ᠮᠤᠩᠭᠤᠯᠴᠤᠳ ᠤᠨ ᠦᠢᠯᠡ ᠠᠵᠢᠯᠯᠠᠭ᠎ᠠ ᠶᠢᠨ ᠴᠡᠬᠡᠷ
ᠨᠡᠶᠢᠲᠡᠯᠡᠭᠰᠡᠨ ᠴᠠᠭ᠄
2016/4/6
   ◇ᠡᠪᠡᠰᠦ ᠤᠷᠭᠤᠮᠠᠯ ᠢ ᠲᠤᠷ᠎ᠠ ᠪᠠᠷ ᠢᠶᠠᠨ ᠬᠤᠭᠤᠯᠵᠤ ᠰᠦᠢᠳᠬᠡᠪᠡᠯ ᠨᠠᠰᠤᠨ ᠤ ᠲᠤᠭ᠎ᠠ ᠤᠬᠤᠷ ᠪᠤᠯᠤᠨ᠎ᠠ ᠬᠡᠲᠡᠭ᠃        ◇  ᠵᠤᠯᠠ ᠶᠢᠨ ᠭᠠᠯ ᠢ ᠦᠯᠢᠶᠡᠵᠦ ᠤᠨᠲᠠᠷᠠᠭᠠᠬᠤ ᠶᠢ ᠴᠡᠬᠡᠷᠯᠡᠨ᠎ᠡ᠃ ᠪᠤᠷᠬᠠᠨ ᠠᠭᠤᠷᠯᠠᠵᠤ᠂ ᠪᠤᠶᠠᠨ ᠪᠠᠭᠤᠷᠠᠨ᠎ᠠ  ᠬᠡᠲᠡᠭ᠃      ◇ ᠬᠡᠷ ᠲᠤ ᠲᠤᠷ᠎ᠠ ᠪᠠᠷ ᠢᠶᠠᠨ ᠢᠰᠬᠡᠷᠬᠦ ᠶᠢ ᠴᠡᠬᠡᠷᠯᠡᠨ᠎ᠡ᠃ ᠶᠤᠰᠤ ᠮᠤᠷᠠᠯ ᠦᠬᠡᠢ ᠳᠤ ᠲᠤᠭᠠᠴᠠᠭᠲᠠᠨ᠎ᠠ᠃ ᠵᠤᠨ  ᠬᠡᠷ ᠲᠤ ᠢᠰᠬᠡᠷᠪᠡᠯ ᠮᠤᠭᠠᠢ ᠤᠷᠤᠵᠤ ᠢᠷᠡᠨ᠎ᠡ ᠬᠡᠲᠡᠭ᠃        ◇ ᠬᠤᠭᠤᠯᠠ ᠢᠲᠡᠵᠦ ᠪᠠᠷᠠᠮᠠᠭᠴᠠ ᠰᠤᠨᠢᠶᠠᠬᠤ ᠶᠢ ᠴᠡᠬᠡᠷᠯᠡᠨ᠎ᠡ᠃ ᠦᠯᠦᠨ ᠲᠠᠵᠢᠨ ᠪᠤᠯᠤᠨ᠎ᠠ ᠬᠡᠲᠡᠭ᠃      ◇ ᠨᠤᠮ ᠦᠵᠡᠵᠦ ᠪᠠᠶᠢᠭᠠᠳ ᠰᠤᠨᠢᠶᠠᠬᠤ ᠶᠢ ᠴᠡᠬᠡᠷᠯᠡᠨ᠎ᠡ᠃ ︽ᠰᠤᠷᠤᠭᠰᠠᠨ ᠨᠢ ᠰᠤᠭᠤ ᠪᠠᠷ ᠭᠠᠷᠤᠨ᠎ᠠ︾  ᠬᠡᠲᠡᠭ᠃        ◇ ᠡᠷᠡᠦ ᠪᠠᠨ ᠲᠤᠯᠤᠵᠤ ᠰᠠᠭᠤᠬᠤ ᠶᠢ ᠴᠡᠬᠡᠷᠯᠡᠨ᠎ᠡ᠃ ᠡᠵᠢ ᠠᠪᠤ ᠳᠤ ᠪᠠᠨ ᠬᠠᠵᠢᠷ ᠪᠤᠯᠤᠨ᠎ᠠ ᠬᠡᠲᠡᠭ᠃        ◇ ᠦᠷᠯᠦᠬᠡ ᠤᠷᠤᠢ ᠳᠤ ᠪᠠᠨ ᠤᠬᠢᠯᠠᠬᠤ ᠶᠢ ᠴᠡᠬᠡᠷᠯᠡᠨ᠎ᠡ᠃  ᠮᠠᠭᠤ ᠢᠷᠸ᠎ᠠ ᠬᠡᠲᠡᠭ᠃      ◇ ᠬᠤᠯᠠᠭᠠᠢ ᠬᠢᠬᠦ ᠶᠢ ᠴᠡᠬᠡᠷᠯᠡᠨ᠎ᠡ᠃ ᠬᠤᠮᠤᠬᠠᠢ ᠬᠤᠷᠤᠭᠤ ᠲᠡᠬᠡᠷ᠎ᠡ ᠨᠢ ᠶᠡᠷ᠎ᠡ ᠭᠠᠷᠤᠨ᠎ᠠ ᠬᠡᠲᠡᠭ᠃        ◇ ᠬᠤᠲᠠᠯ ᠬᠡᠯᠡᠬᠦ ᠶᠢ ᠴᠡᠬᠡᠷᠯᠡᠨ᠎ᠡ᠃ ᠬᠡᠯᠡ ᠮᠠᠭᠤ ᠲᠠᠢ ᠪᠤᠯᠤᠨ᠎ᠠ ᠬᠡᠲᠡᠭ᠃        ◇ ᠬᠡᠪᠲᠡᠭᠡ ᠪᠠᠷ ᠲᠠᠭᠤᠯᠠᠵᠤ ᠬᠢᠨᠭᠰᠢᠬᠦ ᠶᠢ ᠴᠡᠬᠡᠷᠯᠡᠨ᠎ᠡ᠃ ᠬᠤᠵᠢᠮ ᠳᠤ ᠪᠠᠨ ᠰᠡᠳᠬᠢᠯ ᠰᠠᠨᠠᠭ᠎ᠠ ᠲᠡᠪᠡᠷᠡᠨ᠎ᠡ  ᠬᠡᠲᠡᠭ᠃        ◇ ᠮᠤᠭᠠᠢ᠂ ᠮᠡᠯᠡᠬᠡᠢ᠂ ᠵᠢᠭᠠᠰᠤ ᠠᠯᠠᠬᠤ ᠶᠢ ᠴᠡᠬᠡᠷᠯᠡᠨ᠎ᠡ᠃ ᠯᠤᠤᠰ ᠤᠨ ᠬᠤᠤᠷᠯᠠᠯ ᠪᠤᠯᠤᠨ᠎ᠠ ᠬᠡᠲᠡᠭ᠃        ◇ ᠠᠬᠠᠮᠠᠳ ᠨᠠᠰᠤᠲᠠᠨ ᠤ ᠲᠡᠬᠡᠲᠦ ᠲᠡᠯ᠎ᠡ ᠳᠤ ᠰᠠᠭᠤᠬᠤ ᠶᠢ ᠴᠡᠬᠡᠷᠯᠡᠨ᠎ᠡ᠃ ᠶᠤᠰᠤ ᠮᠤᠷᠠᠯ ᠦᠬᠡᠢ ᠳᠤ  ᠲᠤᠭᠠᠴᠠᠭᠳᠠᠬᠤ ᠪᠤᠶᠤ ᠪᠤᠶᠠᠨ ᠢᠶᠠᠨ ᠪᠠᠷᠠᠨ᠎ᠠ ᠬᠡᠲᠡᠭ᠃        ◇ ᠬᠦᠯ ᠢᠶᠠᠨ ᠵᠢᠬᠢᠬᠦ ᠪᠤᠶᠤ ᠠᠯᠴᠡᠶᠢᠵᠦ ᠰᠠᠭᠤᠬᠤ ᠶᠢ ᠴᠡᠬᠡᠷᠯᠡᠨ᠎ᠡ᠃ ᠰᠤᠷᠲᠠᠯ ᠦᠬᠡᠢ ᠠᠶᠢᠯ ᠤᠨ ᠬᠡᠦᠬᠡᠳ ᠢ  ᠰᠠᠭᠤᠲᠠᠯ ᠢᠶᠠᠷ ᠨᠢ ᠰᠢᠨᠵᠢ ᠬᠡᠲᠡᠭ ᠦᠬᠡ ᠪᠤᠢ᠃        ◇ ᠡᠯᠢᠬᠡ ᠪᠠᠨ ᠲᠡᠪᠡᠷᠢᠬᠦ ᠪᠤᠶᠤ ᠡᠩᠬᠡᠷ ᠢᠶᠠᠨ ᠵᠦᠷᠢᠬᠦᠯᠵᠦ ᠶᠠᠪᠤᠬᠤ ᠶᠢ ᠴᠡᠬᠡᠷᠯᠡᠨ᠎ᠡ᠃ ᠬᠡᠶᠢᠮᠤᠷᠢ ᠰᠦᠯᠲᠡ  ᠪᠠᠨ  ᠪᠠᠷᠠᠨ᠎ᠠ ᠬᠡᠲᠡᠭ᠃        ◇ ᠪᠤᠰᠤᠳ ᠤᠨ ᠮᠠᠯᠠᠭᠠᠢ ᠶᠢ ᠠᠪᠴᠤ ᠵᠡᠬᠦᠬᠦ ᠶᠢ ᠴᠡᠬᠡᠷᠯᠡᠨ᠎ᠡ᠃ ᠮᠠᠯᠠᠭᠠᠢ ᠲᠠᠷᠤᠨ᠎ᠠ ᠬᠡᠲᠡᠭ᠃        ◇ ᠰᠠᠪᠬ᠎ᠠ ᠪᠠᠨ ᠠᠶᠠᠭ᠎ᠠ ᠲᠡᠬᠡᠷ᠎ᠡ ᠲᠤᠨᠤᠯᠵᠢᠯᠠᠵᠤ ᠲᠠᠯᠪᠢᠬᠤ ᠶᠢ ᠴᠡᠬᠡᠷᠯᠡᠨ᠎ᠡ᠃ ᠠᠮᠠᠨ ᠬᠡᠰᠢᠭ ᠢᠶᠠᠨ ᠪᠠᠷᠠᠨ᠎ᠠ  ᠬᠡᠲᠡᠭ᠃        ◇ ᠪᠤᠱᠤᠭᠠᠨ ᠲᠡᠭᠡᠷ᠎ᠡ ᠵᠤᠭᠰᠤᠬᠤ ᠪᠤᠶᠤ ᠰᠠᠭᠤᠬᠤ ᠶᠢ ᠴᠡᠬᠡᠷᠯᠡᠨ᠎ᠡ᠃ ᠪᠤᠲᠠᠭ᠎ᠠ ᠤᠯᠵᠤ ᠢᠲᠡᠬᠦ ᠦᠬᠡᠢ ᠪᠤᠯᠤᠨ᠎ᠠ  ᠬᠡᠲᠡᠭ᠃        ◇ ᠵᠠᠮ ᠤᠨ ᠬᠠᠵᠠᠭᠤ ᠳᠤ ᠰᠢᠬᠡᠬᠦ ᠶᠢ ᠴᠡᠬᠡᠷᠯᠡᠨ᠎ᠡ᠃ ᠨᠢᠲᠦᠨ ᠳᠤ ᠡᠪᠦᠲᠦᠭ ᠭᠠᠷᠤᠨ᠎ᠠ ᠬᠡᠲᠡᠭ᠃        ◇ ᠬᠦᠮᠦᠨ ᠤ ᠦᠬᠡᠲᠡ ᠨᠢᠯᠪᠤᠬᠤ ᠶᠢ ᠴᠡᠬᠡᠷᠯᠡᠨ᠎ᠡ᠃ ᠠᠮᠠᠨ ᠬᠡᠰᠢᠭ ᠢᠶᠠᠨ ᠪᠠᠷᠠᠨ᠎ᠠ ᠬᠡᠲᠡᠭ᠃        ◇ ᠰᠢᠪᠠᠭᠤᠨ ᠤ ᠦᠨᠲᠡᠭᠡ ᠬᠠᠭᠠᠯᠬᠤ ᠶᠢ ᠴᠡᠬᠡᠷᠯᠡᠨ᠎ᠡ᠃ ᠨᠢᠬᠦᠯ ᠪᠤᠯᠤᠨ᠎ᠠ ᠬᠡᠲᠡᠭ᠃        ◇ ᠦᠬᠢᠨ ᠬᠦᠮᠦᠨ ᠰᠢᠪᠠᠭᠤᠨ ᠦᠨᠲᠡᠭᠡ ᠬᠠᠭᠠᠯᠪᠠᠯ ᠤᠯᠲᠤᠢ ᠪᠤᠯᠤᠨ᠎ᠠ ᠬᠡᠲᠡᠭ᠃        ◇ ᠠᠩᠭᠠᠬᠠᠢ ᠠᠯᠠᠪᠠᠯ ᠰᠢᠪᠠᠭᠤᠨ ᠤ ᠬᠠᠷᠢᠶᠠᠯ ᠬᠦᠷᠦᠨ᠎ᠡ ᠬᠡᠵᠦ ᠴᠡᠬᠡᠷᠯᠡᠲᠡᠭ᠃      
 
ᠢᠷᠡᠯᠲᠡ᠄ ᠴᠤᠮᠤᠷᠯᠢᠭ ᠰᠡᠳᠬᠦᠯ
 
 
ᠬᠠᠮᠢᠶ᠎ᠠ ᠪᠥᠬᠦᠢ ᠰᠤᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备14003692号