ᠮᠤᠩᠭᠤᠯᠴᠤᠳ ᠬᠡᠭᠡᠷ᠎ᠠ ᠶᠢᠨ ᠠᠮᠢᠳᠠᠨ ᠢ ᠭᠡᠷᠰᠢᠭᠦᠯᠤᠨ ᠲᠠᠰᠬᠠᠵᠤ᠂ ᠭᠠᠷᠰᠢᠭᠤᠯᠤᠨ ᠡᠳ᠋ᠯᠡᠬᠦ ᠳᠤᠮᠳᠠ ᠪᠠᠨ | ᠠᠳᠤᠭᠤ᠂ ᠦᠬᠡᠷ᠂ ᠲᠡᠮᠡᠭᠡ᠂ ᠬᠤᠨᠢ᠂ ᠢᠮᠠᠭ᠎ᠠ ᠶᠢ ︽ᠲᠠᠪᠤᠨ ᠬᠤᠰᠢᠭᠤ ᠮᠠᠯ ︾ ᠭᠡᠵᠤ ᠨᠡᠷᠡᠯᠡᠭᠡᠳ᠂ ᠲᠡᠳᠡᠭᠡᠷ | ᠤᠨ ᠲᠤᠳᠤᠷ᠎ᠠ ᠠᠴᠠ ᠠᠳᠤᠭᠤ᠂ ᠬᠤᠨᠢ ᠦᠭᠡᠷ ᠢ ︽ᠬᠠᠯᠠᠭᠤᠨ ᠬᠤᠰᠢᠭᠤᠳᠤ ᠮᠠᠯ︾ ᠭᠡᠭᠦ ᠮᠡᠳᠦ ᠨᠡᠷᠡᠯᠡᠳᠡᠡ᠃ | ᠲᠡᠮᠡᠭᠡ᠂ ᠢᠮᠠᠭ᠎ᠠ ᠶᠢ ︽ᠬᠦᠢᠳᠡᠨ ᠬᠤᠰᠢᠭᠤᠳᠦ ᠮᠠᠯ︾ ᠭᠡᠵᠤ ᠨᠡᠷᠡᠯᠡᠭᠦ ᠤᠯᠠᠮᠵᠢᠯᠠᠯ ᠲᠠᠢ᠃ ᠲᠠᠪᠤᠨ ᠬᠤᠰᠢᠭᠤ | ᠮᠠᠯ ᠤᠨ ᠤᠨᠴᠠᠯᠢᠭ ᠰᠢᠨᠵᠢ᠂ ᠮᠠᠯ ᠭᠡᠵᠤ ᠨᠡᠷᠡᠯᠡᠭᠦ ᠤᠯᠠᠮᠵᠢᠯᠠᠯ ᠲᠠᠢ᠃ ᠮᠤᠩᠭᠤᠯᠴᠤᠳ ᠪᠡᠯᠭᠡᠰᠢᠶᠡᠯ ᠰᠠᠨᠠᠭ᠎ᠠ᠂ | ᠵᠦᠩᠨᠠᠯ ᠤᠨ ᠰᠡᠳᠬᠢᠯᠭᠡ ᠪᠠᠷ ᠢᠶᠠᠨ ᠨᠠᠶᠢᠷ ᠨᠠᠭᠠᠳᠤᠮ ᠤᠨ ᠱᠠᠩ ᠬᠡᠰᠢᠭ᠂ ᠪᠠᠶᠠᠷ ᠶᠤᠰᠤᠯᠠᠯ ᠤᠨ ᠪᠡᠯᠡᠭ | ᠰᠡᠯᠳᠡ ᠳᠤ ᠲᠡᠮᠡᠭᠡ ᠶᠢ ᠤᠷᠤᠯᠴᠠᠭᠤᠯᠬᠤ ᠳᠤ ᠪᠠᠨ ᠴᠤ ︽ᠬᠠᠯᠠᠭᠤᠨ ᠬᠤᠰᠢᠭᠤᠳᠦ︾ ᠬᠡᠮᠡᠨ ᠪᠡᠯᠭᠡᠰᠢᠶᠡᠨ | ᠨᠡᠷᠡᠯᠡᠭᠦ ᠵᠠᠩᠰᠢᠯ ᠪᠤᠢ᠃ | ᠲᠠᠪᠤᠨ ᠬᠤᠰᠢᠭᠤ ᠮᠠᠯ ᠤᠨ ᠳᠤᠲᠤᠷ᠎ᠠ ᠠᠴᠠ ᠠᠳᠤᠭᠤ᠂ ᠲᠡᠮᠡᠭᠡ᠂ ᠦᠭᠡᠷ ᠲᠤᠮᠤ ᠮᠠᠯ ᠢ ᠪᠤᠳᠠ ᠮᠠᠯ᠂ ᠬᠤᠨᠢ | ᠢᠮᠠᠭ᠎ᠠ ᠶᠢ ᠪᠤᠭ ᠮᠠᠯ ᠭᠡᠳᠡᠭ᠃ ᠪᠠᠰᠠ ᠠᠳᠤᠭᠤ᠂ ᠲᠡᠮᠡᠭᠡ᠂ ᠦᠭᠡᠷ ᠪᠡᠶ᠎ᠡ ᠪᠢᠯᠳᠡᠷ ᠢᠶᠠᠷ ᠪᠦᠳᠤᠭᠦᠨ ᠢ ᠨᠢ | ᠬᠤᠯᠠ ᠶᠢᠨ ᠪᠡᠯᠴᠢᠭᠡᠷᠳᠦ ᠮᠠᠯ ᠭᠡᠨ᠎ᠡ᠃ ᠬᠤᠨᠢ᠂ ᠢᠮᠠᠭ᠎ᠠ ᠶᠢ ᠦᠢᠷ᠎ᠠ ᠶᠢᠨ ᠪᠡᠯᠴᠢᠭᠡᠷᠳᠦ ᠮᠠᠯ ᠭᠡᠨ᠎ᠠ᠃ ᠮᠠᠯ ᠤᠨ | ᠲᠠᠷᠭᠤ ᠬᠦᠴᠤ ᠶᠢ ᠶᠡᠷᠤᠩᠬᠡᠢ ᠳᠤ ᠪᠠᠨ ᠤᠰᠤᠨ ᠲᠠᠷᠭᠤ᠂ ᠲᠤᠰᠤᠨ ᠲᠠᠷᠭᠤ ᠭᠡᠵᠦ ᠬᠤᠪᠢᠶᠠᠳᠠᠭ ᠪᠦᠭᠡᠳ | ᠤᠰᠤᠨ ᠲᠠᠷᠭᠤ ᠶᠢ ᠡᠯᠢᠭᠡᠨ ᠲᠠᠷᠭᠤ᠂ ᠮᠢᠬᠠᠨ ᠲᠠᠷᠭᠤ ᠭᠡᠵᠤ ᠢᠯᠭᠠᠬᠤ ᠪᠠ ᠲᠤᠰᠤᠨ ᠲᠠᠷᠭᠤ ᠶᠢ ᠦᠭᠡᠭᠦᠨ | ᠲᠠᠷᠭᠤ᠂ ᠠᠷᠠᠰᠤᠨ ᠲᠠᠷᠭᠤ ᠭᠡᠵᠦ ᠨᠠᠷᠢᠨ ᠢᠯᠭᠠᠯ ᠲᠠᠢ ᠬᠤᠪᠢᠶᠠᠳᠠᠭ᠃ ᠲᠤᠭᠤᠷᠠᠢ ᠪᠠᠷ ᠨᠢ ᠢᠯᠭᠠᠪᠠᠯ᠂ | ᠪᠢᠳᠡᠬᠦᠦ ᠲᠤᠭᠤᠷᠠᠶᠢᠳᠠᠨ᠂ ᠠᠴᠠ ᠲᠭᠤᠷᠠᠶᠢᠳᠠᠨ ᠭᠡᠵᠦ ᠢᠯᠭᠠᠳᠠᠭ᠃ ᠠᠳᠤᠭᠤ ᠶᠢ ᠪᠢᠳᠡᠭᠦᠦ ᠲᠤᠭᠤᠷᠠᠶᠢᠳᠠᠨ | ᠮᠠᠯ ᠭᠡᠨ᠎ᠡ᠃ ᠦᠬᠡᠷ ᠲᠡᠮᠡᠭᠡ ᠬᠤᠨᠢ ᠢᠮᠠᠭ᠎ᠠ ᠶᠢᠨ ᠬᠤᠬᠢᠰᠤ ᠪᠤᠯᠤᠨ ᠲᠤᠭᠤᠷᠠᠢ ᠨᠢ ᠰᠠᠯᠪᠠᠭ ᠪᠤᠯᠬᠤᠷ ᠠᠴᠠ | ᠲᠤᠭᠤᠷᠠᠶᠢᠳᠦ ᠮᠠᠯ ᠭᠡᠨ᠎ᠡ᠃ ᠮᠤᠩᠭᠤᠯᠴᠤᠳ ᠲᠠᠪᠤᠨ ᠬᠤᠰᠢᠭᠤ ᠮᠠᠯ ᠤᠨ ᠢᠶᠠᠨ ᠵᠢᠰᠦ᠂ ᠬᠡᠯᠪᠡᠷᠢ᠂ ᠭᠠᠯᠪᠢᠷ᠂ | ᠭᠦᠢᠰᠤ ᠨᠠᠰᠦ᠂ ᠶᠠᠪᠤᠳᠠᠯ ᠬᠦᠳᠡᠯᠭᠡᠭᠡᠨ᠂ ᠠᠪᠢᠶ᠎ᠠ ᠴᠢᠮᠡᠭᠡ ᠳᠤ ᠤᠨᠤᠭᠠᠭᠰᠠᠨ ᠨᠡᠷ᠎ᠠ ᠦᠭᠴᠦ ᠬᠤᠭᠤᠷᠤᠨᠳᠦ ᠪᠠᠨ | ᠤᠶᠢᠯᠠᠭᠠᠯᠴᠠᠳᠠᠭ᠃ | ᠠᠳᠤᠭᠤ | ᠨᠡᠷᠡᠶᠢᠳᠤᠯ᠄ | ᠮᠤᠷᠢ — ᠠᠳᠤᠭᠤᠨ ᠤ ᠶᠡᠷᠦᠩᠬᠡᠢ ᠳᠠᠭᠤᠳᠠᠯᠭ᠎ᠠ᠂ ᠠᠳᠤᠭᠤ — ᠤᠯᠠᠨ ᠮᠤᠷᠢᠨ ᠤ ᠶᠡᠷᠦᠩᠬᠡᠢ ᠳᠠᠭᠤᠳᠠᠯᠭ᠎ᠠ | | ᠠᠭᠳᠠ — ᠠᠭᠳᠠᠯᠭᠰᠠᠨ ᠪᠦᠳᠤᠭᠦᠨ ᠮᠤᠷᠢ᠂ | ᠠᠵᠢᠷᠭ᠎ᠠ — ᠦᠷ᠎ᠡ ᠶᠢᠨ ᠮᠤᠷᠢ᠂ ᠠᠭᠳᠠᠯᠠᠭᠰᠠᠨ ᠦᠭᠡᠢ ᠡᠷ᠎ᠡ ᠮᠤᠷᠢ | ᠠᠷᠭᠤᠮᠠᠭ — ᠲᠤᠮᠦ ᠪᠦᠳᠦᠭᠦᠨ ᠪᠡᠶ᠎ᠡ ᠲᠠᠢ ᠮᠤᠷᠢ᠂ | ᠠᠷᠠᠨᠵᠠᠯ — ᠮᠠᠰᠢ ᠰᠠᠶᠢᠨ ᠬᠦᠯᠦᠭ | ᠠᠵᠢᠨᠢ — ᠬᠤᠪᠢᠯᠭᠠᠨ ᠬᠦᠯᠦᠭ ᠭᠦᠯᠦᠭ — ᠰᠠᠶᠢᠨ ᠠᠭᠳᠠ ᠶᠢᠨ ᠬᠦᠨᠳᠤᠳᠭᠡᠯ ᠨᠡᠷ᠎ᠡ | ᠭᠦᠢᠰᠤ ᠨᠠᠰᠦ | ᠨᠢᠭᠡ ᠨᠠᠰᠤᠲᠠᠢ᠄ ᠤᠨᠠᠭ᠎ᠠ᠂ ︵ᠡᠷ᠎ᠡ ᠤᠨᠠᠭ᠎ᠠ᠂ ᠦᠬᠢᠨ ᠤᠨᠠᠭ᠎ᠠ︶ | ᠤᠢ ᠬᠦᠷᠦᠭᠡᠳᠤᠢ᠄ ᠰᠠᠷᠪᠠ ︵ᠡᠷ᠎ᠡ ᠰᠠᠷᠪᠠ᠂ ᠦᠬᠢᠨ ᠰᠠᠷᠪᠠ︶ | ᠬᠤᠶᠠᠷ ᠨᠠᠰᠤᠲᠠᠢ᠄ ᠳᠠᠭ᠎ᠠ ︵ᠡᠷ᠎ᠡ ᠳᠠᠭ᠎ᠠ᠂ ᠦᠬᠢᠨ ᠳᠠᠭ᠎ᠠ︶ | ᠭᠤᠷᠪᠠᠨ ᠨᠠᠰᠤᠲᠠᠢ᠄ ᠰᠢᠳᠤᠯᠠᠩ | ᠭᠤᠷᠪᠠ — ᠳᠦᠷᠪᠡᠨ ᠨᠠᠰᠤᠲᠠᠢ᠄ ᠪᠠᠶᠢᠳᠠᠰᠦ ︵ᠡᠮ᠎ᠡ︶ ᠦᠷᠢᠶ᠎ᠡ ︵ᠡᠷ᠎ᠡ︶ | ᠳᠦᠷᠪᠡᠨ ᠨᠠᠰᠤᠲᠠᠢ᠄ ᠬᠢᠵᠠᠭᠠᠯᠠᠩ | ᠲᠠᠪᠤᠨ ᠨᠠᠰᠤᠲᠠᠢ᠄ ᠰᠤᠶᠤᠭᠠᠯᠠᠩ | ᠵᠠᠰᠠᠵᠦ ᠴᠠᠭᠠᠯᠠᠭᠰᠠᠨ — ᠠᠭᠳᠠ | ᠦᠷ᠎ᠡ ᠶᠢᠨ ᠮᠠᠯ — ᠠᠵᠢᠷᠭ᠎ᠠ | ᠡᠭᠡ ᠮᠠᠯ — ᠭᠡᠭᠦᠦ | ᠵᠢᠰᠦ ᠵᠢᠰᠤᠮ᠄ ᠬᠡᠭᠡᠷ᠂ ᠰᠠᠭᠠᠷᠠᠯ᠂ ᠰᠢᠷᠭ᠎ᠠ᠂ ᠬᠤᠸ᠋ᠨ ᠬᠤᠩᠭᠤᠷ᠂ ᠬᠤᠯᠠ᠂ ᠬᠦᠷᠡᠩ᠂ ᠴᠠᠪᠢᠳᠠᠷ᠂ | ᠵᠡᠭᠡᠷᠳᠡ᠂ ᠬᠠᠯᠢᠭᠤᠨ᠂ ᠪᠤᠭᠤᠷᠤᠯ᠂ ᠬᠠᠯᠳᠠᠷ᠂ ᠪᠤᠷᠦ ᠭᠡᠬᠦ ᠮᠡᠳᠦ ᠦᠨᠳᠤᠰᠤᠨ ᠪᠤᠶᠦ ᠲᠠᠩ ᠵᠢᠰᠦ ᠪᠠᠷ ᠡᠰᠡᠪᠡᠯ | ᠡᠯᠳᠡᠪ ᠵᠢᠰᠤᠨ ᠤ ᠨᠡᠶᠢᠯᠡᠮᠡᠯ ᠵᠢᠰᠦ ᠪᠠᠷ ᠲᠤᠳᠤᠷᠠᠭᠤᠯᠤᠨ ᠨᠡᠷᠡᠯᠡᠳᠡᠭ᠃ ᠶᠠᠪᠤᠳᠠᠯ ᠭᠦᠳᠡᠯᠭᠡᠭᠡᠨ᠄ ᠭᠠᠯᠭᠢᠶᠠ᠂ | ᠭᠡᠯᠳᠦᠷᠢᠭᠡ᠂ ᠰᠠᠵᠢᠯᠠᠭ᠎ᠠ᠂ ᠱᠤᠭᠰᠢᠶ᠎ᠠ᠂ ᠬᠠᠳᠠᠷᠢᠶ᠎ᠠ᠂ ᠶᠦᠷᠭᠡᠭᠡ᠂ ᠴᠤᠭᠬᠢᠶ᠎ᠠ᠂ ᠳᠠᠪᠬᠢᠶ᠎ᠠ᠂ ᠰᠠᠶᠢᠪᠤᠷ | ᠵᠢᠷᠤᠭ᠎ᠠ ᠭᠡᠵᠦ ᠢᠯᠭᠠᠨ᠎ᠠ ᠃ | ᠠᠪᠤᠷᠢ ᠠᠷᠠᠨᠰᠢᠨ ᠤ ᠢᠯᠡᠷᠡᠯ ᠪᠤᠯᠬᠤ ᠬᠦᠳᠡᠯᠭᠡᠭᠡᠨ᠄ | ᠪᠤᠰᠬᠠᠬᠤ᠂ ᠲᠠᠩᠭᠠᠷᠬᠤ᠂ ᠪᠤᠯᠭᠢᠬᠤ᠂ ᠲᠤᠩᠭᠤᠴᠢᠬᠤ᠂ ᠢᠰᠭᠦᠯᠭᠦ᠂ ᠬᠠᠶᠢᠷᠬᠤ᠂ ᠰᠠᠮᠠᠷᠳᠠᠬᠤ᠂ | ᠴᠠᠪᠴᠢᠬᠤ᠂ ᠬᠠᠷᠠᠶᠢᠬᠤ᠂ ᠴᠤᠷᠤᠶᠢᠬᠤ᠂ ᠴᠤᠬᠤᠷᠬᠤ ᠭᠡᠭᠦ ᠮᠡᠳᠦ ᠨᠡᠷᠡᠯᠡᠳᠡᠭ᠃ | ᠠᠪᠢᠶ᠎ᠠ ᠴᠢᠮᠡᠭᠡ᠄ | ᠢᠨᠴᠠᠭᠠᠬᠤ᠂ ᠲᠤᠷᠭᠢᠬᠤ᠂ ᠦᠤᠷᠰᠡᠬᠦ᠂ ᠤᠩᠭᠤᠯᠳᠠᠬᠤ᠂ ᠴᠢᠷᠠᠯᠠᠬᠤ᠂ ᠬᠤᠤᠷᠭᠠᠰᠦ ᠪᠠᠨ ᠳᠠᠳᠠᠬᠤ | ︵ᠬᠠᠮᠠᠷ ᠢᠶᠠᠨ ᠳᠤᠤᠭᠠᠷᠭᠠᠬᠤ︶ ᠵᠡᠷᠭᠡ ᠳᠠᠭᠤ ᠠᠪᠢᠶ᠎ᠠ ᠪᠠᠷ ᠦᠪᠡᠷ ᠬᠤᠭᠤᠷᠤᠨᠳᠦ ᠪᠠᠨ ᠪᠤᠯᠤᠨ ᠦᠷ᠎ᠡ ᠲᠦᠯ | ᠢᠵᠢᠯᠢ ᠰᠦᠷᠦᠭ ᠲᠠᠢ ᠪᠠᠨ ᠬᠠᠷᠢᠯᠴᠠᠳᠠᠭ᠃ ᠬᠠᠷᠢᠴᠠᠬᠤ ᠠᠪᠢᠶ᠎ᠠ ᠠᠶᠠᠯᠭᠤ᠄ ᠴᠦᠭᠦ᠂ ᠴᠦᠦ᠂ ᠭᠤᠷᠤᠢ | ᠭᠤᠷᠤᠢ᠂ ᠬᠦᠬᠦᠭ ᠬᠦᠬᠦᠭ᠃ | ᠲᠡᠮᠡᠭᠡ | ᠲᠡᠮᠡᠭᠡ ᠶᠢ ᠰᠢᠳᠦ ᠪᠠᠷ ᠨᠢ ᠲᠤᠭᠲᠠᠭᠠᠵᠦ ᠢᠯᠭᠠᠨ ᠨᠡᠷᠡᠯᠡᠨ᠎ᠡ᠃ ᠰᠢᠳᠦ ᠲᠠᠳᠠᠬᠤ ᠳᠤ ᠪᠠᠨ ᠡᠭᠦᠳᠡᠨ | ᠰᠢᠳᠤᠨ ᠤ ᠬᠢᠨᠢ ᠬᠠᠯᠪᠠᠭ᠎ᠠ ᠶᠢᠨ ᠲᠤᠭ᠎ᠠ ᠶᠢ ᠦᠨᠳᠤᠰᠤᠯᠡᠳᠡᠭ᠃ | ᠨᠠᠰᠤ ᠭᠦᠢᠰᠤ | ᠨᠢᠭᠡ ᠨᠠᠰᠤᠲᠠᠢ᠄ ᠪᠤᠳᠤᠭᠤ ︵ᠡᠷ᠎ᠡ ᠪᠤᠳᠤᠭᠤ᠂ ᠦᠬᠢᠨ ᠪᠤᠳᠤᠭᠤ︶ | ᠤᠢ ᠬᠦᠷᠤᠭᠡᠳᠤᠢ᠄ ᠰᠠᠷᠪᠠᠭᠠᠨ ᠲᠡᠮᠡᠭᠡ | ᠬᠤᠶᠠᠷ ᠨᠠᠰᠤᠲᠠᠢ᠄ ᠲᠤᠷᠤᠮ ︵ᠡᠷ᠎ᠡ ᠲᠤᠷᠤᠮ᠂ ᠦᠬᠢᠨ ᠲᠤᠷᠤᠮ︶ | ᠭᠤᠷᠪᠠᠨ ᠨᠠᠰᠤᠲᠠᠢ᠄ ᠭᠤᠷᠪᠠᠳᠦ ︵ᠰᠢᠳᠤᠯᠡᠩ︶ ᠭᠤᠨᠠᠨ ᠲᠡᠮᠡᠭᠡ᠂ ᠭᠤᠨᠵᠢᠨ ᠲᠡᠮᠡᠭᠡ | ᠭᠤᠷᠪᠠ — ᠳᠦᠷᠪᠡᠨ ᠨᠠᠰᠤᠳᠠᠢ᠄ ᠲᠦᠷᠪᠡᠳᠦ ︵ᠬᠢᠵᠠᠭᠠᠯᠠᠩ︶᠂ ᠲᠠᠶᠢᠯᠤᠭ ︵ᠡᠷ᠎ᠡ︶ ᠳᠦᠨᠡᠨ ᠲᠡᠮᠡᠭᠡ ︵ᠡᠷ᠎ᠡ︶ | ᠂ ᠳᠦᠨᠵᠢᠨ ᠲᠡᠮᠡᠭᠡ ︵ᠡᠮ᠎ᠡ︶ | ᠲᠠᠪᠤᠨ ᠨᠠᠰᠤᠲᠠᠢ᠄ ᠲᠠᠪᠤᠳᠦ ︵ᠰᠤᠶᠤᠭᠠᠯᠠᠩ︶᠂ ᠲᠠᠪᠤᠨ ᠨᠠᠰᠤᠨ ᠠᠴᠠ ᠳᠡᠭᠡᠭᠰᠢᠬᠢ ᠡᠷ᠎ᠡ ᠲᠡᠮᠡᠭᠡ ᠶᠢ | ᠵᠠᠰᠠᠵᠤ ᠴᠠᠭᠠᠯᠠᠭᠰᠠᠨ ᠢ ᠨᠢ ᠠᠳᠠ ᠭᠡᠳᠡᠭ᠃ | ᠦᠷ᠎ᠡ ᠶᠢᠨ ᠮᠠᠯ ᠢ ᠪᠤᠤᠷ᠎ᠠ ᠭᠡᠳᠡᠭ᠂ ᠡᠬᠡ ᠮᠠᠯ ᠢ ᠢᠩᠭᠡ ᠭᠡᠳᠡᠭ᠃ | ᠪᠦᠳᠦᠭᠦᠷᠡᠭᠡᠳ ᠵᠠᠰᠠᠭᠰᠠᠨ ᠲᠡᠮᠡᠭᠡ ᠶᠢ ᠠᠰᠠᠮᠠᠯ ᠭᠡᠳᠡᠭ᠃ | ᠶᠠᠪᠤᠳᠠᠯ ᠬᠦᠳᠡᠯᠭᠡᠭᠡᠨ᠄ | ᠠᠯᠬᠤᠭ᠎ᠠ᠂ ᠵᠤᠭᠳᠤᠷ ᠭᠦᠳᠡᠯᠭᠡᠭᠡ᠂ ᠵᠤᠨᠵᠤᠭᠠ᠂ ᠭᠦᠶᠦᠯᠭᠡ᠂ ᠰᠡᠬᠡᠬᠡ᠂ ᠲᠠᠰᠢᠶ᠎ᠠ᠂ ᠳᠠᠪᠠᠷᠠᠭᠠ ᠭᠡᠵᠦ | ᠢᠯᠭᠠᠨᠨᠡᠷᠡᠯᠡᠳᠡᠭ᠃ | ᠠᠪᠢᠶ᠎ᠠ ᠴᠢᠮᠡᠭᠡ᠄ | ᠪᠤᠶᠢᠯᠠᠬᠤ᠂ ᠭᠤᠩᠭᠠᠨᠢᠬᠤ᠂ ᠬᠦᠷᠬᠢᠷᠡᠭᠦ᠂ ᠥᠷᠢᠯᠠᠬᠤ᠂ ᠭᠠᠩᠭᠢᠢᠬᠤ᠃ | ᠬᠠᠷᠢᠴᠠᠬᠤ ᠠᠪᠢᠶ᠎ᠠ ᠠᠶᠠᠯᠭᠤ᠄ | ᠮᠠᠯᠴᠢᠨ ᠭᠦᠮᠤᠨ ᠲᠡᠮᠡᠭᠡ ᠲᠠᠢ ᠬᠠ᠂ ᠬᠤᠵᠠ᠂ ᠭᠦᠤᠴᠡ᠂ ᠰᠦᠭ ᠰᠦᠭ᠂ ᠰᠦᠭᠦᠭ ᠰᠦᠭᠦᠭ᠂ | ᠬᠤᠭᠤᠭ ᠬᠤᠭᠤᠭ᠂ ᠲᠠᠭᠤᠷ ᠲᠠᠭᠤᠷ᠂ ᠲᠤᠤᠷ ᠲᠤᠤᠷ᠂ ᠲᠦᠤᠱ ᠲᠦᠤᠱ᠂ ᠬᠦᠤᠰ ᠭᠦᠤᠰ᠂ ᠰᠢᠭᠡᠷ᠎ᠡ ᠰᠢᠭᠡᠷ᠎ᠡ | ᠭᠡᠬᠦ ᠠᠪᠢᠶ᠎ᠠ ᠠᠶᠠᠯᠭ᠎ᠠ ᠪᠠᠷ ᠬᠠᠷᠢᠴᠠᠳᠠᠭ᠃ | ᠦᠭᠡᠷ | ᠵᠢᠰᠦ ᠵᠢᠰᠤᠯᠡᠯ᠄ | ᠤᠯᠠᠭᠠᠨ᠂ ᠬᠦᠷᠡᠩ᠂ ᠬᠠᠷ᠎ᠠ᠂ ᠪᠤᠷᠦ᠂ ᠠᠯᠠᠭ᠂ ᠬᠦᠬᠡ᠂ ᠶᠠᠭᠠᠨ᠂ ᠠᠯᠠᠭ ᠲᠠᠷᠯᠠᠨ᠂ ᠭᠡᠬᠦ ᠮᠡᠳᠦ ᠪᠠᠷ | ᠢᠯᠭᠠᠨ ᠨᠡᠷᠡᠯᠡᠳᠡᠭ᠃ | ᠬᠦᠢᠰᠦ ᠨᠠᠰᠦ᠄ | ᠨᠡᠭᠡ ᠨᠠᠰᠤᠲᠠᠢ — ᠲᠤᠭᠤᠯ᠂ ︵ᠦᠬᠢᠨ ᠲᠤᠭᠤᠯ᠂ ᠡᠷ᠎ᠡ ᠲᠤᠭᠤᠯ︶ | ᠤᠢ ᠬᠦᠷᠦᠭᠡᠳᠤᠢ — ᠪᠤᠭᠤᠯᠳᠤᠷᠭᠠ | ᠬᠤᠶᠠᠷ ᠨᠠᠰᠤᠲᠠᠢ — ᠪᠢᠷᠠᠭᠤ ︵ᠦᠬᠢᠨ ᠪᠢᠷᠠᠭᠤ᠂ ᠡᠷ᠎ᠡ ᠪᠢᠷᠠᠭᠤ︶ | ᠭᠤᠷᠪᠠᠨ ᠨᠠᠰᠤᠲᠠᠢ — ᠰᠢᠳᠤᠯᠠᠩ ︵ᠦᠬᠢᠨ ᠰᠢᠳᠤᠯᠠᠩ᠂ ᠡᠷ᠎ᠡ ᠰᠢᠳᠤᠯᠠᠩ︶᠂ ᠭᠤᠨ᠎ᠠ᠂ ᠭᠤᠨᠵᠢ | | ᠳᠦᠷᠪᠡᠨ ᠨᠠᠰᠤᠲᠠᠢ — ᠬᠢᠵᠠᠭᠠᠯᠠᠩ᠂ ᠳᠦᠨ᠎ᠡ ︵ᠡᠷ᠎ᠡ︶᠂ ᠳᠦᠨᠵᠢ ︵ᠡᠮ᠎ᠡ︶ | ᠲᠠᠪᠤᠨ ᠨᠠᠰᠤᠲᠠᠢ — ᠰᠤᠶᠤᠭᠠᠯᠠᠩ᠂ | ᠵᠠᠰᠠᠵᠦ ᠴᠠᠭᠠᠯᠠᠭᠰᠠᠨ ᠡᠷ᠎ᠡ ᠦᠭᠡᠷ ᠢ ᠱᠠᠷ ᠭᠡᠳᠡᠭ᠃ | ᠦᠷ᠎ᠡ ᠶᠢᠨ ᠮᠠᠯ ᠢ ᠪᠤᠬ᠎ᠠ ᠭᠡᠨ᠎ᠡ᠂ ᠡᠬᠡ ᠮᠠᠯ ᠢ ᠦᠨᠢᠶ᠎ᠡ ᠭᠡᠨ᠎ᠡ᠃ | ᠶᠠᠪᠤᠳᠠᠯ ᠭᠦᠳᠡᠯᠭᠡᠭᠡᠨ᠄ | ᠠᠯᠬᠤᠭ᠎ᠠ᠂ ᠱᠤᠭᠰᠢᠭ᠎ᠠ᠂ ᠰᠠᠶᠢᠪᠤᠷ᠂ ᠴᠤᠭᠬᠢᠶ᠎ᠠ ᠭᠡᠵᠦ ᠢᠯᠭᠠᠳᠠᠭ᠃ | ᠠᠪᠢᠶ᠎ᠠ ᠴᠢᠮᠡᠭᠡ᠄ | ᠮᠦᠭᠡᠷᠡᠭᠦ᠂ ᠤᠷᠤᠮᠳᠠᠬᠤ᠂ ᠴᠡᠩᠭᠡᠭᠦ᠂ ᠣᠷᠢᠯᠠᠬᠤ ᠭᠡᠨ᠎ᠡ᠃ | ᠬᠠᠷᠢᠴᠠᠬᠤ ᠠᠪᠢᠶ᠎ᠠ ᠠᠶᠠᠯᠭᠤ᠄ | ᠮᠠᠯᠴᠢᠨ ᠬᠦᠮᠤᠨ ᠦᠬᠡᠷ ᠲᠠᠢ ᠬᠠ᠂ ᠭᠦᠵᠡ᠂ ᠦᠤᠪ ᠦᠤᠪ᠂ ᠭᠦᠭ᠂ ᠭᠦᠦᠭ᠂ ᠬᠤᠤ᠂ ᠭᠦᠤᠷ ᠭᠦᠤᠷ | ᠭᠡᠬᠦ ᠠᠶᠠᠯᠭ᠎ᠠ ᠪᠠᠷ ᠬᠠᠷᠢᠴᠠᠳᠠᠭ᠃ | ᠬᠤᠨᠢ | ᠵᠢᠰᠦ ᠵᠢᠰᠤᠯᠡᠯ᠄ | ᠮᠤᠩᠭᠤᠯ ᠡᠭᠦᠯᠳᠡᠷ ᠤᠨ ᠬᠤᠨᠢᠨ ᠤ ᠦᠨᠳᠤᠰᠤᠨ ᠵᠢᠰᠦ ᠴᠠᠭᠠᠨ᠃ ᠬᠠᠷ᠎ᠠ᠂ ᠭᠦᠷᠡᠩ᠂ ᠤᠯᠠᠭᠠᠨ᠂ | ᠪᠤᠷᠦ ᠵᠢᠰᠤᠲᠠᠢ ᠪᠠᠶᠢᠨ᠎ᠠ᠃ | ᠭᠦᠢᠰᠦ ᠨᠠᠰᠤ᠄ | ᠨᠢᠭᠡ ᠨᠠᠰᠤᠲᠠᠢ — ᠬᠤᠷᠠᠭ᠎ᠠ ︵ᠡᠷ᠎ᠡ ᠬᠤᠷᠠᠭ᠎ᠠ᠂ ᠦᠬᠢᠨ ᠬᠤᠷᠠᠭ᠎ᠠ︶ | ᠤᠢ ᠬᠦᠷᠦᠭᠡᠳᠤᠢ — ᠬᠦᠷᠦᠪᠡ | ᠬᠤᠶᠠᠷ ᠨᠠᠰᠤᠳᠠᠢ — ᠲᠦᠯᠦᠭᠡ᠂ ︵ᠡᠷ᠎ᠡ ᠲᠦᠯᠦᠭᠡ᠂ ᠦᠬᠢᠨ ᠲᠦᠯᠦᠭᠡ︶ ᠰᠢᠳᠤᠯᠡᠩ | ᠭᠤᠷᠪᠠᠨ ᠨᠠᠰᠤᠲᠠᠢ — ᠬᠢᠵᠠᠭᠠᠯᠠᠩ ︵ᠬᠢᠵᠠᠭᠠᠯᠠᠩ ᠡᠷ᠎ᠡ ᠬᠤᠨᠢ᠂ ᠬᠢᠵᠠᠭᠠᠯᠠᠩ ᠡᠮ᠎ᠡ ᠬᠤᠨᠢ︶ | | ᠭᠤᠷᠪᠠ ᠠᠴᠠ ᠳᠦᠷᠪᠡᠨ ᠨᠠᠰᠤᠲᠠᠢ — ᠡᠮ᠎ᠡ ᠬᠤᠨᠢ ᠶᠢ ᠨᠢ ᠵᠤᠰᠠᠭ ᠭᠡᠳᠡᠭ᠃ | ᠲᠦᠷᠪᠡᠨ ᠨᠠᠰᠤᠲᠠᠢ — ᠰᠤᠶᠤᠭᠠᠯᠠᠩ ︵ᠰᠤᠶᠤᠭᠠᠯᠠᠩ ᠡᠷ᠎ᠡ ᠬᠤᠨᠢ᠂ ᠰᠤᠶᠤᠭᠠᠯᠠᠩ ᠡᠮ᠎ᠡ ᠬᠤᠨᠢ︶ | | ᠲᠠᠪᠤᠨ ᠨᠠᠰᠤᠨ ᠠᠴᠠ ᠳᠡᠭᠡᠭᠰᠢᠬᠢ ᠭᠦᠩᠭᠡᠯᠡᠭᠰᠡᠨ ᠡᠷ᠎ᠡ ᠬᠤᠨᠢ ᠶᠢ ᠶᠡᠷᠦᠩᠬᠡᠢ ᠳᠤ ᠨᠢ ᠢᠷᠬᠡ ᠭᠡᠳᠡᠭ᠃ | | ᠦᠷ᠎ᠡ ᠶᠢᠨ ᠮᠠᠯ ᠢ ᠬᠤᠴᠠ ᠭᠡᠨ᠎ᠡ᠂ ᠡᠬᠡ ᠮᠠᠯ ᠢ ᠡᠮ᠎ᠡ ᠬᠤᠨᠢ ᠭᠡᠳᠡᠭ᠃ | ᠶᠠᠪᠤᠳᠠᠯ ᠭᠦᠳᠡᠯᠭᠡᠭᠡᠨ᠄ | ᠠᠯᠬᠤᠭ᠎ᠠ᠂ ᠱᠤᠭᠰᠢᠭ᠎ᠠ᠂ ᠴᠤᠭᠬᠢᠶ᠎ᠠ ᠭᠡᠭᠦᠴᠢᠯᠡᠨ ᠢᠯᠭᠠᠵᠦ ᠨᠡᠷᠡᠯᠡᠨ᠎ᠡ᠃ | ᠠᠪᠢᠶ᠎ᠠ ᠴᠢᠮᠡᠭᠡ᠄ | ᠮᠠᠶᠢᠯᠠᠬᠤ᠂ ᠤᠬᠢᠷᠠᠬᠤ ᠴᠢᠮᠡᠭᠡ ᠠᠪᠢᠶ᠎ᠠ ᠪᠠᠷ ᠬᠠᠷᠢᠯᠴᠠᠨ ᠤᠶᠢᠯᠠᠭᠠᠯᠴᠠᠳᠠᠭ᠃ | ᠬᠠᠷᠢᠴᠠᠬᠤ ᠠᠪᠢᠶ᠎ᠠ ᠠᠶᠠᠯᠭᠤ᠄ | ᠲᠤᠤᠶ᠋ᠢ᠂ ᠬᠤᠤᠶ᠋ᠢ ︵ᠭᠦᠶ᠋ᠢ︶ ᠴᠠ᠂ ᠴᠦᠦ ︵ᠴᠦ᠋︶ ᠲᠦᠵᠢ᠂ ᠴᠢᠱᠢ᠂ ᠲᠤᠶᠢᠭ ᠲᠤᠶᠢᠭ᠂ ᠲᠤᠷᠤᠤ | ᠲᠤᠷᠤᠤ᠂ ᠭᠦᠤᠷᠭᠡᠢ ᠭᠦᠤᠷᠭᠡᠢ᠂ ᠬᠤᠯᠪᠤᠢ ᠬᠤᠯᠪᠤᠢ᠂ ᠵᠡᠷᠭᠡ ᠠᠪᠢᠶ᠎ᠠ ᠪᠠᠷᠬᠠᠷᠢᠴᠠᠳᠠᠭ᠃ | | ᠢᠮᠠᠭ᠎ᠠ | ᠵᠢᠰᠦ ᠵᠢᠰᠤᠯᠡᠯ᠄ | ᠮᠤᠩᠭᠤᠯ ᠡᠭᠦᠯᠳᠡᠷ ᠤᠨ ᠢᠮᠠᠭ᠎ᠠ ᠤᠯᠠᠭᠠᠨ᠂ ᠬᠦᠷᠡᠩ᠂ ᠭᠦᠬᠡ᠂ ᠴᠡᠩᠭᠡᠷ᠂ ᠴᠠᠭᠠᠨ᠂ ᠪᠤᠶᠦ ᠰᠢᠷᠭ᠎ᠠ᠂ | ᠠᠯᠠᠭ᠂ ᠴᠤᠬᠤᠷ ᠵᠡᠷᠭᠡ ᠶᠠᠩᠵᠦ ᠪᠦᠷᠢ ᠶᠢᠨ ᠦᠩᠭᠡ ᠵᠢᠰᠦ ᠲᠠᠢ᠃ | ᠭᠦᠢᠰᠦ ᠨᠠᠰᠦ᠄ | ᠨᠢᠭᠡ ᠨᠠᠰᠤᠲᠠᠢ᠄ ᠢᠰᠢᠭᠡ ︵ᠡᠷ᠎ᠡ ᠢᠰᠢᠭᠡ᠂ ᠦᠬᠢᠨ ᠢᠰᠢᠭᠡ︶ | ᠬᠤᠶᠠᠷ ᠨᠠᠰᠤᠲᠠᠢ᠄ ᠲᠦᠯᠦᠭᠡ ︵ᠡᠷ᠎ᠡ ᠲᠦᠯᠦᠭᠡ᠂ ᠦᠬᠢᠨ ᠲᠦᠯᠦᠭᠡ︶ ᠰᠢᠳᠤᠯᠡᠩ ︵ᠡᠷ᠎ᠡ ᠰᠢᠳᠤᠯᠡᠩ᠂ | ᠦᠬᠢᠨ ᠰᠢᠳᠤᠯᠡᠩ ᠪᠤᠶᠦ ᠪᠤᠷᠤᠯᠠᠩ | ᠭᠤᠷᠪᠡᠨ ᠨᠠᠰᠤᠲᠠᠢ᠄ ᠬᠢᠵᠠᠭᠠᠯᠠᠩ ︵ᠬᠢᠵᠠᠭᠠᠯᠠᠩ ᠡᠷ᠎ᠡ ᠢᠮᠠᠭ᠎ᠠ᠂ ᠬᠢᠵᠠᠭᠠᠯᠠᠩ ᠡᠮ᠎ᠡ ᠢᠮᠠᠭ᠎ᠠ︶ᠡᠮᠡᠭᠴᠢᠨ ᠢ ᠨᠢ | ᠪᠠᠰᠠᠵᠤᠰᠠᠭ ᠭᠡᠳᠡᠭ᠃ | ᠳᠦᠷᠪᠡᠨ ᠨᠠᠰᠤᠲᠠᠢ᠄ ᠰᠤᠶᠤᠭᠠᠯᠠᠩ ︵ᠰᠤᠶᠤᠭᠠᠯᠠᠩ ᠡᠷ᠎ᠡ ᠢᠮᠠᠭ᠎ᠠ᠂ ᠰᠤᠶᠤᠭᠠᠯᠠᠩ ᠡᠷ᠎ᠡ ᠢᠮᠠᠭ᠎ᠠ︶ | | ᠵᠠᠰᠠᠵᠦ ᠴᠠᠭᠠᠯᠠᠭᠰᠠᠨ ᠪᠦᠳᠦᠭᠦᠨ ᠡᠷ᠎ᠡ ᠢᠮᠠᠭ᠎ᠠ ᠶᠢ ᠰᠡᠷᠭᠡ ᠭᠡᠳᠡᠭ᠃ | ᠦᠷ᠎ᠡ ᠶᠢᠨ ᠮᠠᠯ ᠢ ᠤᠬᠤᠨ᠎ᠠ ᠭᠡᠨ᠎ᠡ᠃ | ᠡᠬᠡ ᠮᠠᠯ ᠢ ᠶᠡᠷᠤᠩᠬᠢ ᠳᠤ ᠨᠢ ᠡᠮ᠎ᠡ ᠢᠮᠠᠭ᠎ᠠ ᠭᠡᠳᠡᠭ᠃ | ᠶᠠᠪᠤᠳᠠᠯ ᠭᠦᠳᠡᠯᠭᠡᠭᠡᠨ᠄ | ᠠᠯᠬᠤᠭ᠎ᠠ᠂ ᠱᠤᠭᠰᠢᠭ᠎ᠠ᠂ ᠲᠠᠷᠬᠢᠶᠠ᠂ ᠴᠤᠭᠬᠢᠶ᠎ᠠ ᠭᠡᠵᠦ ᠨᠡᠷᠡᠯᠡᠳᠡᠭ᠃ ᠠᠪᠢᠶ᠎ᠠ ᠴᠢᠮᠡᠭᠡ᠄ ᠮᠠᠶᠢᠯᠠᠬᠤ᠂ | ᠲᠤᠷᠭᠢᠬᠤ᠂ ᠤᠷᠢᠯᠠᠬᠤ᠂ ᠪᠠᠪᠠᠳᠤᠨᠠᠬᠤ᠂ ᠪᠤᠪᠠᠳᠤᠨᠠᠬᠤ᠂ ᠪᠤᠪᠠᠨᠠᠬᠤ ᠭᠡᠭᠦ ᠮᠡᠳᠦ ᠴᠢᠮᠡᠭᠡ ᠭᠠᠷᠭᠠᠨ᠎ᠠ᠃ | ᠬᠠᠷᠢᠴᠠᠬᠤ ᠠᠪᠢᠶ᠎ᠠ ᠠᠶᠠᠯᠭᠤ᠄ | ᠮᠠᠯᠴᠢᠨ ᠬᠦᠮᠤᠨ ᠢᠮᠠᠭ᠎ᠠ ᠶᠢ ᠴᠠ᠂ ᠵᠢᠢ ᠵᠢᠢ ᠵᠢᠢ᠂ ᠵᠦᠦ ᠵᠦᠦ ᠵᠦᠦ᠂ ᠵᠠᠦ ᠵᠠᠦ ᠵᠠᠦ᠂ ᠵᠦᠵᠤ᠋᠂ ᠴᠡᠶᠢᠬᠦ | ᠴᠡᠶᠢᠬᠦ᠂ ᠲᠦᠵᠢ ᠭᠦᠭ᠂ ᠭᠤᠤᠭ ᠴᠢᠱ ᠠᠶᠠᠯᠭ᠎ᠠ ᠪᠠᠷ ᠬᠠᠷᠢᠴᠠᠳᠠᠭ᠃ |