᠯ ᠤᠨ ᠶᠠᠰᠣ ᠨᠢ ᠲᠤᠳᠠᠭᠤ   ᠲᠦᠷᠪᠡᠨ ᠬᠡᠰᠡᠭ ᠪᠠᠶᠢᠳᠠᠭ᠃             ᠦᠬᠡᠷ ᠬᠤᠨᠢᠨ ᠤ ᠶᠠᠰᠣ ᠶᠢ ᠨᠢᠭᠡ ᠨᠢᠭᠡ ᠪᠠᠷ ᠨᠠᠷᠢᠨ ᠢᠯᠭᠠᠪᠠᠯ ᠲᠤᠯᠤᠭᠠᠢ ᠶᠢᠨ ᠬᠡᠰᠡᠭ ᠲᠤ ᠭᠤᠴᠢᠨ   ᠵᠢᠷᠭᠤᠭᠠᠨ ᠬᠡᠰᠡᠭ ᠶᠠᠰᠣ ᠲᠠᠢ᠂ ᠡᠬᠦᠨ ᠳᠤ ᠬᠤᠪᠬᠠᠢ ᠲᠤᠯᠤᠭᠠᠢ ᠨᠢᠭᠡ ᠬᠡᠰᠡᠭ᠂ ᠡᠷᠡᠣ ᠨᠢᠭᠡ ᠬᠡᠰᠡᠭ᠂ ᠠᠷᠠᠭ᠎ᠠ ᠰᠢᠳᠣ   ᠬᠤᠷᠢᠨ ᠲᠦᠷᠪᠡᠨ ᠬᠡᠰᠡᠭ᠂ ᠡᠬᠦᠳᠡᠨ ᠰᠢᠳᠣ ᠨᠠᠢᠮᠠᠨ ᠬᠡᠰᠡᠭ᠂ ᠬᠡᠯᠡ ᠪᠠᠭᠠᠯᠵᠤᠣᠷ ᠤᠨ ᠬᠠᠪᠠᠯᠭ᠎ᠠ ᠶᠢᠨ ᠶᠠᠰᠣ ᠬᠤᠶᠠᠷ   ᠬᠡᠰᠡᠭ ᠪᠠᠶᠢᠳᠠᠭ᠃                 ᠬᠦᠵᠤᠬᠦᠣ ᠰᠡᠭᠡᠷ ᠡᠪᠴᠢᠬᠦᠣ ᠨᠢᠭᠡ ᠮᠦᠴᠢ᠂ ᠨᠡᠶᠢᠳᠠ ᠲᠦᠴᠢᠨ ᠬᠡᠰᠡᠭ ᠶᠠᠰᠣ ᠲᠠᠢ᠃ ᠡᠬᠦᠨ ᠳᠤ ᠰᠡᠭᠡᠷ   ᠠᠷᠪᠠᠨ ᠭᠤᠷᠪᠠᠨ ᠬᠡᠰᠡᠭ᠂  ᠬᠦᠵᠤᠬᠦᠣ ᠵᠢᠷᠭᠤᠭᠠᠨ ᠬᠡᠰᠡᠭ᠂ ᠡᠪᠴᠢᠭᠦᠣ ᠬᠤᠷᠢᠨ ᠨᠢᠭᠡᠨ ᠬᠡᠰᠡᠭ ᠶᠠᠰᠣ ᠲᠠᠢ ᠪᠠᠶᠢᠳᠠᠭ᠃ ᠨᠠᠷᠢᠨ ᠲᠤᠭᠠᠴᠢᠪᠠᠯ ᠠᠮᠠᠨ ᠬᠦᠵᠤᠭᠦᠣ ᠨᠢᠭᠡ ᠬᠡᠰᠡᠭ᠂ ᠡᠮᠡᠭᠡᠯ ᠬᠦᠵᠤᠬᠦᠣ ᠨᠢᠭᠡ ᠬᠡᠰᠡᠭ᠂ ᠪᠤᠰᠤᠳ ᠬᠦᠵᠤᠬᠦᠣ   ᠲᠦᠷᠪᠠᠨ ᠬᠡᠰᠡᠭ ᠶᠠᠰᠣ ᠲᠠᠢ᠃ ᠮᠤᠬᠤᠷ ᠰᠡᠭᠡᠷ ᠨᠢᠭᠡ ᠬᠡᠰᠡᠭ᠂ ᠤᠬᠤᠷ ᠰᠡᠭᠡᠷ ᠲᠦᠷᠪᠠᠨ ᠬᠡᠰᠡᠭ᠂ ᠲᠤᠮᠳᠠᠬᠢ ᠰᠡᠭᠡᠷ   ᠲᠦᠷᠪᠡᠨ ᠬᠡᠰᠡᠭ᠂ ᠦᠨᠳᠣᠷ ᠰᠡᠭᠡᠷ ᠲᠦᠷᠪᠠᠨ ᠬᠡᠰᠡᠭ ᠶᠠᠰᠣ ᠲᠠᠢ᠃ ᠡᠪᠴᠢᠬᠦᠨ ᠤ ᠪᠦᠳᠣᠷᠬᠡᠢ ᠨᠢᠭᠡ ᠬᠡᠰᠡᠭ᠂   ᠠᠶᠤᠮᠠᠳᠠᠭᠠᠢ ᠨᠢᠭᠡ ᠬᠡᠰᠡᠭ᠂ ᠭᠤᠤᠯ ᠤᠨ ᠰᠢᠮᠡᠳᠠᠢ ᠶᠠᠰᠣ ᠲᠠᠪᠤᠨ ᠬᠡᠰᠡᠭ᠂ ᠬᠤᠷᠤᠭᠤᠨ ᠶᠠᠰᠣ ᠠᠷᠪᠠᠨ ᠲᠦᠷᠪᠠᠨ ᠬᠡᠰᠡᠭ   ᠪᠠᠶᠢᠳᠠᠭ᠃               ᠬᠤᠶᠠᠷ ᠬᠠ ᠶᠢᠨ ᠶᠠᠰᠣ ᠭᠤᠴᠢᠨ ᠵᠢᠷᠭᠤᠭᠠᠨ ᠬᠡᠰᠡᠭ ᠪᠠᠶᠢᠳᠠᠭ᠃ ᠡᠬᠦᠨ ᠳᠤ ᠲᠡᠯᠤ ᠬᠤᠶᠠᠷ ᠬᠡᠰᠡᠭ᠂  ᠬᠠᠶᠢᠨ  ᠴᠢᠮᠤᠭᠡ ᠬᠤᠶᠠᠷ ᠬᠡᠰᠡᠭ᠂ ᠪᠤᠭᠳᠣᠰ ᠬᠤᠶᠠᠷ ᠬᠡᠰᠡᠭ᠂ ᠪᠤᠭᠳᠣᠰ ᠤᠨ ᠲᠤᠯᠤᠭᠠᠢ ᠶᠢᠨ ᠵᠢᠵᠢᠭ ᠰᠢᠭᠰᠢᠭ ᠶᠠᠰᠣ  ᠠᠷᠪᠠᠨ  ᠬᠡᠰᠡᠭ᠂ ᠬᠠᠪᠢᠷᠭ᠎ᠠ ᠬᠤᠷᠢᠨ ᠬᠡᠰᠡᠭ᠂ ᠬᠠᠪᠢᠷᠭ᠎ᠠ ᠶᠢ ᠨᠠᠷᠢᠨ ᠲᠤᠭᠠᠴᠢᠪᠠᠯ᠂ ᠦᠨᠳᠣᠷ ᠬᠠᠪᠢᠷᠭ᠎ᠠ ᠨᠠᠢᠮᠠᠨ ᠬᠡᠰᠡᠭ  ᠂  ᠲᠤᠮᠳᠠ ᠶᠢᠨ ᠬᠠᠪᠢᠷᠭ᠎ᠠ ᠵᠢᠷᠭᠤᠭ᠎ᠠ᠂ ᠪᠤᠭᠤᠨᠢ ᠬᠠᠪᠢᠷᠭ᠎ᠠ ᠵᠢᠷᠭᠤᠭ᠎ᠠ ᠪᠠᠶᠢᠳᠠᠭ᠃               ᠤᠭᠤᠴᠠᠨ ᠤ ᠶᠠᠰᠣ ᠭᠤᠴᠢᠨ ᠨᠢᠭᠡᠨ ᠬᠡᠰᠡᠭ ᠪᠠᠶᠢᠳᠠᠭ᠃ ᠡᠬᠦᠨ ᠳᠤ ᠨᠢᠷᠤᠭᠤ ᠨᠠᠢᠮᠠᠨ ᠬᠡᠰᠡᠭ᠂   ᠰᠦᠪᠡᠷᠭᠡᠳᠡᠰᠤ ᠵᠢᠷᠭᠤᠭᠠᠨ ᠬᠡᠰᠡᠭ᠂ ᠰᠡᠬᠦᠯ ᠤᠨ ᠪᠤᠭᠤᠮ ᠨᠢᠭᠡ ᠬᠡᠰᠡᠭ᠂ ᠰᠡᠬᠦᠯ ᠤᠨ ᠦᠶ᠎ᠡ ᠶᠢᠨ ᠵᠢᠵᠢᠭ ᠶᠠᠰᠣ ᠠᠷᠪᠠᠨ   ᠵᠢᠷᠭᠤᠭᠠᠨ ᠬᠡᠰᠡᠭ ᠪᠠᠶᠢᠳᠠᠭ᠃               ᠬᠤᠶᠠᠷ ᠭᠤᠶ᠎ᠠ ᠳᠤ ᠠᠷᠪᠠᠨ ᠬᠤᠶᠠᠷ ᠬᠡᠰᠡᠭ ᠶᠠᠰᠣ ᠪᠠᠶᠢᠳᠠᠭ᠃ ᠡᠬᠦᠨ ᠳᠤ ᠰᠡᠬᠦᠵᠢ ᠬᠤᠶᠠᠷ ᠬᠡᠰᠡᠭ᠂  ᠲᠤᠮᠳᠠ  ᠴᠢᠮᠤᠭᠡ ᠬᠤᠶᠠᠷ ᠬᠡᠰᠡᠭ᠂ ᠱᠠᠭᠠᠳᠣ ᠬᠤᠶᠠᠷ ᠬᠡᠰᠡᠭ᠂ ᠲᠤᠶᠢᠭ ᠬᠤᠶᠠᠷ ᠬᠡᠰᠡᠭ᠂ ᠰᠡᠷᠢᠰᠣᠨ ᠪᠤᠷᠪᠢ ᠬᠤᠶᠠᠷ  ᠬᠡᠰᠡᠭ᠂  ᠱᠠᠭ᠎ᠠ ᠬᠤᠶᠠᠷ ᠬᠡᠰᠡᠭ ᠪᠠᠶᠢᠳᠠᠭ᠃               ᠲᠦᠷᠪᠠᠨ ᠰᠢᠬᠢᠷ᠎ᠡ ᠳᠤ ᠲᠠᠪᠢᠨ  ᠨᠠᠢᠮᠠᠨ ᠬᠡᠰᠡᠭ ᠶᠠᠰᠣ ᠪᠠᠶᠢᠳᠠᠭ᠃ ᠡᠬᠦᠨ ᠳᠤ ᠰᠢᠯᠪᠢ ᠲᠦᠷᠪᠠᠨ ᠬᠡᠰᠡᠭ᠂   ᠠᠷᠦ ᠶᠢᠨ ᠬᠤᠶᠠᠷ ᠰᠢᠬᠢᠷ᠎ᠡ ᠶᠢᠨ ᠲᠡᠭᠡᠷ᠎ᠡ ᠦᠵᠦᠬᠦᠷ ᠤᠨ ᠵᠢᠵᠢᠭ ᠰᠢᠭᠰᠢᠭ ᠶᠠᠰᠣ ᠠᠷᠪᠠᠨ ᠬᠡᠰᠡᠭ᠂ ᠪᠠᠬᠢᠯᠢᠭ᠌ ᠶᠠᠰᠤ   ᠲᠦᠷᠪᠠᠨ ᠬᠡᠰᠡᠭ᠂ ᠴᠦᠮᠴᠠ ᠶᠠᠰᠣ ᠨᠠᠢᠮᠠᠨ ᠬᠡᠰᠡᠭ᠂ ᠲᠠᠲᠠᠮ ᠶᠠᠰᠣ ᠨᠠᠢᠮᠠᠨ ᠬᠡᠰᠡᠭ᠂ ᠲᠣᠣᠷ᠎ᠡ ᠰᠢᠭᠰᠢᠭ ᠶᠠᠰᠣ ᠠᠷᠪᠠᠨ   ᠵᠢᠷᠭᠤᠭᠠᠨ ᠬᠡᠰᠡᠭ᠂ ᠲᠤᠭᠤᠷᠠᠢ ᠶᠢᠨ ᠶᠠᠰᠣ ᠨᠠᠢᠮᠠᠨ ᠬᠡᠰᠡᠭ ᠪᠠᠶᠢᠳᠠᠭ᠃
 
ᠢᠷᠡᠯᠲᠡ᠄ ᠤᠯᠠᠭᠠᠬᠠᠳᠠ ᠶᠢᠨ ᠵᠠᠰᠠᠭ  ᠤᠨ ᠤᠷᠳᠤᠨ  ᠤ ᠮᠤᠩᠭᠤᠯ ᠰᠦᠯᠵᠢᠶ᠎ᠠ
 
 
ᠬᠠᠮᠢᠶ᠎ᠠ ᠪᠥᠬᠦᠢ ᠰᠤᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备14003692号