ᠬᠡᠰᠢᠭᠳᠡᠨ ᠮᠤᠩᠭᠤᠯᠴᠤᠳ ᠤᠨ ᠤᠪᠤᠭ ᠤᠭᠰᠠᠭ᠎ᠠ ᠶᠢᠨ ᠲᠠᠭᠤᠳᠠᠯᠭ᠎ᠠ ᠪᠤᠯ ᠪᠦᠬᠦ ᠮᠤᠩᠭᠤᠯᠴᠤᠳ ᠤᠨ | ᠤᠪᠤᠭ ᠤᠭᠰᠠᠭ᠎ᠠ ᠶᠢᠨ ᠪᠠᠰᠠ ᠨᠢᠭᠡ ᠴᠢᠬᠤᠯᠠ ᠬᠡᠰᠡᠭ ᠪᠣᠯᠬᠤ ᠶᠤᠮ᠃ ᠬᠡᠰᠢᠭᠳᠡᠨ ᠮᠤᠩᠭᠤᠯᠴᠤᠳ ᠤᠨ ᠤᠪᠤᠭ | ᠤᠭᠰᠠᠭ᠎ᠠ ᠶᠢᠨ ᠲᠠᠭᠤᠳᠠᠯᠭ᠎ᠠ ᠶᠢᠨ ᠵᠠᠷᠢᠮ ᠨᠢ ᠤᠷᠤᠨ ᠭᠠᠵᠠᠷ ᠲᠤ ᠬᠠᠪᠢᠶᠠᠭᠳᠠᠨ ᠠᠳᠠᠯᠢ ᠪᠣᠰᠤ ᠪᠠᠷ | ᠲᠠᠭᠤᠳᠠᠭᠳᠠᠨ ᠵᠠᠩᠰᠢᠭᠰᠠᠨ ᠮᠡᠳᠤ ᠶᠢᠨ ᠤᠨᠴᠠᠯᠢᠭ ᠪᠤᠢ᠃ ᠤᠷᠳᠤ ᠤᠳᠠᠭᠠᠨ ᠬᠤᠭᠤᠴᠠᠭᠠᠨ ᠤ ᠲᠡᠤᠭᠡᠨ ᠶᠠᠪᠤᠴᠠ | ᠳᠤ ᠤᠯᠤᠰ ᠬᠦᠷᠦᠨ ᠤ ᠬᠤᠭᠤᠷᠤᠨᠳᠤᠬᠢ ᠲᠠᠶᠢᠨ ᠪᠠᠶᠢᠯᠳᠣᠭᠠᠨ᠂ ᠡᠷᠭᠡ ᠰᠦᠷ ᠤᠨ ᠣᠷᠣᠨ ᠪᠠᠶᠢᠷᠢ | ᠪᠤᠯᠢᠶᠠᠯᠳᠤᠭᠰᠠᠨ ᠰᠠᠭᠤᠷᠢᠨ ᠤ ᠲᠡᠮᠡᠴᠡᠭᠡᠨ᠂ ᠲᠦᠷᠦ ᠬᠦᠷᠦᠨ ᠤ ᠰᠤᠯᠢᠭᠳᠠᠯ ᠪᠠ ᠠᠷᠠᠳ ᠢᠷᠭᠡᠳ ᠤᠨ | ᠰᠢᠯᠵᠢᠯᠳᠡ ᠨᠡᠭᠦᠳᠡᠯ᠂ ᠠᠯᠪᠠ ᠴᠡᠷᠢᠭ ᠤᠨ ᠲᠠᠳᠠᠪᠤᠷᠢᠯᠠᠯ ᠪᠠ ᠠᠯᠪᠠᠨ ᠤ ᠲᠤᠰᠢᠶᠠᠯ ᠢᠶᠠᠷ ᠤᠷᠤᠨ ᠰᠢᠯᠵᠢᠭᠦ ᠮᠡᠳᠤ | ᠶᠢᠨ ᠤᠯᠠᠨ ᠵᠤᠶᠢᠯ ᠤᠨ ᠪᠤᠰᠤᠳᠴᠢ ᠰᠢᠯᠳᠠᠭᠠᠨ ᠠᠴᠠ ᠪᠤᠯᠵᠤ᠂ ᠬᠡᠰᠢᠭᠳᠡᠨ ᠮᠤᠩᠭᠤᠯᠴᠤᠳ ᠤᠨ ᠤᠪᠤᠭ | ᠤᠭᠰᠠᠭ᠎ᠠ ᠳᠤ ᠤᠯᠠᠨ ᠵᠤᠶᠢᠯ ᠤᠨ ᠬᠠᠪᠢᠷᠠᠯᠳᠠ ᠭᠠᠷᠴᠤ ᠦᠩᠭᠡᠷᠡᠭᠰᠡᠨ ᠪᠠᠶᠢᠳᠠᠭ ᠃ ᠭᠠᠳᠠᠭᠰᠢ ᠨᠡᠭᠦᠵᠤ | ᠰᠢᠯᠵᠢᠭᠰᠡᠨ ᠬᠡᠰᠢᠭᠳᠡᠩᠴᠤᠳ ᠪᠠ ᠭᠠᠳᠡᠷ ᠤᠷᠤᠨ ᠠᠴᠠ ᠬᠡᠰᠢᠭᠳᠡᠨ ᠳᠤ ᠨᠡᠭᠦᠵᠤ ᠢᠷᠡᠭᠰᠡᠨ ᠮᠣᠩᠭᠤᠯᠴᠣᠳ ᠨᠢ | ᠲᠠᠬᠠᠢ ᠭᠠᠵᠠᠷ ᠣᠷᠤᠨ ᠤ ᠪᠠᠨ ᠦᠭᠡ ᠬᠡᠯᠡ ᠦᠰᠦᠭ ᠪᠢᠴᠢᠭ᠂ ᠵᠠᠩ ᠲᠠᠳᠬᠠᠯ ᠵᠡᠷᠭᠡ ᠶᠢᠨ ᠨᠦᠯᠦᠭᠡ ᠠᠴᠠ | ᠪᠤᠯᠵᠤ᠂ ᠤᠪᠤᠭ ᠨᠡᠷ᠎ᠡ ᠪᠠᠨ ᠲᠠᠭᠤᠳᠠᠬᠤ ᠲᠠᠯ᠎ᠠ ᠪᠠᠷ᠂ ᠬᠠᠷᠢᠯᠴᠠᠨ ᠨᠦᠯᠦᠭᠡᠯᠡᠭᠳᠡᠵᠤ᠂ ᠦᠪᠡᠷ ᠤᠨ ᠤᠪᠤᠭ | ᠤᠭᠰᠠᠭ᠎ᠠ ᠪᠠᠨ ᠪᠤᠷᠤᠭᠤ ᠲᠠᠭᠤᠳᠠᠬᠤ ᠵᠡᠷᠭᠡ ᠶᠢᠨ ᠠᠰᠠᠭᠤᠳᠠᠯ ᠤᠳᠤ ᠳᠤ ᠲᠤᠯᠳᠠᠯ᠎ᠠ ᠤᠷᠤᠰᠢᠵᠤ ᠪᠠᠶᠢᠭᠰᠠᠭᠠᠷ᠃ | ᠡᠨᠡ ᠨᠢ ᠨᠡᠯᠢᠶᠡᠳ ᠡᠷᠳᠡ ᠭᠠᠳᠠᠭᠰᠢ ᠨᠠᠭᠦᠵᠤ ᠰᠢᠯᠵᠢᠭᠰᠡᠨ ᠬᠡᠰᠢᠭᠳᠡᠨ ᠮᠤᠩᠭᠤᠯ ᠤᠪᠤᠭᠳᠠᠨ ᠪᠠ ᠣᠳᠤ ᠨᠤᠳᠤᠭ | ᠲᠠᠭᠠᠨ ᠰᠠᠭᠤᠵᠤ ᠪᠠᠶᠢᠭ᠎ᠠ ᠬᠡᠰᠢᠭᠳᠡᠨᠴᠤᠳ ᠤᠨ ᠤᠪᠤᠭ ᠤᠭᠰᠠᠭ᠎ᠠ ᠶᠢᠨ ᠨᠡᠷᠡᠶᠢᠳᠤᠯ ᠲᠠᠭᠤᠳᠠᠯᠭ᠎ᠠ ᠠᠳᠠᠯᠢ ᠦᠭᠡᠢ | ᠪᠤᠯᠤᠭᠰᠠᠨ ᠢ ᠲᠤᠳᠤᠷᠬᠠᠢ ᠬᠠᠷᠠᠭᠤᠯᠵᠤ ᠪᠠᠶᠢᠳᠠᠭ ᠶᠤᠮ᠃ | ᠠᠳᠡ ᠪᠢ ᠬᠡᠰᠢᠭᠳᠡᠨ ᠮᠤᠩᠭᠤᠯ ᠤᠨ ᠤᠮᠤᠭᠰᠢᠯᠳᠣ ᠦᠷᠡᠰ ᠪᠤᠯᠤᠭᠰᠠᠨ ᠤ ᠬᠤᠪᠢ ᠠᠴᠠ ᠦᠨᠳᠦᠰᠦᠳᠡᠨ | ᠤᠭᠰᠠᠭᠠᠳᠠᠨ ᠤ ᠪᠠᠨ ᠰᠤᠶᠤᠯ ᠲᠡᠤᠭᠡ ᠪᠠ ᠢᠷᠡᠭᠡᠳᠦᠢ ᠶᠢᠨ ᠡᠮᠦᠨ᠎ᠡ ᠠᠴᠠ᠂ ᠬᠡᠰᠢᠭᠳᠡᠨ ᠤ ᠰᠤᠶᠤᠯ ᠲᠡᠤᠭᠡ | ᠰᠤᠳᠤᠯᠭᠠᠴᠢ ᠨᠤᠳᠤᠭ ᠤᠨ ᠪᠤᠭᠤᠷᠤᠯ ᠪᠠ᠊᠂ ᠦᠯᠵᠡᠢ ᠨᠠᠰᠤᠳᠠᠨ ᠤ ᠠᠮᠢᠳᠤ ᠰᠡᠷᠡᠭᠦᠨ ᠪᠠᠶᠢᠬᠤ ᠳᠠᠭᠠᠨ | ᠴᠤᠭᠯᠠᠭᠤᠯᠤᠨ ᠡᠮᠬᠢᠳᠭᠡᠵᠤ ᠦᠯᠡᠳᠡᠭᠡᠭᠰᠡᠨ ᠬᠡᠰᠢᠭᠳᠡᠨ ᠮᠤᠩᠭᠤᠯᠴᠤᠳ ᠤᠨ ᠤᠪᠤᠭ ᠲᠦᠷᠦᠯ ᠪᠠ ᠤᠪᠤᠭ | ᠲᠠᠭᠤᠳᠠᠯᠭ᠎ᠠ ᠶᠢ ᠠᠳᠡ ᠤᠭ ᠬᠡᠪ ᠢᠶᠠᠷ ᠨᠢ ᠰᠡᠶᠢᠷᠡᠭᠦᠯᠦᠨ ᠨᠡᠶᠢᠳᠡᠯᠡᠵᠤ᠂ ᠤᠩᠰᠢᠭᠴᠢ ᠲᠠᠨᠠᠷ ᠲᠠᠢ ᠪᠠᠨ | ᠬᠤᠪᠢᠶᠠᠯᠴᠠᠬᠤ ᠶᠢᠨ ᠬᠠᠮᠳᠣ᠂ ᠨᠡᠩ ᠴᠢᠨᠠᠭᠰᠢᠳᠠ ᠰᠤᠳᠤᠯᠤᠨ ᠪᠦᠷᠢᠨᠰᠢᠭᠦᠯᠬᠦ ᠶᠢ ᠰᠠᠨᠠᠭᠠᠴᠢᠯᠠᠯ᠎ᠠ᠃ | ᠬᠡᠰᠢᠭᠳᠡᠨ ᠮᠤᠩᠭᠤᠯᠴᠤᠳ ᠤᠨ ᠤᠪᠤᠭ ᠪᠠ ᠬᠢᠳᠠᠳ ᠤᠷᠴᠢᠭᠤᠯᠭ᠎ᠠ ᠶᠢᠨ ᠲᠠᠭᠤᠳᠠᠯᠭ᠎ᠠ᠄ ᠪᠤᠷᠵᠢᠬᠢᠨ ︵宝 | 、 博︶᠂ ᠪᠤᠭᠤᠷᠵᠢᠳ ︵鲍︶᠂ ᠴᠠᠭᠠᠨ ᠲᠠᠲ᠋ᠠᠷ ︵白︶᠂ ᠭᠤᠷᠴᠠᠳ ︵高︶᠂ ᠦᠷᠡᠨᠤᠳ ︵欧 | ︶᠂ ᠬᠤᠩᠬᠢᠷᠠᠳ ︵郝︶᠂ ᠬᠡᠷᠡᠶᠢᠳ ︵赫︶᠂ ᠬᠠᠷᠠᠨᠤᠳ ︵黑︶᠂ ᠲᠠᠯᠳᠠ ︵ᠲᠠᠯᠠᠳ︶ ︵背、 | 海、桑︶᠂ ᠤᠷᠢᠶᠠᠩᠬᠠᠢ ︵乌︶᠂ ᠤᠶᠠᠰᠠᠩᠭᠦᠢ ︵吴︶᠂ ᠲᠤᠷᠭᠠᠨ ᠰᠢᠷ᠎ᠠ ︵段︶᠂ | ᠪᠠᠶᠠᠭᠤᠳ ︵付、白 ︶᠂ ᠬᠦᠬᠡᠨᠤᠳ ︵兰︶᠂ ᠮᠡᠷᠬᠢᠳ ︵温︶᠂ ᠰᠠᠷᠠᠨᠤᠳ ︵岳︶᠂ | ᠭᠠᠰᠢᠭᠤᠠᠭᠤᠳ ︵赵︶᠂ ᠲᠦᠮᠡᠳ ︵ 万︶᠂ ᠰᠢᠷᠠᠨᠤᠳ ︵黄︶᠂ ᠲᠠᠩᠭᠤᠳ ︵唐︶᠂ | ᠵᠠᠶᠢᠰᠠᠩ ︵翟︶᠂ ᠵᠦᠩᠵᠠᠩ ︵张︶᠂ ᠯᠠᠬᠠᠶᠢᠳ ︵赖︶᠂ ᠦᠵᠢᠶᠡᠳ ︵徐︶᠂ ᠠᠯᠠᠭᠱᠠ ︵宁 | ︶᠂ ᠶᠤᠤᠰᠢᠷᠠ ︵乐︶᠂ ᠭᠠᠯᠴᠢᠨ ︵霍︶᠂ ᠠᠯᠳᠠᠨ ᠰᠢᠷᠡᠭᠡᠳᠣ ︵金︶᠂ ᠲᠠᠯᠠᠨ ᠰᠠᠭᠠᠳᠠᠭᠳᠠᠨ ︵海 | ︶᠂ ᠮᠠᠯᠴᠢᠳ ︵牧︶᠂ ᠲᠤᠯᠤᠨᠤᠳ ︵齐︶᠂ ᠲᠠᠪᠢᠨ ᠬᠠᠯᠬ᠎ᠠ ︵伍︶᠂ ᠰᠦᠯᠵᠢᠳ ︵孙︶᠂ | ᠵᠠᠮᠴᠢ ︵路︶ ᠵᠡᠷᠭᠡ ᠭᠤᠴᠢᠨ ᠲᠦᠷᠪᠡ ᠪᠤᠢ᠃ ᠡᠭᠦᠨ ᠠᠴᠠ ᠭᠠᠳᠠᠨ᠎ᠠ ᠵᠠᠷᠢᠮ ᠮᠤᠩᠭᠤᠯ ᠤᠪᠤᠭ ᠤᠨ | ᠬᠢᠳᠠᠳ ᠮᠤᠩᠭᠤᠯ ᠬᠤᠶᠠᠷ ᠬᠡᠯᠡ ᠶᠢᠨ ᠲᠠᠭᠤᠳᠠᠯᠭ᠎ᠠ ᠶᠢ ᠪᠦᠷᠢᠨ ᠴᠤᠭᠯᠠᠭᠤᠯᠵᠤ ᠴᠢᠳᠠᠭᠠᠳᠤᠢ ᠪᠠᠶᠢᠨ᠎ᠠ᠂ ᠨᠢᠬᠡ | ᠪᠦᠯᠦᠭ ᠬᠢᠳᠠᠳ ᠳ᠋ᠠᠩ ᠦᠰᠦᠭ ᠢᠶᠠᠷ ᠤᠪᠤᠭᠯᠠᠵᠤ ᠪᠠᠶᠢᠬᠤ ᠶᠢ ᠬᠢᠳᠠᠳ ᠦᠰᠦᠭ ᠢᠶᠠᠷ ᠨᠢ ᠲᠡᠮᠳᠡᠭᠯᠡᠵᠡᠢ᠄ ᠴᠧᠨ | ︵陈︶᠂ ᠴᠢᠨ ︵秦︶᠂ ᠲᠦᠩ ︵佟︶᠂ ᠸᠠᠩ ︵王︶᠂ ᠸᠠᠩ ︵汪︶᠂ ᠯᠢᠤ ︵刘︶᠂ | ᠳ᠋ᠦ᠋ ︵杜︶᠂ ᠵᠢᠶᠠᠩ ︵姜︶᠂ ᠴᠢᠶᠤᠤ ︵乔︶᠂ ᠼᠤᠤ ︵曹︶ ᠵᠡᠷᠭᠡ ᠠᠷᠪᠠᠨ ᠤᠪᠤᠭ ᠪᠠᠶᠢᠨ᠎ᠠ | ᠃ ᠪᠤᠶᠠᠨᠳᠤ ᠪᠤᠭᠤᠷᠤᠯ ᠨᠠᠰᠤᠳᠠᠨ ᠮᠠᠨᠢ ᠠᠮᠢᠳᠤ ᠰᠡᠷᠡᠭᠦᠨ ᠪᠠᠶᠢᠬᠤ ᠳᠠᠭᠠᠨ ᠬᠡᠰᠢᠭᠳᠡᠨ ᠮᠤᠩᠭᠤᠯᠴᠤᠳ ᠤᠨ ᠤᠪᠤᠭ | ᠲᠠᠭᠤᠳᠠᠯᠭ᠎ᠠ ᠶᠢ ᠠᠩᠬ᠎ᠠ ᠠᠯᠬᠤᠮ ᠴᠤᠭᠯᠠᠭᠤᠯᠤᠭᠠᠳ ᠲᠦᠴᠢᠨ ᠲᠦᠷᠪᠡ ᠪᠤᠯᠭᠠᠵᠠᠢ᠂ ᠬᠤᠶᠢᠰᠢᠳᠠ | ᠦᠯᠡᠳᠡᠭᠳᠡᠵᠤ ᠪᠠᠶᠢᠬᠤ ᠤᠪᠤᠭ ᠲᠠᠭᠤᠳᠠᠯᠭ᠎ᠠ ᠶᠢ ᠦᠷᠭᠦᠯᠵᠢᠯᠡᠨ ᠡᠮᠬᠢᠳᠭᠡᠨ ᠲᠡᠮᠳᠡᠭᠯᠡᠭᠦ ᠪᠠ ᠤᠯᠠᠮ ᠴᠢᠨᠠᠭᠰᠢᠳᠠ | ᠰᠤᠳᠤᠯᠤᠨ ᠰᠢᠨᠵᠢᠯᠡᠬᠦ ᠨᠢ ᠪᠢᠳᠡ ᠪᠦᠬᠦᠨ ᠤ ᠮᠦᠷᠦᠨ ᠲᠡᠭᠡᠷ᠎ᠡ ᠲᠠᠯᠪᠢᠭᠳᠠᠵᠤ ᠪᠠᠶᠢᠭ᠎ᠠ ᠪᠠᠰᠠ ᠨᠢᠬᠡ ᠬᠦᠨᠳᠦ | ᠡᠭᠦᠷᠭᠡ ᠪᠤᠯᠬᠤ ᠶᠤᠮ᠃ ᠦᠨᠳᠦᠰᠦᠳᠡᠨ ᠤ ᠮᠢᠨᠢ ᠦᠨᠡᠳᠦ ᠦᠪ ᠪᠤᠯᠤᠭᠰᠠᠨ ᠰᠤᠶᠤᠯ ᠲᠡᠤᠭᠡ ᠶᠢᠨ ᠢᠶᠠᠨ | ᠮᠠᠷᠭᠠᠰᠢ ᠶᠢᠨ ᠲᠦᠯᠦᠭᠡ ᠬᠠᠮᠳᠣᠪᠡᠷ ᠢᠶᠠᠨ ᠴᠢᠷᠮᠠᠶᠢᠵᠠᠭᠠᠶ᠎ᠠ︕ | | |