ᠮᠤᠩᠭᠤᠯ ᠦᠨᠳᠦᠰᠦᠲᠡᠨ ᠤ ᠤᠯᠠᠮᠵᠢᠯᠠᠯᠲᠤ ᠭᠠᠯ ᠲᠠᠬᠢᠯᠭ᠎ᠠ ᠶᠢᠨ ᠶᠤᠰᠤᠨ
ᠨᠡᠶᠢᠲᠡᠯᠡᠭᠰᠡᠨ ᠴᠠᠭ᠄
2016/4/6
     ᠮᠤᠩᠭᠤᠯ ᠦᠨᠳᠦᠰᠦᠨᠲᠡᠨ ᠤ ᠭᠠᠯ ᠲᠠᠬᠢᠯᠭ᠎ᠠ ᠶᠢᠨ ᠶᠤᠰᠤᠨ 13 ᠳ᠋ᠤᠭᠠᠷ ᠵᠠᠭᠤᠨ ᠳᠤ ᠡᠬᠦᠰᠴᠦ᠂ ᠦᠶ᠎ᠡ  ᠵᠠᠯᠭᠠᠮᠵᠢᠯᠠᠨ ᠤᠯᠠᠮᠵᠢᠯᠠᠭᠲᠠᠭᠰᠠᠭᠠᠷ ᠤᠲᠤ ᠪᠤᠯᠵᠡᠢ᠃ ᠮᠤᠩᠭᠤᠯᠴᠤᠳ ᠭᠠᠯ ᠢ ᠬᠡᠬᠡᠨ ᠴᠢᠨᠠᠷᠲᠤ᠂ ᠬᠠᠲᠠᠭᠤ ᠶᠢ  ᠲᠦᠯᠡᠭᠴᠢ᠂ ᠬᠠᠷᠠᠩᠭᠤᠢ ᠶᠢ ᠬᠡᠶᠢᠬᠦᠯᠦᠭᠴᠢ ᠬᠡᠮᠡᠨ ᠠᠷᠢᠭᠤᠨ ᠲᠠᠷᠬᠠᠨ ᠢᠶᠠᠷ ᠲᠡᠬᠡᠲᠦᠯᠡᠲᠡᠭ᠃ ᠮᠤᠩᠭᠤᠯᠴᠤᠳ ᠤᠨ ᠠᠩ  ᠠᠩᠨᠠᠬᠤ᠂ ᠨᠡᠬᠦᠲᠡᠯ ᠠᠮᠢᠲᠤᠷᠡᠯ ᠳᠤ ᠭᠠᠯ ᠲᠤᠲᠠᠭᠲᠠᠵᠤ ᠪᠤᠯᠤᠰᠢ ᠦᠬᠡᠢ ᠪᠠᠶᠢᠭᠰᠡᠨ ᠢᠶᠠᠷ ᠭᠠᠯ ᠢ ᠠᠮᠢᠲᠤᠷᠡᠯ ᠂ ᠠᠲᠡᠯ  ᠬᠦᠷᠦᠩᠬᠡ᠂ ᠠᠮᠢ ᠨᠠᠰᠤ ᠲᠠᠢ ᠪᠠᠨ ᠬᠤᠯᠪᠤᠨ ᠰᠢᠲᠤᠲᠡᠭ᠃ ᠭᠤᠷᠪᠡᠨ ᠴᠢᠯᠠᠭᠤ ᠪᠠᠷ ᠲᠤᠯᠭ᠎ᠠ ᠬᠢᠵᠦ᠂ ᠡᠬᠦᠨ ᠢᠶᠠᠨ ︽ ᠭᠠᠯ ᠭᠤᠯᠤᠮᠲᠠ︾ ᠬᠡᠵᠦ᠂ ᠭᠠᠯ ᠢ ᠲᠤᠶᠢᠯ ᠤᠨ ᠡᠷᠬᠢᠮ ᠨᠠᠨᠳᠢᠨ ᠷᠢᠳᠢ ᠰᠢᠲᠢ ᠲᠠᠢ ᠵᠦᠢᠯ ᠢᠶᠠᠷ ᠦᠵᠡᠵᠦ᠂ ᠬᠦᠮᠦᠰ   ᠲᠤ ᠢᠯᠴᠢ ᠬᠡᠷᠡᠯ ᠤᠯᠭᠤᠲᠠᠭ ᠰᠢᠲᠦᠬᠡᠨ ᠰᠠᠬᠢᠭᠤᠰᠤ ᠪᠠᠷ ᠦᠵᠡᠭᠰᠡᠬᠡᠷ ᠢᠷᠡᠭᠰᠡᠨ ᠶᠤᠮ᠃          ᠮᠤᠩᠭᠤᠯᠴᠤᠳ ᠤᠨ ᠡᠷᠲᠡᠨ ᠠᠴᠠ ᠪᠠᠨ ᠰᠢᠲᠤᠵᠤ ᠪᠠᠶᠢᠭᠰᠡᠨ ᠭᠠᠯ ᠤᠨ ᠪᠤᠷᠬᠠᠨ ᠪᠤᠯ  ︽ᠤᠳᠬᠤᠨ ᠲᠡᠭᠷᠢ ︾  ᠪᠤᠯᠤᠨ᠎ᠠ᠃ ᠭᠠᠯ ᠢ ᠡᠮ᠎ᠡ ᠬᠦᠢᠰᠦᠲᠡᠨ ᠪᠠ ᠡᠬᠡ ᠶᠢᠨ ᠪᠦᠷᠢᠯᠸ᠎ᠠ ᠪᠤᠯᠭᠠᠨ ᠠᠮᠢ ᠨᠠᠰᠤ᠂ ᠲᠦᠷᠦᠵᠦ ᠡᠰᠨᠢᠬᠦ  ᠶᠢᠨ ᠡᠬᠢ  ᠡᠬᠦᠰᠦᠯ ᠪᠤᠯᠭᠠᠨ ᠦᠵᠡᠵᠦ ᠪᠠᠶᠢᠵᠡᠢ᠃          ᠮᠤᠩᠭᠤᠯᠴᠤᠳ ᠤᠨ ᠭᠠᠯ ᠲᠠᠬᠢᠯᠭ᠎ᠠ ᠳᠤ ᠠᠶᠢᠯ ᠡᠷᠦᠬᠡ ᠶᠢᠨ ᠲᠠᠬᠢᠯᠭ᠎ᠠ᠂ ᠠᠯᠪᠡᠨ ᠲᠠᠬᠢᠯᠭ᠎ᠠ᠂ ᠰᠦᠮ᠎ᠡ ᠬᠡᠶᠢᠳ   ᠤᠨ ᠲᠠᠬᠢᠯᠭ᠎ᠠ ᠬᠡᠬᠦ ᠭᠤᠷᠪᠠᠨ ᠵᠦᠢᠯ ᠪᠠᠶᠢᠲᠠᠭ᠃ ᠡᠲᠡᠬᠡᠷ ᠲᠠᠬᠢᠯᠭ᠎ᠠ ᠨᠢ ᠰᠢᠲᠦᠯᠬᠡ ᠪᠢᠰᠢᠷᠡᠯ ᠤᠨ ᠲᠠᠯ᠎ᠡ  ᠪᠠᠷ ᠪᠦᠬᠡ  ᠮᠦᠷᠬᠦᠯ ᠤᠨ ᠶᠤᠰᠤ ᠪᠠᠷ ᠲᠠᠬᠢᠬᠤ᠂ ᠰᠢᠷ᠎ᠠ ᠶᠢᠨ ᠱᠠᠰᠢᠨ ᠤ ᠰᠤᠷᠭᠠᠯ ᠢᠶᠠᠷ ᠲᠠᠬᠢᠬᠤ ᠬᠡᠵᠦ ᠬᠤᠶᠡᠷ ᠶᠠᠩᠵᠤ ᠪᠠᠶᠢᠲᠠᠭ᠃  ᠴᠠᠭ ᠬᠤᠭᠤᠴᠠᠭ᠎ᠠ᠂ ᠲᠠᠬᠢᠯᠭ᠎ᠠ ᠬᠢᠬᠦ ᠬᠦᠷᠢᠶ᠎ᠡ ᠴᠡᠷ᠎ᠡ ᠪᠠᠷ ᠡᠩ ᠤᠨ ᠲᠠᠬᠢᠯᠭ᠎ᠠ᠂ ᠰᠠᠷ᠎ᠠ ᠶᠢᠨ ᠲᠠᠬᠢᠯᠭ᠎ᠠ᠂ ᠤᠯᠠᠷᠢᠯ ᠤᠨ  ᠲᠠᠬᠢᠯᠭ᠎ᠠ᠂ ᠶᠡᠭᠡ ᠲᠠᠬᠢᠯᠭ᠎ᠠ ᠬᠡᠵᠦ ᠬᠤᠶᠠᠷ ᠬᠤᠪᠢᠶᠡᠲᠠᠭ᠃            ᠤᠲᠤᠬᠠᠨ ᠳᠤ ᠮᠤᠩᠭᠤᠯᠴᠤᠳ ᠤᠨ ᠲᠤᠮᠲᠠ ᠠᠶᠢᠯ ᠡᠷᠦᠬᠡ ᠶᠢᠨ ᠲᠠᠬᠢᠯᠭ᠎ᠠ ᠨᠢ ᠬᠠᠮᠤᠭ ᠠᠴᠠ ᠦᠷᠬᠡᠨ  ᠬᠡᠪᠴᠢᠶᠡᠨ ᠳᠤ ᠶᠠᠪᠤᠭᠲᠠᠲᠠᠭ᠃ ᠵᠢᠯ ᠪᠦᠷᠢ ᠶᠢᠨ ᠪᠢᠯᠢᠭ ᠤᠨ ᠤᠯᠠᠷᠢᠯ ᠤᠨ ᠬᠤᠷᠢᠨ ᠭᠤᠷᠪᠠᠨ ᠲᠦᠷᠪᠡᠨ ᠪᠤᠯᠵᠤ᠂  ᠤᠲᠤᠳ ᠲᠦᠬᠡᠵᠦ ᠡᠬᠢᠯᠡᠬᠦ ᠪᠠᠷ ᠭᠠᠯ ᠢᠶᠠᠨ ᠲᠠᠬᠢᠲᠠᠭ᠃ ᠬᠠᠷᠠᠴᠤ ᠠᠶᠢᠯ ᠨᠢ ᠬᠤᠷᠢᠨ ᠭᠤᠷᠪᠡᠨ ᠳᠤ ᠭᠠᠯ ᠢᠶᠠᠨ  ᠲᠠᠬᠢᠵᠤ᠂ ᠲᠠᠶᠢᠵᠢ ᠠᠶᠢᠯ ᠨᠢ ᠬᠤᠷᠢᠨ ᠲᠦᠷᠪᠡᠨ ᠪᠠᠷ ᠭᠠᠯ ᠢᠶᠠᠨ ᠲᠠᠬᠢᠲᠠᠭ᠃ ᠬᠡᠪᠡᠴᠤ ᠪᠠᠷᠭᠤ ᠨᠤᠲᠤᠭ ᠤᠨ ᠵᠠᠷᠢᠮ  ᠭᠠᠵᠠᠷ ᠢᠶᠠᠷ ᠬᠤᠷᠢᠨ ᠵᠢᠷᠭᠤᠭᠠᠨ ᠳᠤ ᠭᠠᠯ ᠢᠶᠠᠨ ᠲᠠᠬᠢᠵᠤ᠂ ᠤᠩᠭᠤᠳ ᠲᠠᠬᠢᠵᠤ ᠪᠠᠶᠢᠭᠰᠡᠨ ᠬᠦᠪᠡᠬᠡᠲᠦ ᠰᠢᠶ᠎ᠠ ᠶᠢᠨ  ᠶᠢᠰᠦ ᠶᠢᠨ ᠰᠤᠮᠤᠨ ᠤ ᠵᠠᠷᠢᠮ ᠠᠶᠢᠯ᠂ ᠠᠪᠠᠭ᠎ᠠ ᠶᠢᠨ ᠡᠹᠦ᠋ ᠶᠢᠨ ᠬᠠᠯᠬ᠎ᠠ ᠠᠶᠢᠯ᠂ ᠬᠦᠬᠡᠨᠠᠭᠤᠷ ᠤᠨ ᠲᠡᠬᠡᠲᠦ ᠮᠤᠩᠭᠤᠯ   ᠤᠨ ᠵᠠᠷᠢᠮ ᠬᠤᠰᠢᠭᠤᠳ ᠡᠪᠦᠯ ᠤᠨ ᠰᠡᠬᠦᠯ ᠰᠠᠷ᠎ᠠ ᠶᠢᠨ ᠪᠢᠲᠡᠬᠦᠨ ᠳᠤ ᠭᠠᠯ ᠢᠶᠠᠨ ᠲᠠᠬᠢᠲᠠᠭ ᠤᠨᠴᠠᠭᠠᠢ ᠵᠢᠱᠢᠶ᠎ᠡ ᠴᠤ  ᠪᠠᠶᠢᠲᠠᠭ᠃            ᠭᠠᠯ ᠲᠠᠬᠢᠯᠭ᠎ᠠ ᠶᠢᠨ ᠪᠡᠯᠡᠳᠬᠡᠯ ᠶᠤᠰᠤᠨ            ᠭᠠᠯ ᠲᠠᠬᠢᠯᠭ᠎ᠠ ᠠᠴᠠ ᠪᠠᠨ ᠡᠮᠦᠨ᠎ᠡ ᠭᠠᠯ ᠲᠠᠬᠢᠬᠤ ᠳᠤ ᠬᠡᠷᠡᠭᠯᠡᠬᠦ ᠡᠪᠴᠢᠬᠦᠦ ᠬᠤᠰ ᠪᠠ ᠡᠪᠡᠰᠦ ᠮᠤᠲᠤ᠂  ᠢᠲᠡᠬᠡᠨ ᠤ ᠵᠦᠢᠯ᠂ ᠡᠮᠦᠰᠬᠡᠯ ᠰᠠᠳᠡᠷ ᠪᠡᠯᠡᠳᠬᠡᠵᠦ᠂ ᠤᠲᠤᠭ᠎ᠠ ᠲᠤᠭᠤᠰᠤ ᠪᠠᠨ ᠬᠦᠪᠢᠨ᠂ ᠭᠠᠯ ᠲᠠᠬᠢᠯᠭ᠎ᠠ ᠳᠠᠭᠠᠨ  ᠪᠡᠯᠡᠳᠬᠡᠲᠡᠭ᠃ ᠡᠪᠦᠯ ᠤᠨ ᠦᠬᠦᠴᠡᠨ ᠠᠴᠠ ᠪᠠᠨ ᠬᠢᠵᠢᠭ ᠬᠠᠮᠠᠭᠤ ᠳᠤ ᠨᠡᠷᠪᠡᠭᠲᠡᠭᠰᠡᠨ ᠦᠬᠡᠢ᠂ ᠴᠢᠨ᠋ᠸ᠎ᠠ ᠨᠤᠬᠠᠢ ᠳᠤ  ᠬᠠᠵᠠᠭᠳᠠᠭᠰᠠᠨ ᠦᠬᠡᠢ ᠴᠠᠭᠠᠨ ᠪᠤᠶᠤ ᠬᠠᠯᠵᠡᠨ ᠬᠤᠨᠢᠨ ᠤ ᠡᠪᠴᠢᠬᠦᠦ ᠪᠠ ᠬᠤᠰ ᠢ ᠭᠠᠯ ᠲᠠᠬᠢᠬᠤ ᠳᠠᠭᠠᠨ ᠪᠡᠯᠡᠳᠬᠡᠲᠡᠭ᠃ ᠭᠠᠯ ᠲᠠᠬᠢᠬᠤ ᠠᠴᠠ ᠪᠠᠨ ᠡᠮᠦᠨ᠎ᠡ ᠬᠠᠶᠢᠯᠠᠰᠤᠨ ᠮᠤᠲᠤ ᠪᠠ ᠰᠤᠷ ᠨᠢ ᠲᠠᠰᠤᠷᠠᠭᠰᠠᠨ ᠦᠬᠡᠢ ᠬᠢᠯᠭᠠᠨ᠎ᠠ᠂ ᠦᠯᠦᠩ  ᠴᠠᠭᠠᠨ ᠲᠡᠬᠦᠵᠦ ᠭᠠᠯ ᠲᠠᠬᠢᠬᠤ ᠳᠠᠭᠠᠨ ᠪᠡᠯᠡᠳᠬᠡᠲᠡᠭ᠃ ᠭᠠᠯ ᠲᠠᠬᠢᠬᠤ ᠡᠲᠦᠷ ᠡᠷᠲᠡᠯᠡᠨ ᠮᠠᠯ ᠬᠤᠨᠢ ᠪᠠᠨ ᠪᠡᠯᠴᠢᠬᠡᠵᠦ᠂  ᠬᠡᠷ ᠤᠨ ᠪᠠᠨ ᠰᠢᠷᠢᠲᠡᠭ ᠲᠡᠪᠢᠰᠬᠡᠷ᠂ ᠤᠨᠢ ᠲᠤᠭᠤᠨᠤ᠂ ᠬᠠᠨᠠᠨ ᠤ ᠪᠠᠨ ᠤᠲᠤᠭ᠎ᠠ ᠲᠤᠭᠤᠰᠤ ᠶᠢ ᠴᠡᠪᠡᠷᠯᠡᠵᠦ᠂  ᠪᠠᠶᠢᠰᠢᠩ ᠬᠡᠷ ᠲᠠᠢ ᠠᠶᠢᠯ ᠨᠢ ᠴᠤᠩᠬᠤᠨ ᠰᠢᠯ ᠢᠶᠠᠨ ᠵᠦᠯᠬᠦᠵᠦ᠂ ᠠᠪᠲᠠᠷ᠎ᠠ ᠬᠤᠷᠭᠤ  ᠪᠠᠨ ᠠᠷᠴᠢᠵᠤ᠂ ᠬᠦᠷᠢᠶ᠎ᠠ  ᠬᠠᠰᠢᠶ᠎ᠠ ᠪᠠᠨ ᠱᠦᠬᠦᠷᠲᠡᠵᠦ ᠬᠠᠭᠤᠴᠢᠨ ᠵᠢᠯ ᠤᠨ ᠲᠤᠭᠤᠰᠤ ᠪᠠᠨ ᠴᠡᠪᠡᠷᠯᠡᠲᠡᠭ᠃ ᠡᠬᠦᠨ ᠠᠴᠠ ᠭᠠᠲᠠᠨ᠎ᠠ ᠤᠲᠠᠰᠤ  ᠡᠬᠡᠷᠦᠨ᠂ ᠡᠪᠴᠢᠬᠦᠦ ᠵᠠᠰᠠᠵᠤ᠂ ᠲᠠᠯᠠᠯᠭᠠᠨ ᠬᠡᠰᠢᠭ ᠪᠡᠯᠡᠳᠬᠡᠵᠦ᠂ ᠠᠮᠤᠰᠤ ᠪᠡᠯᠡᠳᠬᠡᠲᠡᠭ᠃ ᠲᠠᠬᠢᠨ ᠲᠠᠯᠠᠯᠭᠠᠨ  ᠰᠠᠭᠤᠯᠭ᠎ᠠ᠂ ᠲᠠᠯᠠᠯᠭᠠᠨ ᠰᠤᠮᠤ᠂ ᠲᠠᠯᠠᠯᠭᠠᠨ ᠤᠭᠤᠲᠠ ᠪᠠᠨ ᠪᠡᠯᠳᠬᠡᠵᠦ᠂ ᠲᠠᠯᠠᠯᠭᠠᠨ ᠤᠭᠤᠲᠠᠨ ᠳᠠᠭᠠᠨ ᠡᠪᠴᠢᠬᠦᠨ ᠤ  ᠬᠡᠷᠰᠡᠭ᠂ ᠴᠤᠷᠵᠢ ᠶᠢᠨ ᠮᠢᠬ᠎ᠠ᠂ ᠱᠠᠭᠠᠨᠲᠤ᠂ ᠲᠦᠷᠪᠡᠨ ᠦᠨᠲᠦᠷ ᠵᠡᠷᠬᠡ ᠶᠢ ᠬᠢᠵᠦ᠂ ᠭᠠᠯ ᠤᠨ ᠲᠠᠯᠠᠯᠭ᠎ᠠ ᠠᠪᠬᠤ ᠳᠠᠭᠠᠨ  ᠪᠡᠯᠡᠳᠬᠡᠲᠡᠭ᠃ ᠭᠠᠯ ᠲᠠᠬᠢᠯᠭ᠎ᠠ ᠶᠢᠨ ᠡᠳᠡᠬᠡᠷ ᠰᠠᠶᠢᠬᠠᠨ ᠵᠠᠩ ᠵᠠᠩᠰᠢᠯ ᠨᠢ ᠮᠤᠩᠭᠤᠯᠴᠤᠳ ᠤᠨ ᠰᠢᠨ᠎ᠡ ᠨᠢᠬᠡᠨ ᠵᠢᠯ   ᠳᠡᠭᠡᠨ ᠦᠯᠵᠡᠢ ᠲᠠᠢ ᠰᠠᠶᠢᠬᠠᠨ ᠶᠠᠪᠤᠬᠤ ᠶᠢᠨ ᠵᠦᠩᠨᠡᠯ ᠪᠤᠯᠲᠠᠭ᠃            ᠭᠠᠯ ᠲᠠᠬᠢᠯᠭ᠎ᠠ ᠶᠢᠨ ᠠᠯᠬᠤᠮ ᠲᠠᠷᠠᠭ᠎ᠠ            ᠮᠤᠩᠭᠤᠯᠴᠤᠳ ᠤᠨ ᠭᠠᠯ ᠲᠠᠬᠢᠯᠭ᠎ᠠ ᠶᠢᠨ ᠶᠤᠰᠤᠯᠠᠯ ᠨᠢ ᠭᠠᠯ ᠲᠠᠬᠢᠯᠭ᠎ᠠ ᠶᠢᠨ ᠪᠡᠯᠡᠳᠬᠡᠯ᠂ ᠭᠠᠯ ᠲᠠᠬᠢᠬᠤ  ᠶᠤᠰᠤᠯᠠᠯ᠂ ᠭᠠᠯ ᠤᠨ ᠲᠠᠯᠠᠯᠭ᠎ᠠ ᠬᠡᠬᠦ ᠮᠡᠲᠤ ᠶᠢᠨ ᠶᠠᠪᠤᠴᠠ ᠪᠠᠷ ᠶᠠᠪᠤᠭᠲᠠᠲᠠᠭ᠃ ᠭᠠᠯ ᠲᠠᠬᠢᠬᠤ ᠡᠲᠦᠷ ᠠᠴᠠ ᠪᠠᠨ  ᠡᠬᠢᠯᠡᠨ ᠬᠡᠷ ᠤᠷᠤᠨ ᠢᠶᠠᠨ ᠴᠡᠪᠡᠷᠯᠡᠵᠤ᠂ ᠭᠠᠯ ᠲᠠᠬᠢᠯᠭ᠎ᠠ ᠳᠤ ᠬᠡᠷᠡᠭᠯᠡᠬᠦ ᠵᠦᠢᠯ ᠢᠶᠠᠨ ᠪᠡᠯᠡᠳᠬᠡᠲᠡᠭ᠃ ᠭᠠᠯ ᠲᠠᠬᠢᠬᠤ  ᠳᠤ  ᠬᠡᠷᠡᠭᠯᠡᠬᠦ ᠮᠤᠲᠤ ᠪᠠᠨ ᠪᠡᠯᠡᠳᠬᠡᠵᠦ᠂ ᠰᠢᠷᠢᠲᠡᠭ ᠲᠡᠪᠢᠰᠬᠡᠷ ᠤᠨ ᠢᠶᠠᠨ ᠲᠤᠭᠤᠰᠤ ᠶᠢ ᠠᠷᠢᠯᠭᠠᠵᠤ᠂ ᠬᠡᠷ ᠪᠠᠷᠠᠭ᠎ᠠ  ᠪᠠᠨ  ᠵᠦᠯᠬᠦᠵᠦ ᠴᠡᠪᠡᠷᠯᠡᠨ ᠴᠢᠲᠠᠬᠤ ᠶᠢᠨ ᠲᠤᠲᠤᠷ᠎ᠠ ᠴᠡᠪᠡᠷ ᠪᠠᠶᠢᠯᠭᠠᠨ᠎ᠠ᠃ ᠠᠶᠢᠯ ᠡᠷᠦᠬᠡ ᠶᠢᠨ ᠭᠠᠯ ᠲᠠᠬᠢᠯᠭ᠎ᠠ  ᠶᠢᠨ ᠶᠤᠰᠤ  ᠵᠠᠩᠰᠢᠯ ᠴᠤ ᠭᠠᠵᠠᠷ ᠨᠤᠲᠤᠭ ᠤᠨ ᠢᠯᠭᠠᠭ᠎ᠠ᠂ ᠠᠵᠤ ᠠᠮᠢᠲᠤᠷᠡᠯ ᠤᠨ ᠪᠠᠶᠢᠲᠡᠯ ᠵᠡᠷᠬᠡ ᠶᠢᠨ ᠵᠦᠷᠢᠶ᠎ᠡ  ᠠᠴᠠ ᠪᠤᠯᠵᠤ᠂  ᠬᠤᠭᠤᠷᠤᠨᠲᠤ ᠪᠠᠨ ᠵᠦᠷᠢᠶ᠎ᠡ ᠲᠠᠢ ᠪᠠᠶᠢᠲᠠᠭ᠃ ᠨᠡᠬᠦᠲᠡᠯ ᠠᠮᠢᠲᠤᠷᠡᠯ ᠠᠴᠠ ᠪᠠᠨ ᠰᠠᠭᠤᠷᠢᠰᠢᠯ ᠳᠤ ᠰᠢᠯᠵᠢᠭᠰᠡᠨ  ᠮᠤᠩᠭᠤᠯᠴᠤᠳ ᠲᠤᠯᠭ᠎ᠠ ᠠᠴᠠ ᠪᠠᠨ ᠨᠡᠯᠢᠶᠡᠳ ᠵᠠᠶᠢᠲᠠᠵᠡᠢ᠃ ᠤᠷᠴᠢᠮ ᠤᠨ ᠵᠢᠯ ᠠᠴᠠ ᠵᠠᠷᠢᠮ ᠠᠶᠢᠯ ᠡᠷᠦᠬᠡ ᠨᠢ ᠲᠠᠬᠢᠨ  ᠲᠤᠯᠭ᠎ᠠ ᠪᠡᠯᠡᠳᠬᠡᠵᠦ᠂ ᠤᠯᠠᠮᠵᠢᠯᠠᠯᠲᠤ ᠶᠤᠰᠤ ᠪᠠᠷ ᠢᠶᠠᠨ ᠭᠠᠯ ᠲᠠᠬᠢᠬᠤ ᠦᠵᠡᠭᠲᠡᠯ ᠬᠦᠲᠡᠭᠡ ᠨᠤᠲᠤᠭ ᠢᠶᠠᠷ ᠬᠠᠷᠠᠭᠲᠠᠬᠤ  ᠪᠤᠯᠪᠠ᠃            ᠭᠠᠯ ᠲᠠᠬᠢᠯᠭ᠎ᠠ ᠶᠢᠨ ᠶᠤᠰᠤᠯᠠᠯ ᠨᠢ ᠣᠲᠤᠳ ᠦᠷᠡᠵᠢᠵᠦ ᠡᠬᠢᠯᠡᠬᠦ ᠪᠠᠷ ᠡᠬᠢᠯᠡᠨ ᠶᠠᠪᠤᠭᠲᠠᠵᠤ᠂ ᠤᠷᠢᠲᠡᠪᠡᠷ  ᠫᠤᠤᠵᠢᠩ ᠢᠶᠠᠨ ᠲᠠᠯᠪᠢᠵᠤ ᠪᠠᠷᠠᠭᠰᠡᠨ ᠤ ᠲᠠᠷᠠᠭ᠎ᠠ ᠬᠡᠷ ᠲᠡᠭᠡᠨ ᠬᠡᠲᠦᠨ ᠵᠤᠤᠬ᠎ᠠ ᠲᠠᠢ ᠪᠤᠯ ᠪᠦᠷ ᠢ ᠭᠠᠯᠯᠠᠵᠤ᠂  ᠪᠡᠯᠡᠳᠬᠡᠭᠰᠡᠨ ᠮᠤᠲᠤ ᠪᠠᠨ ᠵᠤᠤᠬᠠᠨ ᠳᠠᠭᠠᠨ ᠬᠢᠵᠤ᠂ ᠭᠠᠯ ᠲᠠᠬᠢᠬᠤ ᠳᠠᠭᠠᠨ ᠵᠤᠷᠢᠭᠤᠯᠵᠤ ᠪᠡᠯᠡᠳᠬᠡᠭᠰᠡᠨ ᠴᠢᠪᠠᠭ᠎ᠠ᠂  ᠰᠢᠬᠢᠷ᠂ ᠰᠡᠮᠵᠡᠨ ᠦᠬᠡᠬᠦ ᠲᠠᠢ ᠠᠷᠢᠬᠢ ᠵᠡᠷᠬᠡ ᠪᠠᠨ ᠭᠠᠯ ᠳᠠᠭᠠᠨ ᠡᠷᠬᠦᠵᠦ᠂ ᠬᠡᠷ ᠤᠨ ᠪᠦᠷᠢᠯᠲᠦᠬᠦᠨ ᠪᠦᠬᠦᠨ ᠭᠠᠯ  ᠤᠨ  ᠪᠤᠷᠬᠠᠨ ᠳᠠᠭᠠᠨ ᠮᠦᠷᠬᠦᠵᠦ᠂ ᠠᠯᠢᠪᠠ ᠪᠦᠬᠦᠨ ᠤ ᠦᠬᠡᠲᠠ ᠡᠰᠡᠷᠡᠭ ᠢ ᠬᠦᠰᠡᠨ ᠲᠠᠭᠠᠳᠬᠠᠲᠠᠭ᠃ ᠵᠠᠷᠢᠮ ᠠᠶᠢᠯ ᠨᠢ  ᠰᠠᠭᠤᠷᠢᠰᠢᠭᠰᠠᠨ ᠴᠤ ᠭᠠᠯ ᠲᠠᠬᠢᠬᠤ ᠳᠠᠭᠠᠨ ᠬᠡᠷ ᠤᠨ ᠡᠵᠡᠨ ᠨᠢ ᠲᠤᠯᠭ᠎ᠠ ᠪᠠᠨ ᠠᠰᠠᠭᠠᠨ᠂ ᠬᠡᠷ ᠤᠨ ᠡᠵᠡᠭᠲᠡᠢ ᠨᠢ  ᠠᠷᠴᠠ ᠰᠦ᠂ ᠴᠠᠭᠠᠨ ᠢᠲᠡᠬᠡᠨ ᠤ ᠲᠡᠬᠡᠵᠢ᠂ ᠰᠢᠷ᠎ᠠ ᠲᠤᠰᠤ᠂ ᠠᠷᠢᠬᠢ ᠵᠡᠷᠬᠡ ᠪᠠᠨ ᠲᠤᠯᠭᠠᠨ ᠳᠠᠭᠠᠨ ᠲᠤᠰᠤᠭᠠᠨ ᠭᠠᠯ   ᠤᠨ ᠰᠠᠩ ᠤᠩᠰᠢᠵᠤ᠂ ᠪᠡᠯᠡᠳᠬᠡᠭᠰᠡᠨ ᠡᠪᠴᠢᠬᠦᠦ ᠪᠠᠨ ᠲᠡᠬᠡᠭᠰᠢ ᠬᠠᠨᠲᠤᠭᠤᠯᠤᠨ ᠭᠠᠯ ᠳᠠᠭᠠᠨ ᠡᠷᠬᠦᠲᠡᠭ᠃ ᠡᠬᠦᠨ ᠤ  ᠲᠠᠷᠠᠭ᠎ᠠ ᠤᠩᠭᠤᠨ ᠮᠠᠯ ᠢᠶᠠᠨ ᠰᠡᠳᠡᠷᠯᠡᠵᠦ᠂ ᠮᠠᠯ ᠤᠨ ᠪᠤᠶᠠᠨ ᠬᠡᠰᠢᠭ ᠢᠪᠡᠬᠡᠬᠦ ᠶᠢ ᠲᠠᠭᠠᠳᠬᠠᠨ ᠵᠠᠯᠪᠢᠷᠡᠲᠠᠭ᠃ ᠲᠠᠬᠢᠨ  ᠭᠠᠯ ᠲᠠᠬᠢᠯᠭ᠎ᠠ ᠠᠴᠠ ᠪᠠᠨ ᠡᠮᠦᠨ᠎ᠡ ᠪᠡᠯᠡᠳᠬᠡᠭᠰᠡᠨ ᠲᠠᠯᠠᠯᠭ᠎ᠠ ᠶᠢᠨ ᠤᠭᠤᠲᠠ  ᠪᠠᠷ ᠢᠶᠠᠨ ᠲᠠᠯᠠᠯᠭ᠎ᠠ ᠠᠪᠴᠤ ᠬᠡᠰᠢᠭ        ᠪᠤᠶᠠᠨ᠂ ᠪᠠᠶᠠᠨ ᠢᠷᠦᠬᠡᠯ ᠲᠤᠭᠲᠠᠬᠤ ᠪᠠᠨ ᠲᠠᠯᠠᠯᠤᠨ ᠬᠤᠷᠤᠶᠢᠯᠠᠲᠠᠭ ᠃ ᠢᠩᠬᠢᠵᠤ ᠪᠠᠷᠠᠭᠰᠠᠨ ᠤ ᠲᠠᠷᠠᠭ᠎ᠠ ᠭᠠᠯ ᠤᠨ ᠴᠠᠢ  ᠤᠤᠭᠤᠵᠤ᠂ ᠴᠠᠭᠠᠨ ᠢᠲᠡᠭᠡ ᠠᠮᠰᠠᠭᠤᠯᠤᠨ᠂ ᠭᠠᠯ ᠤᠨ ᠬᠤᠭᠤᠯᠠ ᠢᠲᠡᠵᠦ᠂ ᠪᠤᠭᠤᠷᠤᠯ ᠨᠠᠰᠤᠲᠠᠳ ᠲᠠᠭᠠᠨ ᠠᠷᠢᠬᠢ  ᠬᠡᠮᠨᠡᠨ ᠪᠠᠶᠠᠷᠯᠠᠯᠲᠤᠨ ᠴᠡᠩᠬᠡᠲᠡᠭ᠃            ᠭᠠᠯ ᠲᠠᠬᠢᠯᠭ᠎ᠠ ᠶᠢᠨ ᠲᠤᠬᠠᠢ ᠦᠪᠦᠷ ᠮᠤᠩᠭᠤᠯ ᠤᠨ ᠨᠡᠶᠢᠬᠡᠮ ᠤᠨ ᠰᠢᠨᠵᠢᠯᠡᠬᠦ ᠤᠬᠠᠭᠠᠨ ᠤ ᠬᠦᠷᠢᠶᠡᠯᠡᠩ ᠤᠨ  ᠤᠳᠬ᠎ᠠ ᠵᠤᠬᠢᠶᠡᠯ ᠰᠤᠲᠤᠯᠬᠤ ᠲᠠᠰᠤᠭ ᠤᠨ ᠡᠷᠬᠢᠯᠡᠭᠴᠢ ᠪᠦᠬᠡᠴᠢᠯᠠᠭᠤ᠄ ︽ᠮᠠᠨ ᠤ ᠦᠪᠦᠷ ᠮᠤᠩᠭᠤᠯ ᠤᠲᠤ ᠪᠤᠯᠲᠠᠯ᠎ᠠ  ᠦᠪᠡᠷ ᠤᠨ ᠭᠠᠯ ᠲᠠᠬᠢᠯᠭ᠎ᠠ ᠶᠢᠨ ᠶᠤᠰᠤ ᠵᠠᠩᠰᠢᠯ ᠢᠶᠠᠨ ᠬᠠᠲᠠᠭᠠᠯᠠᠨ ᠶᠠᠪᠤᠵᠤ ᠪᠤᠢ᠂ ᠮᠤᠩᠭᠤᠯ ᠤᠯᠤᠰ  ᠢᠶᠠᠷ ᠡᠨᠡᠬᠦ  ᠰᠠᠶᠢᠬᠠᠨ ᠤᠯᠠᠮᠵᠢᠯᠠᠯᠲᠤ ᠶᠤᠰᠤ ᠵᠠᠩᠰᠢᠯ ᠬᠠᠷᠢᠨ ᠬᠡᠬᠡᠭᠲᠡᠬᠦ ᠬᠡᠮᠵᠢᠶᠡᠨ ᠳᠤ ᠬᠦᠷᠴᠡᠢ᠂ ᠭᠠᠯ ᠲᠠᠬᠢᠯᠭ᠎ᠠ  ᠶᠢᠨ ᠪᠠᠰᠠ  ᠨᠢᠬᠡᠨ ᠴᠢᠬᠤᠯᠡ ᠠᠯᠬᠤᠮ ᠲᠠᠷᠠᠭ᠎ᠠ ᠨᠢ ᠲᠠᠷᠤᠢ ᠲᠠᠯᠠᠯᠭ᠎ᠠ ᠠᠪᠬᠤ ᠳᠤ ᠪᠠᠶᠢᠨ᠎ᠠ᠃ ᠦᠪᠡᠷ ᠤᠨ ᠮᠠᠯ  ᠤᠨ ᠬᠡᠰᠢᠭ ᠪᠤᠶᠠᠨ   ᠢᠶᠠᠨ ᠬᠤᠷᠤᠶᠢᠯᠠᠨ ᠲᠠᠯᠠᠯᠵᠤ  ᠰᠢᠨ᠎ᠡ ᠵᠢᠯ ᠳᠡᠭᠡᠨ ᠠᠯᠢᠪᠠ ᠪᠦᠬᠦᠨ ᠨᠢ ᠦᠬᠡᠲᠠ ᠡᠰᠡᠷᠡᠭ ᠪᠠᠶᠢᠬᠤ ᠪᠠᠨ ᠭᠠᠯ ᠤᠨ  ᠪᠤᠷᠬᠠᠨ᠂ ᠲᠡᠬᠡᠲᠦ ᠲᠡᠭᠷᠢ ᠳᠡᠭᠡᠨ ᠲᠠᠭᠠᠭᠳᠬᠠᠨ ᠭᠤᠶᠤᠴᠢᠯᠠᠲᠠᠭ︾ ᠬᠡᠵᠦ ᠶᠠᠷᠢᠯ᠎ᠠ᠃            ᠭᠠᠯ ᠲᠠᠬᠢᠯᠭ᠎ᠠ ᠶᠢᠨ ᠴᠡᠬᠡᠷ ᠶᠤᠰᠤᠨ            ᠭᠠᠯ ᠲᠠᠬᠢᠭᠰᠠᠨ ᠤ ᠲᠠᠷᠠᠭ᠎ᠠ ᠭᠤᠷᠪᠠᠨ ᠡᠲᠦᠷ ᠢ ᠭᠠᠯ ᠤᠨ ᠴᠡᠬᠡᠷ ᠡᠲᠦᠷ ᠬᠡᠲᠡᠭ᠃ ᠡᠨᠡ ᠭᠤᠷᠪᠡᠨ ᠬᠤᠨᠤᠭ   ᠲᠤ ᠬᠡᠷ ᠠᠴᠠ ᠪᠠᠨ ᠶᠠᠮᠠᠷᠪᠡ ᠶᠠᠭᠤᠮ᠎ᠠ ᠶᠢ ᠭᠠᠲᠠᠭᠰᠢ ᠭᠠᠷᠭᠠᠬᠤ ᠶᠢ ᠴᠡᠬᠡᠷᠯᠡᠵᠦ᠂ ᠭᠠᠷᠭᠠᠪᠡᠯ  ᠪᠤᠶᠠᠨ ᠬᠡᠰᠢᠭ ᠨᠢ  ᠲᠤᠨᠲᠠᠷᠡᠴᠢᠬᠠᠨ᠎ᠠ ᠬᠡᠵᠦ ᠬᠡᠯᠡᠲᠡᠭ᠃ ᠤᠨᠴᠠᠭᠠᠢ ᠤᠴᠢᠷ ᠢᠶᠠᠷ ᠭᠠᠲᠠᠨ᠎ᠠ ᠶᠢᠨ ᠬᠦᠮᠦᠨ ᠳᠤ ᠶᠠᠭᠤᠮ᠎ᠠ ᠦᠭᠬᠦ ᠳᠤ ᠲᠠᠭᠤ  ᠴᠢᠮᠡᠭᠡ ᠦᠬᠡᠢ ᠠᠪᠴᠤ ᠶᠠᠪᠤᠲᠠᠭ᠃ ᠭᠤᠷᠪᠠ ᠬᠤᠨᠤᠭᠰᠡᠨ ᠤ ᠲᠠᠷᠠᠭ᠎ᠠ ᠲᠠᠯᠠᠯᠭᠠᠨ ᠰᠠᠭᠤᠯᠭ᠎ᠠ ᠪᠠᠨ ᠨᠡᠬᠡᠬᠡᠵᠦ᠂  ᠲᠠᠯᠠᠯᠭᠠᠨ ᠬᠡᠰᠢᠭ ᠪᠠᠨ ᠪᠦᠬᠦᠲᠡᠬᠡᠷ ᠠᠮᠰᠠᠭᠠᠵᠠᠭᠠᠵᠤ᠂ ᠬᠤᠲᠠ ᠤᠰᠤᠨ ᠳᠠᠭᠠᠨ ᠴᠤ ᠬᠤᠪᠢ ᠬᠦᠷᠲᠡᠬᠡᠲᠡᠭ᠃ ᠭᠠᠲᠠᠭᠰᠢ  ᠭᠠᠷᠤᠭᠰᠠᠨ ᠬᠦᠮᠦᠰ ᠲᠡᠭᠡᠨ ᠬᠤᠪᠢ ᠦᠯᠡᠲᠡᠬᠡᠵᠦ ᠲᠠᠯᠪᠢᠲᠠᠭ᠃ ᠭᠠᠯ ᠤᠨ ᠴᠡᠬᠡᠷ ᠲᠠᠶᠢᠯᠵᠤ᠂ ᠭᠠᠯ ᠤᠨ ᠬᠡᠰᠢᠭ  ᠠᠮᠰᠠᠬᠤ ᠨᠢ ᠶᠡᠭᠡ ᠲᠦᠯᠦᠪ ᠠᠳᠠᠯᠢ ᠪᠤᠯᠪᠠᠴᠤ ᠵᠠᠷᠢᠮ ᠨᠤᠲᠤᠭ ᠢᠶᠠᠷ ᠤᠨᠴᠠᠭᠠᠢ ᠪᠠᠶᠢᠲᠠᠭ᠃ ᠵᠢᠱᠢᠶᠡᠯᠡᠪᠡᠯ᠂ ᠤᠷᠲᠤᠰ   ᠲᠤ ᠭᠤᠷᠪᠠ ᠬᠤᠨᠤᠭ ᠲᠡᠬᠡᠷ᠎ᠡ ᠪᠠᠨ ᠪᠠᠰᠠ ᠨᠢᠬᠡ ᠤᠲᠠᠭ᠎ᠠ ᠲᠠᠯᠠᠯᠭ᠎ᠠ ᠲᠠᠯᠠᠯᠵᠤ ᠡᠬᠦᠲᠠ᠂ ᠡᠨᠢᠬᠡ᠂ ᠲᠤᠯᠭ᠎ᠠ ᠪᠠᠨ  ᠭᠤᠷᠪᠠ ᠭᠤᠷᠪᠠ ᠮᠢᠯᠢᠶᠠᠭᠠᠳ ᠲᠠᠯᠠᠯᠭ᠎ᠠ ᠶᠢᠨ ᠰᠠᠭᠤᠯᠭ᠎ᠠ ᠪᠠᠨ ᠪᠠᠭᠤᠯᠭᠠᠵᠤ᠂ ᠭᠠᠯ ᠤᠨ ᠬᠡᠰᠢᠭ ᠢᠶᠠᠨ ᠬᠦᠷᠲᠡᠲᠡᠭ᠃  ᠦᠵᠦᠮᠦᠴᠢᠨ ᠳᠤ ᠭᠠᠯ ᠤᠨ ᠴᠡᠬᠡᠷ ᠲᠠᠶᠢᠯᠬᠤ ᠳᠠᠭᠠᠨ ᠴᠡᠬᠡᠷ ᠲᠠᠶᠢᠯᠤᠭᠰᠠᠨ ᠴᠠᠶᠢᠯᠠᠯᠭ᠎ᠠ ᠬᠢᠲᠡᠭ᠃ ᠤᠷᠡᠳ ᠲᠤ ᠭᠠᠯ  ᠲᠠᠬᠢᠭᠰᠠᠨ ᠤ ᠲᠠᠷᠠᠭ᠎ᠠ ᠭᠤᠷᠪᠡᠨ ᠦᠷᠯᠦᠬᠡ ᠲᠠᠷᠠᠭᠠᠯᠠᠨ ᠴᠠᠴᠤᠯᠭ᠎ᠠ ᠡᠷᠬᠦᠨ ᠮᠦᠷᠬᠦᠲᠡᠭ᠃ ᠬᠡᠰᠢᠭᠲᠡᠨ᠂ ᠴᠠᠬᠠᠷ᠂  ᠰᠦᠨᠢᠳ ᠲᠤ ᠭᠠᠯ ᠤᠨ ᠴᠡᠬᠡᠷ ᠲᠠᠶᠢᠯᠤᠭᠰᠠᠨ ᠤ ᠲᠠᠷᠠᠭ᠎ᠠ ᠬᠡᠷ ᠢᠶᠠᠷ ᠢᠶᠠᠨ ᠲᠠᠯᠠᠯᠭᠠᠨ ᠬᠡᠰᠢᠭ ᠠᠮᠰᠠᠵᠤ᠂ ᠬᠡᠰᠢᠭ ᠤᠨ  ᠮᠢᠬ᠎ᠠ ᠶᠢ ᠬᠡᠰᠡᠭᠯᠡᠨ ᠲᠠᠪᠠᠭ  ᠲᠤ ᠲᠠᠯᠪᠢᠵᠤ ᠠᠶᠢᠯ ᠠᠶᠢᠮᠠᠭ ᠲᠠᠭᠠᠨ ᠬᠦᠷᠬᠡᠲᠡᠭ᠃ ᠲᠠᠬᠢᠪᠡᠯ᠂ ᠭᠠᠯ ᠲᠠᠬᠢᠬᠤ ᠠᠴᠠ  ᠪᠢᠲᠡᠬᠦᠨ ᠪᠤᠯᠲᠠᠯ᠎ᠠ ᠲᠤᠯᠤᠭᠠᠨ ᠬᠤᠨᠤᠭ ᠮᠤᠲᠤᠨ ᠰᠢᠯᠪᠢᠬᠦᠷ ᠵᠠᠷᠤᠲᠠᠭ᠃ ᠨᠠᠭᠠᠴᠤ ᠶᠢᠨ ᠭᠠᠯ ᠲᠠᠬᠢᠬᠤ ᠳᠤ ᠵᠢᠬᠡ  ᠬᠦᠮᠦᠨ ᠤᠷᠤᠯᠴᠠᠲᠠᠭ ᠦᠬᠡᠢ᠃ ᠭᠠᠯ ᠲᠠᠬᠢᠵᠤ ᠲᠤᠰᠤᠭᠠᠯ ᠲᠤᠰᠤᠭᠠᠬᠤ ᠳᠤ ᠵᠢᠷᠮᠤᠰᠤᠨ ᠪᠦᠰᠡᠬᠦᠢ ᠬᠠᠵᠠᠭᠤ ᠳᠤᠨᠢ  ᠪᠠᠶᠢᠵᠤ ᠪᠤᠯᠬᠤ ᠦᠬᠡᠢ᠃ ᠭᠠᠯ ᠲᠠᠬᠢᠬᠤ ᠡᠪᠴᠢᠬᠦᠦ ᠶᠢ ᠴᠦᠮᠦᠬᠦ ᠳᠡᠭᠡᠨ ᠬᠤᠷᠤᠭᠤᠨ ᠤ ᠶᠠᠰᠤ ᠶᠢ ᠮᠤᠯᠲᠤᠯᠬᠤ ᠶᠢ  ᠴᠡᠬᠡᠷᠯᠡᠲᠡᠭ᠃ ᠭᠠᠯ ᠲᠠᠬᠢᠬᠤ ᠳᠠᠭᠠᠨ ᠭᠠᠯ ᠤᠨ ᠬᠠᠶᠢᠴᠢ ᠪᠠᠨ ᠨᠢᠭᠤᠵᠤ ᠲᠠᠯᠪᠢᠲᠠᠭ᠃ ᠭᠠᠯ ᠲᠠᠬᠢᠭᠰᠠᠨ ᠤ ᠲᠠᠷᠠᠭ᠎ᠠ  ᠭᠤᠷᠪᠡᠨ ᠬᠤᠨᠤᠭ ᠦᠨᠡᠰᠦ᠂ ᠬᠤᠭ ᠤᠨ ᠵᠦᠢᠯ ᠭᠠᠷᠭᠠᠬᠤ ᠶᠢ ᠴᠡᠬᠡᠷᠯᠡᠬᠦ ᠮᠡᠲᠦ ᠶᠢᠨ ᠤᠯᠠᠨ ᠴᠡᠬᠡᠷ ᠪᠠᠶᠢᠲᠠᠭ᠃          ᠬᠤᠲᠠ ᠶᠢᠨ ᠮᠤᠩᠭᠤᠯᠴᠤᠳ ᠤᠨ ᠭᠠᠯ ᠲᠠᠬᠢᠯᠭ᠎ᠠ              ᠨᠡᠶᠢᠬᠡᠮ ᠤᠨ ᠲᠠᠪᠰᠢᠯᠲᠠ ᠬᠦᠭᠵᠢᠯᠲᠡ ᠨᠢ ᠪᠠᠰᠠ ᠨᠢᠬᠡᠨ ᠨᠡᠶᠢᠬᠡᠮ ᠤᠨ ᠦᠵᠡᠭᠲᠡᠯ ᠢ ᠪᠤᠢ ᠪᠤᠯᠭᠠᠵᠡᠢ᠃ ᠲᠠᠷᠤᠢ  ᠬᠦᠲᠡᠭᠡ ᠶᠢᠨ ᠬᠦᠮᠦᠰ ᠬᠤᠲᠠ ᠪᠠᠯᠭᠠᠰᠤᠨ ᠳᠤ ᠤᠷᠤᠵᠤ ᠠᠵᠤ ᠲᠦᠷᠦᠨ ᠠᠮᠢᠲᠤᠷᠡᠬᠤ ᠦᠵᠡᠭᠲᠡᠯ ᠦᠪᠦᠷ ᠮᠤᠩᠭᠤᠯ   ᠤᠨ ᠡᠯ᠎ᠡ ᠠᠶᠢᠮᠠᠭ ᠬᠤᠲᠠ ᠪᠠᠷ ᠪᠦᠷ ᠦᠵᠡᠭᠲᠡᠬᠦ ᠪᠤᠯᠵᠡᠢ᠃ ᠲᠡᠬᠡᠪᠡᠯ ᠬᠤᠲᠠ ᠤᠷᠤᠭᠰᠠᠨ ᠮᠤᠩᠭᠤᠯᠴᠤᠳ ᠭᠠᠯ ᠢᠶᠠᠨ  ᠶᠠᠭᠠᠬᠢᠵᠤ ᠲᠠᠬᠢᠲᠠᠭ ᠪᠤᠯ︖ ᠲᠡᠲᠠ ᠡᠨᠡᠬᠦ ᠰᠠᠶᠢᠬᠠᠨ ᠤᠯᠠᠮᠵᠢᠯᠠᠯ ᠢᠶᠠᠨ ᠵᠠᠯᠭᠠᠮᠵᠢᠯᠠᠨ ᠬᠦᠭᠵᠢᠬᠦᠯᠵᠦ ᠪᠠᠶᠢᠭ᠎ᠠ ᠪᠤᠯ ᠤᠤ  ︖            ᠤᠷᠴᠢᠮ ᠤᠨ ᠬᠡᠲᠦᠨ ᠵᠢᠯ ᠠᠴᠠ ᠬᠤᠲᠠ ᠪᠠᠯᠭᠠᠰᠤ ᠪᠠᠷ ᠬᠠᠮᠲᠤ ᠶᠢᠨ ᠭᠠᠯ ᠲᠠᠬᠢᠯᠭ᠎ᠠ ᠬᠡᠬᠦ ᠰᠢᠨ᠎ᠡ ᠨᠡᠷᠡᠶᠢᠲᠦᠯ  ᠡᠬᠦᠰᠴᠡᠢ᠃ ᠬᠤᠲᠠ ᠪᠠᠯᠭᠠᠰᠤᠨ ᠳᠤ ᠰᠠᠭᠤᠷᠢᠰᠢᠭᠰᠠᠨ ᠮᠤᠩᠭᠤᠯᠴᠤᠳ ᠵᠤᠤᠬ᠎ᠠ ᠭᠠᠯᠯᠠᠬᠤ ᠪᠠᠨ ᠪᠠᠶᠢᠵᠤ᠂ ᠨᠡᠬᠦᠷᠡᠰᠦᠨ  ᠬᠡᠢ ᠪᠤᠶᠤ ᠪᠠᠶᠢᠭᠠᠯᠢ ᠶᠢᠨ ᠰᠢᠳᠠᠮᠠᠬᠠᠢ ᠬᠡᠢ ᠪᠠᠷ ᠬᠤᠭᠤᠯᠠ ᠪᠤᠲᠠᠭ᠎ᠠ ᠪᠠᠨ ᠪᠠᠵᠠᠭᠠᠵᠤ᠂ ᠭᠠᠯ  ᠢᠶᠠᠨ ᠲᠠᠬᠢᠶ᠎ᠠ ᠬᠡᠳ  ᠰᠠᠨᠠᠭ᠎ᠠ ᠪᠠᠶᠢᠭᠠᠳ ᠤᠨᠤᠭ᠎ᠠ ᠬᠦᠷᠬᠦ ᠦᠬᠡᠢ ᠪᠠᠶᠢᠲᠠᠭ᠃ ᠡᠨᠡᠬᠦ ᠪᠠᠶᠢᠲᠠᠯ ᠠᠴᠠ ᠪᠤᠯᠵᠤ᠂ ᠬᠠᠮᠲᠤ ᠶᠢᠨ ᠭᠠᠯ ᠲᠠᠬᠢᠯᠭ᠎ᠠ  ᠬᠡᠰᠡᠨ ᠨᠡᠷᠡᠶᠢᠲᠦᠯ  ᠪᠤᠢ ᠪᠤᠯᠵᠡᠢ᠃ ᠬᠦᠬᠡᠬᠡ ᠰᠠᠷ᠎ᠠ ᠶᠢᠨ ᠬᠤᠷᠢᠨ ᠭᠤᠷᠪᠡᠨ ᠲᠦᠷᠪᠡᠨ ᠪᠤᠯᠤᠭᠰᠠᠭᠠᠷ ᠮᠤᠩᠭᠤᠯᠴᠤᠳ  ᠲᠤᠭᠲᠠᠭᠰᠠᠨ ᠭᠠᠵᠠᠷ ᠮᠤᠩᠭᠤᠯ ᠢᠶᠠᠷ ᠢᠶᠠᠨ ᠭᠤᠶᠤᠯᠠᠵᠠᠭᠠᠵᠤ᠂ ᠲᠤᠯᠭ᠎ᠠ  ᠪᠠᠨ ᠪᠠᠲᠠᠷᠠᠭᠠᠵᠤ᠂ ᠬᠠᠮᠲᠤ ᠪᠠᠷ ᠡᠷᠬᠦᠯ  ᠪᠠᠷᠢᠴᠠ ᠪᠠᠨ ᠡᠷᠬᠦᠵᠦ᠂ ᠭᠠᠯ ᠤᠨ ᠪᠤᠷᠬᠠᠨ ᠢᠶᠠᠨ ᠲᠠᠬᠢᠵᠤ᠂ ᠬᠡᠰᠢᠭ ᠬᠡᠶᠢᠮᠤᠷᠢ ᠪᠠᠨ ᠲᠠᠯᠯᠠᠲᠠᠭ᠃ ᠡᠨᠡᠬᠦ ᠬᠦᠲᠡᠯᠬᠡᠬᠡᠨ   ᠳᠤ ᠬᠤᠲᠠ ᠪᠠᠯᠭᠠᠰᠤᠨ ᠤ ᠮᠤᠩᠭᠤᠯᠴᠤᠳ ᠪᠦᠬᠦ ᠬᠡᠷ ᠢᠶᠠᠷ ᠢᠶᠠᠨ ᠤᠷᠤᠯᠴᠠᠵᠤ᠂ ᠬᠡᠦᠬᠡᠳ ᠪᠠᠭᠠᠴᠤᠤᠯ ᠨᠢ ᠴᠤ ᠭᠠᠯ  ᠲᠠᠬᠢᠯᠭ᠎ᠠ ᠶᠠᠭᠤ ᠬᠡᠲᠡᠭ ᠢ ᠤᠶᠢᠯᠠᠭᠠᠨ ᠮᠡᠲᠡᠲᠡᠭ ᠠᠴᠠ ᠵᠤᠬᠢᠢᠬᠤ ᠬᠡᠪᠴᠢᠶᠡᠨ ᠳᠤ ᠮᠤᠩᠭᠤᠯ ᠰᠤᠶᠤᠯ ᠢᠶᠠᠨ ᠤᠯᠠᠮᠵᠢᠯᠠᠨ  ᠵᠠᠯᠭᠠᠮᠵᠢᠯᠠᠭᠤᠯᠬᠤ ᠦᠢᠯᠡᠲᠦᠯ ᠦᠵᠡᠬᠦᠯᠵᠦ ᠪᠠᠶᠢᠲᠠᠭ᠃              ᠬᠠᠮᠲᠤ ᠶᠢᠨ ᠭᠠᠯ ᠲᠠᠬᠢᠯᠭ᠎ᠠ ᠶᠢᠨ ᠲᠤᠬᠠᠢ ᠪᠦᠬᠡᠴᠢᠯᠠᠭᠤ ᠶᠠᠷᠢᠬᠤ ᠳᠠᠭᠠᠨ᠄ ︽ᠬᠠᠮᠲᠤ ᠶᠢᠨ ᠭᠠᠯ ᠲᠠᠬᠢᠯᠭ᠎ᠠ  ᠨᠢ  ᠬᠤᠲᠠ ᠪᠠᠯᠭᠠᠰᠤᠨ ᠤ ᠮᠤᠩᠭᠤᠯᠴᠤᠳ ᠳᠤ ᠠᠪᠴᠤ ᠬᠡᠯᠡᠪᠡᠯ ᠲᠤᠩ ᠶᠡᠭᠡ ᠠᠴᠢ ᠬᠤᠯᠪᠤᠭᠲᠠᠯ ᠲᠠᠢ᠂ ᠦᠪᠡᠷ  ᠤᠨ  ᠤᠯᠠᠮᠵᠢᠯᠠᠯᠲᠤ ᠰᠤᠶᠤᠯ ᠢᠶᠠᠨ ᠦᠷ᠎ᠡ ᠬᠤᠶᠢᠴᠢᠰ ᠲᠠᠭᠠᠨ ᠤᠯᠠᠮᠵᠢᠯᠠᠨ ᠵᠠᠯᠭᠠᠮᠵᠢᠯᠠᠵᠤ ᠴᠢᠲᠠᠬᠤ ᠪᠠᠷ ᠪᠠᠷᠠᠬᠤ ᠦᠬᠡᠢ᠂  ᠮᠤᠩᠭᠤᠯ ᠰᠤᠶᠤᠯ ᠤᠨ ᠤᠷᠤᠨ ᠵᠡᠢ ᠪᠠᠭᠠᠰᠴᠤ ᠪᠠᠶᠢᠭ᠎ᠠ ᠬᠤᠲᠠ ᠭᠠᠵᠠᠷ ᠢᠶᠠᠷ ᠮᠤᠩᠭᠤᠯᠴᠤᠳ ᠦᠪᠡᠷ  ᠤᠨ ᠬᠡᠰᠡᠨ  ᠤᠷᠤᠨ ᠵᠠᠢ ᠪᠠᠨ ᠤᠯᠬᠤ ᠳᠤ ᠮᠠᠰᠢ ᠶᠡᠭᠡ ᠲᠤᠰᠠᠲᠠᠢ᠂ ᠮᠤᠩᠭᠤᠯᠴᠤᠳ ᠮᠠᠨᠢ ᠰᠤᠶᠤᠯ ᠤᠨ ᠶᠡᠭᠡ ᠤᠷᠴᠢᠨ ᠳᠤ ᠬᠦᠯ  ᠤᠯᠠ ᠪᠠᠨ ᠤᠯᠬᠤ ᠦᠬᠡᠢ ᠪᠠᠶᠢᠭ᠎ᠠ ᠦᠨᠦᠲᠦᠷ ᠤᠨ ᠨᠡᠶᠢᠬᠡᠮ ᠳᠤ ᠲᠤᠶᠢᠯ ᠤᠨ ᠶᠡᠭᠡ ᠰᠡᠩᠬᠡᠷᠡᠬᠦᠯᠬᠦ ᠠᠴᠢ ᠬᠤᠯᠪᠤᠭᠲᠠᠯ   ᠲᠠᠢ︾ ᠬᠡᠵᠦ ᠶᠠᠷᠢᠯ᠎ᠠ᠃        
 
ᠢᠷᠡᠯᠲᠡ᠄ ᠠᠮᠢᠲᠤᠷᠡᠯ ᠭᠠᠷᠠᠭ ᠤᠨ ᠰᠤᠨᠢᠨ
 
 
ᠬᠠᠮᠢᠶ᠎ᠠ ᠪᠥᠬᠦᠢ ᠰᠤᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备14003692号