ᠮᠤᠩᠭᠤᠯ ᠦᠰᠦᠭ ᠪᠢᠴᠢᠭ ᠤᠨ ᠤᠯᠠᠷᠢᠨ ᠬᠤᠪᠢᠷᠠᠯᠳᠠ
ᠨᠡᠶᠢᠲᠡᠯᠡᠭᠰᠡᠨ ᠴᠠᠭ᠄
2016/4/6
          ᠣᠶᠢᠭᠤᠷᠵᠢᠨ ᠮᠣᠩᠭᠤᠯ ᠦᠰᠦᠭ                  ᠮᠣᠩᠭᠤᠯᠴᠣᠳ ᠣᠶᠢᠭᠤᠷᠵᠢᠨ ᠮᠣᠩᠭᠤᠯ ᠦᠰᠦᠭ ᠢ ᠬᠠᠮᠤᠭ ᠠᠩᠬᠠᠨ ᠤ 13 ᠳ᠋ᠣᠭᠠᠷ ᠵᠠᠭᠤᠨ ᠤ  ᠡᠬᠢᠨ ᠤ   ᠦᠶ᠎ᠡ ᠳᠤ ᠴᠢᠩᠭᠢᠰ ᠬᠠᠭᠠᠨ ᠨᠠᠢᠮᠠᠨ ᠠᠶᠢᠮᠠᠭ ᠢ ᠪᠠᠶᠢᠯᠳᠣᠨ ᠳᠠᠭᠠᠭᠤᠯᠣᠭᠰᠠᠨ ᠦᠶ᠎ᠡ ᠳᠤ ᠣᠶᠢᠭᠤᠷ ᠬᠦᠮᠦᠨ   ᠳᠠᠠᠳᠠᠳᠣᠩᠭ᠎ᠠ ᠶᠢ ᠣᠯᠵᠠᠯᠠᠨ ᠠᠪᠴᠦ ᠢᠷᠡᠵᠦ ᠶᠤᠸᠠᠨ ᠣᠯᠣᠰ ᠤᠨ ᠳᠠᠮᠠᠭ᠎ᠠ ᠬᠠᠮᠢᠶᠠᠷᠬᠤ ᠳᠣᠰᠢᠶᠠᠯᠳᠠᠨ ᠤ ᠠᠵᠢᠯ   ᠬᠠᠷᠢᠭᠤᠴᠠᠭᠤᠯᠬᠤ ᠶᠢᠨ ᠬᠠᠮᠲᠦ ᠬᠠᠭᠠᠳ ᠨᠣᠶᠠᠳ ᠤᠨ ᠦᠷ᠎ᠡ ᠬᠡᠣᠬᠡᠳ ᠲᠤ ᠣᠶᠢᠭᠤᠷ ᠦᠰᠦᠭ ᠢᠶᠠᠷ ᠡᠷᠳᠡᠨ ᠤ   ᠮᠣᠩᠭᠤᠯ ᠬᠡᠯᠡ ᠶᠢ ᠳᠡᠮᠳᠡᠭᠯᠠᠨ ᠵᠢᠭᠠᠯᠭᠠᠵᠦ ᠪᠠᠶᠢᠵᠠᠢ᠃ ᠡᠶᠢᠮᠦ ᠠᠴᠠ ᠣᠶᠢᠭᠤᠷ ᠦᠰᠦᠭ ᠪᠣᠯ ᠳᠠᠷᠣᠢ ᠮᠣᠩᠭᠤᠯ   ᠬᠠᠭᠠᠨᠲᠦ ᠣᠯᠣᠰ ᠤᠨ ᠲᠦᠷᠦ ᠶᠢᠨ ᠦᠰᠦᠭ ᠪᠢᠴᠢᠭ ᠪᠣᠯᠣᠭᠰᠠᠨ ᠪᠢᠯᠡ᠃                                                ᠮᠣᠩᠭᠤᠯ ᠦᠰᠦᠭ ᠪᠢᠴᠢᠭ ᠤᠨ ᠵᠢᠷᠦᠬᠡᠨ ᠤ ᠳᠣᠯᠲᠦ                  ᠮᠠᠨ ᠤ ᠮᠣᠩᠭᠤᠯ ᠦᠰᠦᠭ ᠪᠢᠴᠢᠭ ᠢ ᠬᠡᠷᠡᠭᠯᠡᠭᠰᠠᠨ ᠬᠤᠭᠤᠴᠭ᠎ᠠ ᠣᠷᠳᠦ ᠣᠳᠠᠭᠠᠨ ᠪᠣᠯᠪᠠᠴᠦ ᠲᠡᠬᠦᠨ ᠢ   ᠰᠢᠰᠲ᠋ᠧᠮ ᠲᠠᠢ ᠡᠮᠬᠢᠳᠬᠡᠨ ᠰᠣᠳᠣᠯᠣᠭᠰᠠᠨ ᠬᠦᠮᠦᠨ ᠬᠤᠪᠣᠷ ᠪᠠᠶᠢᠳᠠᠭ᠂ ᠡᠨᠡ ᠲᠣᠬᠠᠢ ᠵᠠᠷᠢᠮ ᠲᠡᠣᠬᠡ ᠶᠢᠨ ᠳᠡᠮᠳᠡᠭᠯᠡᠯ   ᠠᠴᠠ ᠦᠵᠡᠪᠡᠯ ᠲᠦᠪᠡᠳ ᠤᠨ ᠰᠠᠴᠠ ᠪᠠᠨᠳᠢᠳᠠ ᠬᠦᠩᠭᠠᠵᠠᠯᠽᠠᠨ 13 ᠳ᠋ᠣᠭᠠᠷ ᠵᠠᠭᠤᠨ ᠤ ᠳᠣᠮᠳᠠᠴᠢ ᠦᠶ᠎ᠡ ᠪᠠᠷ   ᠮᠣᠩᠭᠤᠯ ᠣᠷᠣᠨ ᠳᠤ ᠢᠷᠡᠵᠦ᠂ ᠮᠣᠩᠭᠤᠯ ᠦᠰᠦᠭ ᠢ  ᠴᠢᠩᠭ᠎ᠠ᠂ ᠬᠦᠨᠳᠡᠢ᠂ ᠰᠠᠭᠠᠷᠮᠠᠭ ᠭᠡᠬᠦ ᠬᠡᠯᠡᠨ ᠵᠦᠢ ᠶᠢᠨ   ᠵᠣᠬᠢᠶᠠᠯ ᠪᠢᠴᠢᠵᠡᠢ ᠭᠡᠳᠡᠭ᠃ ᠲᠡᠶᠢᠮᠣ ᠠᠴᠠ ᠬᠦᠩᠭᠠᠵᠠᠯᠽᠠᠨ ᠤ ᠬᠡᠯᠡᠨ ᠵᠦᠢ ᠶᠢ ᠮᠣᠩᠭᠤᠯ ᠦᠰᠦᠭ ᠪᠢᠴᠢᠭ ᠤᠨ   ᠨᠢᠭᠡᠳᠦᠭᠡᠷ ︽ᠵᠢᠷᠦᠬᠡᠨ ᠤ ᠳᠣᠯᠳᠦ︾ ᠭᠡᠳᠡᠭ ᠶᠤᠮ᠃                  1305 ᠣᠨ ᠳᠤ ᠴᠣᠶᠢᠵᠢᠠᠤᠤᠰᠠᠷ ᠪᠠᠨᠳᠢᠳᠠ ᠮᠣᠩᠭᠤᠯ ᠬᠡᠯᠡᠨ ᠵᠦᠢ ᠪᠠ ᠪᠢᠴᠢᠯᠬᠡ ᠶᠢᠨ ᠲᠦᠷᠢᠮ ᠤᠨ ᠲᠠᠯ᠎ᠠ   ᠪᠠᠷ ᠶᠡᠭᠡ ᠬᠡᠮᠵᠢᠶᠡᠨ ᠤ ᠦᠭᠡᠷᠡᠴᠢᠯᠡᠯᠳᠡ ᠬᠢᠵᠡᠢ᠃ ᠲᠡᠭᠦᠨ ᠤ ᠭᠤᠣᠯ ᠪᠦᠲᠦᠭᠡᠯ ᠨᠢ᠄                    1. ᠵᠦᠪ ᠪᠢᠴᠢᠯᠬᠡ ᠶᠢᠨ ᠳᠦᠷᠢᠮ ᠪᠣᠯᠣᠨ ᠬᠡᠯᠡᠨ ᠵᠦᠢ ᠶᠢᠨ ᠰᠠᠭᠤᠷᠢ ᠶᠢ ᠳᠣᠭᠲᠠᠭᠠᠵᠠᠢ᠃                  2.  ᠭᠡᠶᠢᠭᠦᠯᠦᠭᠴᠢ ᠪᠣᠯᠣᠨ ᠡᠭᠡᠰᠢᠭ ᠬᠤᠶᠠᠷ ᠤᠨ ᠣᠶᠠᠯᠳᠣᠬᠤ ᠵᠦᠢ ᠶᠢ ᠳᠣᠷᠠᠳᠣᠨ ᠲᠠᠶᠢᠯᠪᠣᠷᠢᠯᠠᠵᠠᠢ᠃                  3. ᠴᠠᠭᠠᠨ ᠳᠣᠯᠣᠭᠠᠢ ᠶᠢ 115 ᠦᠶᠡᠲᠦ ᠦᠰᠦᠭ ᠪᠣᠯᠭᠠᠨ ᠬᠤᠪᠢᠯᠭᠠᠵᠠᠢ  ᠃                  4. ᠨᠡᠷ᠎ᠡ ᠦᠭᠡ ᠶᠢᠨ ᠲᠠᠶᠢᠨ ᠢᠠᠯᠭᠠᠯ ᠪᠣᠯᠣᠨ ᠬᠡᠯᠡᠨ ᠤ ᠵᠦᠢ ᠶᠢᠨ ᠣᠳᠬ᠎ᠠ ᠶᠢ ᠠᠩᠬ᠎ᠠ ᠣᠳᠠᠭ᠎ᠠ ᠳᠣᠷᠠᠳᠣᠨ   ᠭᠠᠷᠭᠠᠵᠠᠢ᠃                  5. ᠲᠠᠶᠢᠨ ᠢᠯᠭᠠᠯ ᠤᠨ ᠳᠠᠭᠠᠪᠣᠷᠢ ᠶᠢ ᠬᠡᠷᠡᠭᠯᠡᠬᠦ ᠲᠦᠷᠢᠮ ᠢ ᠨᠠᠷᠢᠨ ᠲᠠᠶᠢᠯᠪᠣᠷᠢᠯᠠᠭᠰᠠᠨ ᠪᠠᠶᠢᠨ᠎ᠠ  ᠃                    6. ᠡᠬᠡᠰᠢᠭ ᠠᠪᠢᠶ᠎ᠠ ᠪᠣᠯᠣᠨ ᠭᠡᠶᠢᠭᠦᠯᠦᠭᠴᠢ ᠠᠪᠢᠶ᠎ᠠ ᠶᠢᠨ ᠠᠪᠢᠶᠠᠯᠠᠬᠤ ᠪᠠᠶᠢᠷᠢ ᠪᠠ ᠠᠪᠢᠶᠠᠯᠠᠬᠤ ᠠᠷᠭ᠎ᠠ  ᠶᠢᠨ   ᠣᠬᠠᠭᠠᠨ ᠢ ᠦᠨᠳᠦᠰᠦᠯᠡᠵᠦ᠂ ᠠᠯᠳᠠ᠂ ᠮᠣᠳᠣ᠂ ᠣᠰᠣ᠂ ᠭᠠᠯ᠂ ᠰᠢᠷᠣᠢ ᠵᠡᠷᠭᠡ ᠪᠠᠷ ᠮᠣᠩᠭᠤᠯ ᠬᠡᠯᠡᠨ ᠤ ᠠᠪᠢᠶ᠎ᠠ ᠶᠢ   ᠠᠪᠢᠶᠠᠯᠠᠬᠤ ᠪᠠᠶᠢᠷᠢ ᠪᠠ ᠠᠪᠢᠶᠠᠯᠠᠬᠤ ᠠᠷᠭ᠎ᠠ ᠶᠢᠨ ᠲᠠᠯ᠎ᠠ ᠪᠠᠷ ᠲᠠᠪᠣᠨ ᠠᠩᠬᠢ ᠪᠠᠷ ᠠᠩᠬᠢᠯᠠᠵᠦ᠂ ᠲᠠᠪᠣᠨ ᠮᠠᠬᠠᠪᠣᠳ ᠤᠨ   ᠠᠶᠢᠮᠠᠭ ᠪᠣᠯᠭᠠᠨ ᠬᠤᠪᠢᠶᠠᠷᠢᠯᠠᠵᠠᠢ᠃ ᠡᠶᠢᠮᠦ ᠠᠴᠠ ᠴᠦᠢᠵᠢᠠᠣᠣᠰᠠᠷ ᠤᠨ ᠮᠣᠩᠭᠤᠯ ᠬᠡᠯᠠᠨ  ᠤ ᠵᠦᠢ ᠶᠢ ᠪᠠᠰᠠ ᠮᠣᠩᠭᠤᠯ   ᠦᠰᠦᠭ ᠪᠢᠴᠢᠭ ᠤᠨ ᠬᠤᠶᠠᠳᠣᠭᠠᠷ ︽ᠵᠢᠷᠦᠬᠡᠨ ᠤ ᠳᠣᠯᠳᠦ  ︾ ᠬᠡᠳᠡᠭ  ᠶᠤᠮ᠃                    1628 ᠤᠨ ᠠᠴᠠ ᠡᠮᠦᠨ᠎ᠡ ᠬᠦᠩᠭᠠᠠᠣᠣᠰᠡᠷ ᠪᠠᠨᠳᠢᠳᠠ ᠯᠢᠭᠳᠡᠨ ᠬᠠᠭᠠᠨ ᠤ ᠵᠠᠷᠯᠢᠭ ᠢᠶᠠᠷ ︽ᠭᠠᠨᠵᠣᠣᠷ   ᠰᠣᠨᠳᠣᠷ︾ ᠢ ᠣᠷᠴᠢᠭᠤᠯᠬᠤ ᠦᠶ᠎ᠡ ᠳᠤ ᠦᠰᠦᠭ ᠤᠨ ᠲᠢᠭ ᠬᠡᠯᠪᠡᠷᠢ᠂ ᠵᠦᠪ ᠪᠢᠴᠢᠯᠬᠡ ᠶᠢ ᠨᠢᠭᠡᠳᠭᠡᠬᠦ ᠶᠢᠨ ᠲᠦᠯᠦᠭᠡ   ᠰᠢᠨ᠎ᠡ ︽ᠵᠢᠷᠦᠭᠡᠨ ᠤ ᠳᠣᠯᠳᠦ︾ ᠶᠢ ᠵᠣᠬᠢᠶᠠᠪᠠ᠃ ᠡᠬᠦᠨ ᠢ  ᠪᠠᠰᠠ ᠮᠣᠩᠭᠤᠯ ᠦᠰᠦᠭ ᠪᠢᠴᠢᠭ ᠤᠨ ᠭᠤᠷᠪᠠᠳᠣᠭᠠᠷ ︽  ᠵᠢᠷᠦᠭᠡᠨ ᠤ ᠳᠣᠯᠲᠦ︾ ᠭᠡᠳᠡᠭ᠃                                                    ᠮᠣᠩᠭᠤᠯ ᠳᠦᠷᠪᠡᠯᠵᠢᠨ ᠦᠰᠦᠭ                 1260 ᠣᠨ ᠳᠤ ᠬᠤᠪᠢᠯᠠᠢ ᠰᠡᠴᠡᠨ ᠬᠠᠭᠠᠨ ᠮᠣᠩᠭᠤᠯ ᠦᠰᠦᠭ ᠢ ᠦᠭᠡᠷᠡᠴᠢᠯᠡᠨ ᠵᠣᠬᠢᠶᠠᠬᠤ ᠡᠬᠦᠷᠭᠡ ᠶᠢ   ᠲᠦᠪᠡᠳ ᠤᠨ ᠫᠠᠭᠪᠠ ᠯᠠᠮᠠ   ᠳᠤ ᠳᠠᠭᠠᠭᠠᠯᠭᠠᠭᠰᠠᠨ ᠪᠠᠶᠢᠨ᠎ᠠ᠃ ᠫᠠᠭᠪᠠ ᠯᠠᠮᠠ1260 ~1269 ᠣᠨ ᠤ   ᠬᠤᠭᠤᠷᠣᠨᠲᠦ ᠡᠨᠡᠳᠬᠡᠭ ᠤᠨ ᠰᠠᠨᠰᠺᠷᠢᠲ ᠴᠠᠭᠠᠨ ᠲᠣᠯᠣᠭᠠᠢ ᠪᠡ ᠲᠦᠪᠡᠳ ᠦᠰᠦᠭ ᠤᠨ ᠴᠠᠭᠠᠨ ᠳᠣᠯᠣᠭᠠᠢ ᠶᠢ   ᠦᠨᠳᠦᠰᠦᠯᠡᠵᠦ᠂ 42 ᠦᠰᠦᠭ ᠢᠶᠠᠷ ᠪᠦᠷᠢᠯᠳᠦᠭᠰᠠᠨ ᠳᠦᠷᠪᠡᠯᠵᠢᠨ ᠦᠰᠦᠭ ᠤᠨ ᠴᠠᠭᠠᠨ ᠲᠣᠯᠣᠭᠠᠢ ᠶᠢ ᠵᠣᠬᠢᠶᠠᠭᠰᠠᠨ   ᠪᠠᠶᠢᠨ᠎ᠠ᠃ ᠵᠣᠬᠢᠶᠠᠵᠦ ᠪᠠᠷᠠᠭᠰᠠᠨ ᠵᠢᠯ ᠳᠤ ᠬᠤᠪᠢᠯᠠᠢ ᠬᠠᠭᠠᠨ ᠪᠦᠬᠦ ᠶᠤᠸᠠᠨ ᠣᠯᠣᠰ ᠲᠤ ᠵᠠᠷᠯᠢᠭ ᠪᠠᠭᠤᠯᠭᠠᠵᠦ ᠨᠡᠶᠢᠳᠡᠮ   ᠬᠡᠷᠡᠭᠯᠡᠵᠡᠢ᠃ ᠲᠠᠷᠡ ᠦᠶ᠎ᠡ ᠳᠤ ᠮᠣᠩᠭᠤᠯ ᠳᠦᠷᠪᠡᠯᠵᠢᠨ ᠦᠰᠦᠭ ᠢ ᠵᠠᠷᠣᠬᠤ ᠶᠢᠨ ᠬᠠᠮᠲᠦ ᠣᠶᠢᠭᠤᠷᠵᠢᠨ ᠮᠣᠩᠭᠤᠯ‌ᠦᠰᠦᠭ ᠪᠠ ᠬᠢᠳᠠᠳ᠂ ᠲᠦᠪᠡᠳ ᠦᠰᠦᠭ ᠢ  ᠬᠠᠮᠲᠦ ᠲᠤᠨᠢ ᠳᠠᠭᠠᠭᠤᠯᠵᠦ ᠬᠡᠷᠡᠭᠯᠡᠵᠦ ᠪᠠᠶᠢᠯ᠎ᠠ᠃                                                 ᠠᠶᠣᠰᠢ ᠬᠦᠣᠰᠢ ᠶᠢᠨ ᠠᠯᠢ ᠭᠠᠯᠢ ᠦᠰᠦᠭ                   1577 ᠣᠨ ᠠᠴᠠ ᠬᠤᠶᠢᠰᠢ ᠰᠢᠷ᠎ᠠ ᠶᠢᠨ ᠱᠠᠰᠢᠨ ᠮᠣᠩᠭᠤᠯ ᠣᠷᠣᠨ ᠳᠤ ᠳᠡᠯᠭᠡᠷᠡᠵᠡᠢ᠂ ᠲᠣᠬᠠᠢ ᠶᠢᠨ ᠦᠶ᠎ᠡ   ᠳᠤ ᠰᠦᠮ᠎ᠡ ᠬᠡᠶᠢᠳ ᠨᠢ ᠮᠣᠩᠭᠤᠯ ᠦᠨᠳᠦᠰᠣᠳᠠᠨ ᠤ ᠰᠣᠶᠣᠯ ᠤᠨ ᠲᠦᠪ ᠪᠤᠯᠵᠦ᠂ ᠪᠣᠷᠬᠠᠨ ᠤ ᠨᠣᠮ ᠰᠣᠳᠣᠷ ᠢ   ᠮᠣᠩᠭᠤᠯ ᠬᠡᠯᠡ ᠪᠠᠷ ᠣᠷᠴᠢᠭᠤᠯᠬᠤ ᠠᠰᠠᠭᠤᠳᠠᠯ ᠳᠣᠯᠭᠠᠮ᠎ᠠ ᠱᠠᠭᠠᠷᠳᠠᠭᠳᠠᠵᠦ ᠪᠠᠶᠢᠵᠠᠢ᠃ ᠲᠡᠷᠡ ᠦᠶ᠎ᠡ ᠳᠤ ᠠᠯᠳᠠᠨ   ᠬᠠᠭᠠᠨ ᠮᠣᠩᠭᠤᠯ᠂ ᠲᠦᠪᠡᠳ᠂ ᠰᠠᠨᠰᠺᠷᠢᠲ ᠭᠤᠷᠪᠠᠨ ᠬᠡᠯᠡ   ᠳᠤ ᠨᠡᠪᠳᠡᠷᠡᠭᠰᠠᠨ ᠬᠠᠷᠠᠴᠢᠨ  ᠤ ᠬᠦᠣᠰᠢ ᠠᠶᠣᠰᠢ ᠵᠡᠷᠭᠡ   ᠡᠷᠳᠡᠮᠳᠡᠨ ᠳᠤ ᠵᠠᠷᠯᠢᠭ ᠪᠠᠭᠤᠯᠭᠠᠵᠦ᠂ ᠲᠦᠪᠡᠳ ᠬᠡᠯᠡᠨ ᠠᠴᠠ ︽ᠭᠠᠨᠵᠣᠣᠷ︾ ᠢ ᠣᠷᠴᠢᠭᠤᠯᠣᠭᠤᠯᠪᠠ᠃ ᠣᠷᠴᠢᠭᠤᠯᠬᠤ   ᠶᠠᠪᠣᠴᠠ ᠳᠤ ᠬᠠᠷᠢ ᠬᠡᠯᠡᠨ ᠤ ᠵᠢᠭᠡᠯᠡᠭᠡ ᠦᠭᠡ ᠶᠢ ᠮᠣᠩᠭᠤᠯ ᠢᠶᠠᠷ ᠳᠡᠮᠳᠡᠭᠯᠡᠬᠦ ᠳᠤ ᠬᠦᠴᠢᠷ ᠪᠣᠯᠬᠤᠷ 1587 ᠤᠨ ᠳᠤ   ᠬᠠᠷᠠᠴᠢᠨ ᠤ ᠠᠶᠣᠰᠢ ᠬᠦᠣᠰᠢ ᠮᠣᠩᠭᠤᠯ ᠦᠰᠦᠭ ᠤᠨ ᠰᠠᠭᠤᠷᠢᠨ ᠳᠡᠭᠡᠷ᠎ᠡ ᠰᠠᠨᠰᠺᠷᠢᠲ ᠪᠣᠯᠣᠨ ᠲᠦᠪᠡᠳ ᠦᠰᠦᠭ ᠤᠨ   ᠴᠠᠭᠠᠨ ᠳᠣᠯᠣᠭᠠᠢ ᠶᠢ ᠬᠢᠨᠠᠵᠦ ︽ᠠᠯᠢ ᠭᠠᠯᠢ ᠦᠰᠦᠭ︾ ᠭᠡᠳᠡᠭ ᠭᠠᠯᠢᠭ ᠦᠰᠦᠭ ᠢ ᠵᠣᠬᠢᠶᠠᠪᠠ᠃ ᠠᠯᠢ ᠭᠠᠯᠢ   ᠦᠰᠦᠭ ᠪᠣᠯ ᠡᠷᠳᠠᠨ ᠤ ᠮᠣᠩᠭᠤᠯ ᠤᠨ ᠳᠠᠭᠤᠳᠠᠯᠭ᠎ᠠ ᠪᠣᠯᠣᠨ ᠪᠢᠴᠢᠯᠭᠡ ᠲᠠᠢ ᠦᠨᠳᠦᠰᠣᠨ ᠳᠡᠭᠡᠨ ᠠᠳᠠᠯᠢ ᠪᠠᠶᠢᠳᠠᠭ᠃                                                           ᠳᠣᠳᠣ ᠦᠰᠦᠭ                   1648 ᠣᠨ ᠳᠤ ᠣᠶᠢᠷᠠᠳ ᠮᠣᠩᠭᠤᠯ ᠤᠨ ᠡᠷᠳᠡᠮᠳᠡᠨ ᠽᠠᠶ᠎ᠠ ᠪᠠᠨᠳᠢᠳᠠ ᠨᠠᠮᠬᠠᠶᠢᠵᠠᠮᠰᠣ ᠨᠡᠶᠢᠳᠡ ᠮᠣᠩᠭᠤᠯ  ᠤᠨ   ᠬᠡᠷᠡᠭᠯᠡᠵᠦ ᠪᠠᠶᠢᠭᠰᠠᠨ ᠣᠶᠢᠭᠤᠷᠵᠢᠨ ᠮᠣᠩᠭᠤᠯ ᠦᠰᠦᠭ ᠢ ᠣᠶᠢᠷᠠᠳ ᠠᠶᠠᠯᠭᠤᠨ ᠤ ᠣᠨᠴᠠᠯᠢᠭ ᠢᠶᠠᠷ ᠦᠨᠳᠣᠰᠣᠯᠡᠵᠦ᠂   ᠶᠠᠷᠢᠶᠠᠨ ᠳᠠᠭᠠᠨ ᠣᠶᠢᠷᠠᠳᠣᠭᠤᠯᠣᠭᠰᠠᠨ ︽ᠳᠣᠳᠣ ᠦᠰᠦᠭ ᠪᠣᠯᠭᠠᠨ︾ ᠦᠭᠡᠷᠡᠴᠢᠯᠡᠵᠡᠢ᠃                                                        ᠰᠣᠶᠣᠩᠪᠤ ᠣᠰᠦᠭ                    ᠬᠠᠯᠬ᠎ᠠ ᠶᠢᠨ ᠲᠦᠰᠢᠶᠡᠲᠦ ᠬᠠᠭᠠᠨ ᠭᠤᠮᠪᠤ ᠶᠢᠨ ᠬᠦᠪᠡᠭᠦᠨ ᠵᠠᠨᠠᠪᠠᠽᠠᠷ 1686 ᠤᠨ ᠲᠦᠪᠠᠭ᠋ᠠᠨ ᠭᠡᠳᠡᠭ ᠭᠠᠵᠷ   ᠲᠤ ᠱᠠᠰᠢᠨ ᠰᠣᠷᠳᠠᠬᠤᠨ ᠤ ᠨᠤᠮ ᠰᠣᠳᠣᠷ ᠢ ᠣᠷᠴᠢᠭᠤᠯᠬᠤ ᠶᠢᠨ ᠳᠦᠭᠦᠮ ᠢ ᠪᠣᠳᠣᠵᠦ᠂ ᠡᠷᠳᠡᠨ ᠤ ᠡᠨᠡᠳᠬᠡᠭ   ᠦᠰᠦᠭ ᠤᠨ ᠴᠠᠭᠠᠨ ᠳᠣᠯᠣᠭᠠᠢ ᠪᠣᠯᠣᠨ ᠲᠦᠪᠡᠳ ᠦᠰᠦᠭ ᠢ ᠦᠨᠳᠦᠰᠦᠯᠡᠵᠦ᠂ ᠮᠣᠩᠭᠤᠯ ᠬᠡᠯᠡ ᠶᠢ ᠳᠡᠮᠳᠡᠭᠯᠡᠬᠦ ︽  ᠰᠣᠶᠣᠩᠪᠤ ᠦᠰᠦᠭ︾ ᠢ ᠵᠣᠬᠢᠶᠠᠪᠠ᠃ ᠡᠨᠡ ᠦᠰᠦᠭ ᠨᠢ ᠬᠠᠯᠠᠬ᠎ᠠ ᠶᠢᠨ ᠰᠦᠮ᠎ᠡ ᠬᠡᠶᠢᠳ ᠤᠨ ᠯᠠᠮᠠ ᠨᠠᠷ ᠤᠨ ᠳᠣᠮᠳᠠ   ᠬᠤᠶᠠᠷ ᠵᠠᠭᠤ ᠭᠠᠷᠣᠢ ᠵᠢᠯ ᠣᠯᠠᠮᠵᠢᠯᠠᠭᠳᠠᠭᠰᠠᠨ ᠪᠦᠭᠡᠳ ᠣᠯᠠᠭᠠᠨᠪᠠᠭᠠᠳᠣᠷ ᠲᠤ ᠰᠣᠶᠣᠩᠪᠤ ᠦᠰᠦᠭ ᠰᠣᠷᠣᠯᠴᠠᠬᠤ   ᠰᠣᠷᠭᠠᠭᠤᠯᠢ ᠪᠠᠶᠢᠭᠤᠯᠪᠠ᠃                   ᠡᠨᠡ ᠦᠰᠦᠭ ᠪᠣᠯ ᠲᠦᠷᠪᠡᠯᠵᠢᠨ ᠬᠡᠯᠪᠡᠷᠢ ᠲᠠᠢ ᠪᠦᠭᠡᠳ ᠵᠡᠬᠦᠨ ᠠᠴᠠ ᠪᠠᠷᠠᠭᠤᠨᠰᠢ ᠬᠦᠨᠳᠠᠯᠡᠨ ᠪᠢᠴᠢᠳᠡᠭ 90   ᠦᠰᠦᠭ ᠲᠠᠢ᠂ ᠪᠢᠴᠢᠬᠦ‍ ᠲᠢᠭ ᠨᠢ ᠬᠡᠪᠯᠡᠯ ᠦᠰᠦᠭ᠂ ᠬᠢᠴᠢᠶᠡᠩᠬᠦᠢ ᠦᠰᠦᠭ᠂ ᠳᠠᠳᠠᠯᠭᠠᠨ ᠦᠰᠦᠭ ᠭᠡᠵᠦ ᠭᠤᠷᠪᠠᠨ   ᠵᠦᠢᠯ ᠤᠨ ᠲᠢᠭ ᠲᠠᠢ᠃                                                       ᠰᠢᠨ᠎ᠡ ᠮᠣᠩᠭᠤᠯ ᠦᠰᠦᠭ                   20 ᠳ᠋ᠣᠭᠠᠷ ᠵᠠᠭᠤᠨ ᠤ ᠭᠤᠴᠢ ᠠᠴᠠ ᠲᠦᠴᠢᠭᠡᠳ ᠣᠨ ᠤ ᠦᠶ᠎ᠡ ᠳᠤ ᠪᠦᠬᠦᠳᠡ ᠨᠠᠶᠢᠷᠠᠮᠳᠠᠬᠤ ᠮᠣᠩᠭᠤᠯ  ᠣᠯᠣᠰ  ᠪᠠ ᠪᠦᠷᠢᠶᠡᠳ ᠨᠠᠷ ᠰᠯᠡᠸ᠋ ᠴᠠᠭᠠᠨ ᠲᠣᠯᠣᠭᠠᠢ ᠶᠢ ᠵᠢᠭᠡᠯᠡᠵᠦ᠂ ᠬᠠᠯᠬ᠎ᠠ ᠶᠢᠨ ᠬᠡᠯᠡᠨ ᠤ ᠡᠷᠳᠡᠮᠳᠡᠨ ᠴ᠊᠂  ᠳᠠᠮᠳᠢᠨᠰᠦ᠋ᠷᠦᠩ᠂ ᠮᠢᠰᠢᠭ᠂ ᠪᠠᠭᠪᠠ ᠨᠠᠷ ᠬᠠᠮᠳᠣᠷᠠᠨ ︽ᠰᠢᠨ᠎ᠡ ᠮᠣᠩᠭᠤᠯ ᠦᠰᠦᠭ︾ ᠢ ᠵᠣᠬᠢᠶᠠᠪᠠ᠃ 1949 ᠤᠨ   ᠳᠤ ᠰᠢᠨ᠎ᠡ  ᠮᠣᠩᠭᠤᠯ ᠦᠰᠦᠭ ᠤᠨ ᠳᠦᠷᠢᠮ ᠢᠶᠠᠨ ᠳᠠᠬᠢᠨ ᠬᠢᠨᠠᠵᠦ ᠵᠠᠰᠠᠭᠠᠳ ᠪᠦᠬᠦᠳᠡ ᠨᠠᠶᠢᠷᠠᠮᠳᠠᠬᠤ ᠮᠣᠩᠭᠤᠯ  ᠠᠷᠠᠳ ᠣᠯᠣᠰ   ᠤᠨ ᠬᠠᠣᠯᠢ ᠶᠣᠰᠣ ᠪᠠᠷ ᠪᠠᠲᠣᠯᠠᠵᠦ ᠬᠡᠷᠡᠭᠵᠢᠭᠦᠯᠪᠡ᠃                 ᠬᠠᠯᠬ᠎ᠠ ᠮᠣᠩᠭᠤᠯᠴᠣᠳ 1941 ᠤᠨ ᠠᠴᠠ ᠡᠬᠢᠯᠡᠵᠦ ︽ᠬᠠᠭᠤᠴᠢᠨ ᠮᠣᠩᠭᠤᠯ ᠦᠰᠦᠭ︾ ᠢ ᠬᠡᠷᠡᠭᠯᠡᠬᠦ  ᠪᠠᠨ   ᠵᠣᠭᠰᠣᠵᠦ᠂ ︽ᠰᠢᠨ᠎ᠡ ᠮᠣᠩᠭᠤᠯ ᠦᠰᠦᠭ︾ ᠢ ᠵᠠᠷᠣᠬᠤ ᠪᠣᠯᠵᠠᠢ᠃                  1992 ᠤᠨ ᠠᠴᠠ ᠮᠣᠩᠭᠤᠯ ᠠᠷᠠᠳ ᠣᠯᠣᠰ ᠬᠠᠭᠤᠴᠢᠨ ᠮᠣᠩᠭᠤᠯ ᠦᠰᠦᠭ ᠢᠶᠠᠨ ᠬᠡᠷᠡᠭᠯᠡᠪᠡ᠃              1956 ~1959 ᠤᠨ ᠬᠦᠷᠳᠡᠯ᠎ᠡ ᠦᠪᠦᠷ ᠮᠤᠩᠭᠤᠯ ᠣᠷᠣᠨ ᠳᠤ ᠰᠢᠨ᠎ᠡ ᠮᠣᠩᠭᠤᠯ ᠦᠰᠦᠭ ᠢ ᠪᠠᠰᠠ   ᠬᠡᠷᠡᠭᠯᠡᠵᠦ ᠦᠩᠭᠡᠷᠡᠪᠡ᠃    
 
ᠢᠷᠡᠯᠲᠡ᠄ ᠪᠠᠶᠡᠨ ᠴᠡᠯᠡᠬᠡᠷ ᠠᠷᠤ ᠬᠤᠷᠴᠢᠨ
 
 
ᠬᠠᠮᠢᠶ᠎ᠠ ᠪᠥᠬᠦᠢ ᠰᠤᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备14003692号