ᠳᠡᠷᠡᠯᠡᠬᠢᠨ ᠮᠣᠩᠭᠤᠯ ᠬᠡᠮᠡᠭᠳᠡᠬᠦ ᠨᠠᠢᠮᠠᠨ ᠣᠪᠣᠭ | | 1᠂ ᠣᠷᠢᠶᠠᠩᠬᠠᠢ ᠠᠶᠢᠮᠠᠭ — ᠬᠢᠶᠠᠨ ᠪᠠ ᠨᠡᠬᠦᠰ ᠭᠡᠬᠦ ᠬᠤᠶᠠᠷ ᠣᠪᠣᠭ ᠠᠴᠠ ᠰᠠᠯᠪᠣᠷᠢᠯᠠᠵᠣ ᠭᠠᠷᠪᠠ᠂ | ᠡᠷᠬᠦᠨ᠎ᠡ ᠬᠤᠨ ᠠᠴᠠ ᠪᠠᠳᠠᠷᠭᠠᠭᠰᠠᠨ ᠳᠠᠯᠠᠭᠠᠳ ᠭᠠᠯ ᠢ ᠠᠰᠠᠭᠠᠬᠤ ᠳᠤ ᠳᠣᠰᠠᠯᠠᠨ ᠣᠷᠣᠯᠴᠠᠯ᠎ᠠ ᠭᠡᠳᠡᠭ᠃ ᠳᠡᠳᠡ | ᠴᠠᠬᠢᠯᠭᠠᠨ ᠶᠡᠭᠡ ᠴᠠᠬᠢᠬᠤ ᠳᠤ ᠳᠡᠭᠷᠢ ᠡᠬᠦᠯᠨ ᠴᠠᠬᠢᠯᠭᠠᠨ ᠢ ᠬᠠᠰᠬᠢᠷᠣᠨ ᠵᠦᠬᠡᠳᠡᠭ ᠶᠣᠮ᠃ ᠳᠡᠳᠡ ᠪᠠᠷᠭᠤᠵᠢᠨ | ᠳᠦᠬᠦᠮ ᠠᠴᠠ ᠣᠶᠢᠷᠠᠯᠴᠠᠭ᠎ᠠ ᠰᠠᠭᠤᠵᠣ ᠬᠤᠷᠢ ᠳᠦᠮᠡᠳ᠂ ᠪᠠᠷᠭᠤ ᠲᠠᠢ ᠬᠢᠯᠢᠯᠡᠳᠡᠭ᠃ | 2᠂ ᠬᠤᠩᠬᠢᠷᠠᠳ ᠠᠶᠢᠮᠠᠭ — ᠬᠢᠶᠠᠨ ᠪᠠ ᠨᠡᠬᠦᠰ ᠭᠡᠬᠦ ᠬᠤᠶᠠᠷ ᠣᠪᠣᠭ ᠠᠴᠠ ᠰᠠᠯᠪᠣᠷᠢᠯᠠᠵᠣ ᠭᠠᠷᠪᠠ᠂ | ᠡᠷᠬᠦᠨ᠎ᠡ ᠬᠤᠨ ᠠᠴᠠ ᠭᠠᠷᠬᠤ ᠳᠤ ᠶᠠᠭᠠᠷᠠᠪᠴᠢᠯᠠᠵᠣ ᠭᠠᠷᠣᠭᠠᠳ ᠪᠣᠰᠣᠳ ᠤᠨ ᠳᠣᠯᠭ᠎ᠠ ᠶᠢ ᠣᠩᠬᠢᠯᠠᠭᠤᠯᠣᠭᠰᠠᠨ | ᠳᠣᠯᠨ ᠬᠦᠯ ᠳᠡᠭᠡᠷ᠎ᠡ ᠨᠢ ᠪᠠᠯᠴᠢᠷᠠᠣ ᠭᠠᠷᠳᠠᠭ ᠪᠣᠯᠣᠭᠰᠠᠨ ᠭᠡᠨ᠎ᠡ᠃ ᠳᠡᠳᠡ ︽ᠠᠯᠳᠠᠨ ᠰᠠᠪᠠ︾ ᠠᠴᠠ ᠭᠤᠷᠪᠠᠨ | ᠬᠦᠪᠡᠬᠦᠨ ᠳᠦᠷᠦᠵᠦ ᠬᠤᠩᠬᠢᠷᠠᠳ ᠦᠷᠡᠵᠢᠯᠡ ᠭᠡᠵᠦ ᠳᠣᠮᠣᠭᠯᠠᠳᠠᠭ᠂ ᠬᠠᠷᠭᠤᠨ᠎ᠠ ᠵᠢᠳᠦᠨ ᠬᠠᠪᠢ ᠪᠠᠷ ᠢᠬᠢᠷᠢᠰ | ᠪᠠ ᠭᠤᠷᠯᠣᠰ ᠠᠶᠢᠮᠠᠭ ᠲᠠᠢ ᠬᠠᠮᠳᠣ ᠨᠣᠳᠣᠭᠯᠠᠳᠠᠭ᠃ | 3᠂ ᠣᠷᠢᠶᠠᠳ ᠠᠶᠢᠮᠠᠭ — ᠣᠷᠢᠶᠠᠳ ᠠᠴᠠ ᠬᠤᠩᠬᠤᠳᠠᠨ᠂ ᠠᠷᠣᠯᠠᠳ᠂ ᠬᠢᠯᠠᠩᠭᠠᠳ ᠭᠤᠷᠪᠠᠨ ᠣᠪᠣᠭ | ᠰᠠᠯᠪᠣᠷᠢᠯᠠᠨ ᠭᠠᠷᠴᠠᠢ᠂ ᠡᠨᠡ ᠨᠡᠷ᠎ᠡ ᠨᠢ ᠪᠦᠷᠢ ᠭᠤᠷᠪᠠᠨ ᠠᠬᠠᠨ ᠳᠡᠬᠦᠦᠰ ᠤᠨ ᠨᠡᠷ᠎ᠡ ᠪᠣᠯᠣᠨ᠎ᠠ᠃ ᠬᠤᠩᠬᠤᠳᠠᠨ | ᠪᠣᠯ ᠠᠬᠠᠮᠠᠳ ᠨᠢ ᠶᠣᠮ ︽ᠳᠣᠮᠣ ᠬᠠᠮᠠᠷᠳᠣ︾ ᠭᠡᠰᠡᠨ ᠣᠳᠬ᠎ᠠ ᠲᠠᠢ ᠦᠬᠡ ᠪᠣᠯᠣᠨ᠎ᠠ᠂ ᠬᠤᠶᠠᠳᠣᠭᠠᠷ ᠨᠢ | ᠠᠷᠣᠯᠠᠳ ᠭᠡᠳᠡᠭ᠂ ᠡᠴᠢᠬᠡ ᠡᠬᠡ ᠳᠤ ᠡᠩᠬᠦᠷᠡᠶᠢᠯᠡᠭᠳᠡᠵᠦ ᠪᠠᠶᠢᠭᠰᠠᠨ ᠭᠡᠰᠡᠨ ᠣᠳᠬ᠎ᠠ ᠲᠠᠢ᠂ ᠭᠤᠷᠪᠠᠳᠣᠭᠠᠷ ᠨᠢ | ᠬᠢᠯᠠᠩᠭᠠᠳ ᠭᠡᠳᠡᠭ᠂ ᠨᠢᠳᠦᠨ ᠨᠢ ᠬᠢᠯᠠᠷ ᠪᠣᠯᠬᠤᠷ ᠢᠩᠬᠢᠵᠦ ᠨᠡᠷᠡᠯᠡᠵᠡᠢ᠃ | 4᠂ ᠦᠰᠢᠨ ᠠᠶᠢᠮᠠᠭ — ᠪᠠᠰᠠ ᠬᠦᠰᠢᠨ ᠭᠡᠵᠦ ᠪᠢᠴᠢᠳᠡᠭ᠂ ᠴᠡᠷᠢᠭ ᠤᠨ ᠨᠣᠶᠠᠨ ᠤ ᠠᠬᠠᠬᠯᠠᠭᠴᠢ | ᠪᠣᠷᠣᠬᠤᠯ ᠨᠣᠶᠠᠨ ᠪᠣᠯ ᠡᠨᠡ ᠠᠶᠢᠮᠠᠭ ᠤᠨ ᠬᠦᠮᠦᠨ ᠪᠣᠯᠣᠨ᠎ᠠ᠃ | 5᠂ ᠰᠦᠯᠳᠦᠰᠦᠨ ᠠᠶᠢᠮᠠᠭ — ᠳᠡᠮᠦᠵᠢᠨ ᠳᠠᠶᠢᠴᠢᠭᠤᠳ ᠲᠤ ᠪᠠᠷᠢᠭᠳᠠᠭᠠᠳ ᠪᠠᠶᠢᠬᠤ ᠦᠶ᠎ᠡ ᠳᠠᠶᠢᠴᠣ ᠡᠬᠡ | ᠭᠡᠳᠡᠭ ᠬᠦᠮᠦᠨ ᠳᠦᠩ ᠨᠢ ᠬᠦᠵᠦᠬᠦᠦ ᠶᠢ ᠨᠢ ᠬᠤᠯᠭᠤᠬᠤ ᠳᠤ ᠵᠦᠬᠡᠯᠡᠨ ᠢᠰᠡᠭᠡᠢ ᠬᠠᠪᠴᠢᠭᠤᠯᠵᠣ ᠦᠭᠳᠡᠭ | ᠪᠠᠶᠢᠪᠠ᠃ ᠰᠣᠷᠬᠠᠨ ᠰᠢᠷ᠎ᠠ ᠪᠠᠰᠠ ᠣᠰᠣᠨ ᠲᠤ ᠨᠢᠭᠤᠵᠣ ᠪᠠᠶᠢᠬᠤ ᠳᠤ ᠬᠡᠯᠡᠵᠦ ᠦᠭᠬᠦᠭᠰᠡᠨ ᠦᠬᠡᠢ ᠠᠮᠢ ᠶᠢ ᠨᠢ | ᠠᠪᠣᠷᠠᠭᠰᠨᠨ ᠪᠠᠶᠢᠳᠠᠭ᠂ ᠡᠳᠡᠭᠡᠷ ᠪᠣᠯ ᠪᠦᠷᠢ ᠰᠦᠯᠳᠦᠰᠦᠨ ᠣᠪᠣᠭ ᠬᠢ ᠪᠣᠯᠣᠨ᠎ᠠ᠃ | 6᠂ ᠢᠯᠳᠦᠷᠬᠡᠨ ᠠᠶᠢᠮᠠᠭ — ᠡᠨᠡᠬᠦ ᠠᠶᠢᠮᠠᠭ ᠪᠣᠯ ᠰᠦᠯᠳᠦᠰ ᠠᠶᠢᠮᠠᠭ ᠠᠴᠠ ᠰᠠᠯᠪᠣᠷᠢᠯᠠᠵᠣ ᠭᠠᠷᠴᠠᠢ᠂ ᠳᠣᠰ | ᠠᠶᠢᠮᠠᠭ ᠤᠨ ᠬᠠᠷᠭᠠᠢ ᠵᠢᠳ ᠭᠡᠰᠡᠨ ᠬᠦᠮᠦᠨ ᠴᠢᠩᠬᠢᠰ ᠬᠠᠭᠠᠨ ᠤ ᠪᠣᠣᠬᠢᠶ᠎ᠠ ᠳᠠᠮᠵᠢᠭᠤᠯᠣᠭᠴᠢ ᠪᠠᠶᠢᠪᠠ᠃ | 7᠂ ᠪᠠᠶᠠᠭᠤᠳ ᠠᠶᠢᠮᠠᠭ — ᠳᠣᠰ ᠠᠶᠢᠮᠠᠭ ᠠᠴᠠ ᠵᠢᠳ ᠤᠨ ᠪᠠᠶᠠᠭᠤᠳ ᠪᠠ ᠬᠡᠬᠡᠷ᠎ᠡ ᠶᠢᠨ ᠪᠠᠶᠠᠭᠤᠳ ᠭᠡᠵᠦ | ᠬᠤᠶᠠᠷ ᠰᠠᠯᠪᠣᠷᠢᠯᠠᠵᠠᠢ᠃ ᠵᠢᠳ ᠭᠡᠳᠡᠭ ᠨᠢ ᠨᠢᠬᠡᠨ ᠭᠤᠣᠯ ᠤᠨ ᠬᠦᠨᠳᠡᠢ ᠶᠢᠨ ᠨᠡᠷ᠎ᠡ᠂ ᠨᠦᠬᠦᠬᠡ ᠨᠢ ᠳᠠᠯ᠎ᠠ ᠬᠡᠬᠡᠷ᠎ᠡ | ᠠᠮᠢᠳᠣᠷᠠᠳᠠᠭ ᠳᠣᠯᠨ ᠳᠡᠭᠡᠵᠦ ᠨᠡᠷᠡᠯᠡᠵᠡᠢ᠃ ᠳᠡᠳᠡᠨ ᠤ ᠣᠷᠳᠣ ᠦᠷᠬᠦᠬᠡ ᠨᠢ ᠰᠡᠯᠡᠩᠬᠡ ᠮᠦᠷᠡᠨ ᠪᠠ ᠳᠡᠬᠦᠨ ᠤ | ᠬᠤᠶᠠᠷ ᠴᠢᠳᠬᠤᠯᠠᠩ ᠭᠤᠷᠪᠠᠨ ᠬᠢᠶᠠᠭᠳᠣ᠂ ᠪᠣᠷᠣ ᠦᠨᠳᠦᠷ᠂ ᠡᠳᠡᠭᠡᠷ ᠨᠢ ᠶᠡᠭᠡ ᠬᠤᠷᠢᠭ ᠤᠨ ᠨᠣᠳᠤᠭ ᠶᠣᠮ᠃ | | 8᠂ ᠬᠢᠩᠬᠢᠳ ᠠᠶᠢᠮᠠᠭ — ᠡᠨᠡ ᠠᠶᠢᠮᠠᠭ ᠨᠡᠷ᠎ᠡ ᠴᠣᠣᠳᠠᠢ ᠴᠡᠷᠢᠭ ᠨᠣᠶᠠᠳ ᠭᠠᠷᠣᠭᠠᠠ ᠦᠬᠡᠢ᠃ | | ᠨᠢᠷᠣᠭᠤᠨ ᠮᠣᠩᠭᠤᠯ ᠬᠡᠮᠡᠭᠳᠡᠬᠦ ᠠᠷᠪᠠ ᠶᠢᠰᠦᠨ ᠣᠪᠣᠭ | ᠪᠡᠯᠪᠡᠰᠦᠨ ᠠᠯᠣᠨ ᠭᠤᠸ᠎ᠠ ᠬᠡᠷᠡᠯ ᠳᠣᠶᠠᠭ᠎ᠠ ᠪᠠᠷ ᠵᠢᠷᠮᠦᠰᠦᠯᠡᠨ ᠡᠨᠡ ᠶᠢᠷᠲᠢᠨᠴᠦ ᠳᠤ ᠳᠦᠷᠦᠬᠦᠯᠦᠭᠰᠡᠨ ᠭᠤᠷᠪᠠᠨ | ᠬᠦᠪᠡᠬᠦᠨ᠂ ᠳᠡᠳᠡᠨ ᠤ ᠣᠪᠣᠭ ᠣᠳᠣᠮ ᠠᠴᠠ ᠭᠠᠷᠣᠭᠴᠢᠳ ᠢ ᠨᠢᠷᠣᠭᠤᠨ ᠭᠡᠳᠡᠭ᠂ ᠬᠡᠷᠡᠯ ᠠᠴᠠ ᠡᠬᠦᠰᠦᠭᠰᠡᠨ | ᠪᠣᠯᠬᠤᠷ ᠴᠡᠪᠡᠷ ᠨᠢᠷᠣᠭᠤ ᠠᠴᠠ ᠭᠠᠷᠣᠭᠰᠠᠨ ᠬᠦᠪᠡᠬᠦᠨ ᠭᠡᠰᠡᠨ ᠣᠳᠬ᠎ᠠ ᠲᠠᠢ᠃ | 1᠂ ᠬᠠᠳᠠᠬᠢᠨ ᠠᠶᠢᠮᠠᠭ — ᠡᠨᠡ ᠣᠪᠣᠭ ᠠᠯᠣᠨ ᠭᠤᠸ᠎ᠠ ᠶᠢᠨ ᠠᠬᠠᠮᠠᠳ ᠬᠦᠪᠡᠬᠦᠨ ᠪᠣᠬ᠎ᠠ ᠬᠠᠳᠠᠬᠢ ᠠᠴᠠ | ᠣᠳᠣᠮᠯᠠᠨ ᠰᠠᠯᠪᠣᠷᠢᠯᠠᠵᠠᠢ᠃ | 2᠂ ᠰᠠᠯᠵᠢᠭᠤᠳ ᠠᠶᠢᠮᠠᠭ — ᠡᠨᠡ ᠣᠪᠣᠭ ᠪᠣᠯ ᠠᠯᠣᠨ ᠭᠤᠸ᠎ᠠ ᠶᠢᠨ ᠳᠣᠮᠳᠠᠬᠢ ᠬᠦᠪᠡᠬᠦᠨ ᠪᠣᠭᠳᠣ ᠰᠠᠯᠵᠢ | ᠠᠴᠠ ᠣᠳᠣᠮᠯᠠᠨ ᠰᠠᠯᠪᠣᠷᠢᠯᠠᠵᠠᠢ᠃ | 3᠂ ᠳᠠᠶᠢᠴᠢᠭᠤᠳ ᠠᠶᠢᠮᠠᠭ — ᠮᠠᠨᠠᠨ ᠳᠣᠳᠣᠨ ᠤ ᠬᠤᠶᠠᠳᠣᠭᠠᠷ ᠬᠦᠪᠡᠬᠦᠨ ᠠᠴᠠ ᠡᠬᠦᠰᠦᠨ ᠰᠠᠯᠪᠣᠷᠢᠯᠠᠭᠰᠠᠨ | ᠠᠶᠢᠮᠠᠭ ᠪᠣᠯᠣᠨ᠎ᠠ᠃ | 4᠂ ᠬᠠᠷᠳᠠᠬᠠᠨ ᠠᠶᠢᠮᠠᠭ — ᠳᠠᠶᠢᠴᠢᠭᠤᠳ ᠤᠨ ᠰᠠᠯᠪᠣᠷᠢ᠂ ᠪᠠᠶᠢᠰᠢᠩᠬᠤᠷ᠂ ᠴᠢᠷᠬᠠᠢ ᠯᠢᠩᠬᠤᠸ᠎ᠠ ᠨᠠᠷ ᠤᠨ | ᠳᠡᠬᠦᠦ ᠬᠠᠶᠢᠳᠣ ᠬᠠᠨ ᠤ ᠣᠳᠬᠤᠨ ᠬᠦᠪᠡᠬᠦᠨ ᠴᠠᠦᠵᠢᠨ ᠠᠴᠠ ᠭᠠᠷᠣᠯ ᠲᠠᠢ᠃ | 5᠂ ᠰᠢᠵᠢᠭᠤᠳ ᠠᠶᠢᠮᠠᠭ — ᠳᠠᠶᠢᠴᠢᠭᠤᠳ ᠤᠨ ᠰᠠᠯᠪᠣᠷᠢ᠂ ᠬᠠᠷᠳᠠᠬᠠᠨ ᠲᠠᠢ ᠠᠳᠠᠯᠢᠬᠠᠨ ᠳᠡᠭᠡᠳᠦᠰ ᠲᠠᠢ᠂ | | 6᠂ ᠴᠢᠨᠣᠰ ᠠᠶᠢᠮᠠᠭ — ᠳᠠᠶᠢᠴᠢᠭᠤᠳ ᠤᠨ ᠰᠠᠯᠪᠣᠷᠢ᠂ ᠮᠦᠨ ᠴᠢᠷᠬᠠᠢ ᠯᠢᠩᠬᠤᠸ᠎ᠠ ᠶᠢᠨ ᠬᠤᠶᠠᠷ ᠬᠦᠪᠡᠬᠦᠨ | ᠠᠴᠠ ᠰᠠᠯᠪᠣᠷᠢᠯᠠᠨ ᠭᠠᠷᠴᠠᠢ᠃ | 7᠂ ᠨᠣᠶᠠᠬᠢᠨ ᠠᠶᠢᠮᠠᠭ — ᠳᠣᠮᠪᠢᠨᠠᠢ ᠬᠠᠨ ᠤ ᠶᠢᠰᠦᠨ ᠬᠦᠪᠡᠬᠦᠨ ᠤ ᠣᠣᠭᠠᠨ ᠨᠢ ᠵᠠᠭᠰᠣ ᠭᠡᠳᠡᠭ᠂ ᠳᠡᠬᠦᠨ | ᠠᠴᠠ ᠭᠤᠷᠪᠠᠨ ᠣᠪᠣᠭ ᠣᠳᠣᠮᠯᠠᠨ ᠭᠠᠷᠴᠠᠢ᠂ ᠳᠡᠬᠦᠨ ᠤ ᠨᠢᠬᠡ ᠨᠢ ᠨᠣᠶᠠᠬᠢᠨ ᠠᠶᠢᠮᠠᠭ ᠪᠣᠯᠣᠨ᠎ᠠ᠃ | 8᠂ ᠣᠷᠣᠭᠤᠳ ᠠᠶᠢᠮᠠᠭ — ᠳᠣᠮᠪᠢᠨᠠᠢ ᠬᠠᠨ ᠤ ᠶᠢᠰᠦᠨ ᠬᠦᠪᠡᠬᠦᠨ ᠤ ᠣᠣᠭᠠᠨ ᠨᠢ ᠵᠠᠭᠰᠣ ᠭᠡᠳᠡᠭ᠂ | ᠳᠡᠬᠦᠨ ᠠᠴᠠ ᠭᠤᠷᠪᠠᠨ ᠣᠪᠣᠭ ᠣᠳᠣᠮᠯᠠᠨ ᠭᠠᠷᠴᠠᠢ᠂ ᠳᠡᠬᠦᠨ ᠤ ᠨᠢᠬᠡ ᠨᠢ ᠣᠷᠣᠭᠤᠳ ᠠᠶᠢᠮᠠᠭ ᠪᠣᠯᠣᠨ᠎ᠠ᠃ | | 9᠂ ᠮᠠᠩᠭᠤᠳ ᠠᠶᠢᠮᠠᠭ — ᠳᠣᠮᠪᠢᠨᠠᠢ ᠬᠠᠨ ᠤ ᠶᠢᠰᠦᠨ ᠬᠦᠪᠡᠬᠦᠨ ᠤ ᠣᠣᠭᠠᠨ ᠨᠢ ᠵᠠᠭᠰᠣ ᠭᠡᠳᠡᠭ᠂ ᠳᠡᠬᠦᠨ | ᠠᠴᠠ ᠭᠤᠷᠪᠠᠨ ᠣᠪᠣᠭ ᠣᠳᠣᠮᠯᠠᠨ ᠭᠠᠷᠴᠠᠢ᠂ ᠳᠡᠬᠦᠨ ᠤ ᠨᠢᠬᠡ ᠨᠢ ᠮᠠᠩᠭᠤᠳ ᠠᠶᠢᠮᠠᠭ ᠪᠣᠯᠣᠨ᠎ᠠ᠃ | 10᠂ ᠳᠦᠷᠪᠡᠨ ᠠᠶᠢᠮᠠᠭ — ᠡᠨᠡ ᠠᠶᠢᠮᠠᠭ ᠨᠢᠷᠣᠭᠤᠨ ᠠᠴᠠ ᠭᠠᠷᠣᠯ ᠲᠠᠢ ᠪᠦᠬᠡᠳ ᠪᠠᠭᠠᠷᠢᠨ ᠠᠶᠢᠮᠠᠭ ᠲᠠᠢ | ᠣᠶᠢᠷᠠᠯᠴᠠᠭ᠎ᠠ ᠪᠢᠯᠨ᠃ | 11᠂ ᠪᠠᠭᠠᠷᠢᠨ ᠠᠶᠢᠮᠠᠭ — ᠪᠠᠭᠠᠷᠢᠨ ᠠᠶᠢᠮᠠᠭ ᠨᠢ ᠳᠦᠷᠪᠡᠨ ᠲᠠᠢ ᠣᠶᠢᠷᠠᠯᠴᠠᠭ᠎ᠠ ᠪᠦᠭᠡᠳ ᠳᠡᠳᠡᠨ ᠤ ᠣᠭ | ᠰᠣᠷᠪᠣᠯᠵᠢ ᠠᠴᠠ ᠣᠳᠣᠮᠯᠠᠵᠠᠢ᠃ | 12᠂ ᠪᠠᠷᠣᠯᠠᠰ ᠠᠶᠢᠮᠠᠭ — ︵ᠡᠬᠦᠰᠦᠯ ᠢ ᠨᠢ ᠳᠣᠳᠣᠷᠬᠠᠢ ᠶᠠᠷᠢᠭᠰᠠᠨ ᠦᠬᠡᠢ︶ ᠬᠤᠪᠢᠯᠠᠢ ᠭᠡᠰᠡᠨ ᠬᠦᠮᠦᠨ | ᠪᠣᠢ ᠭᠡᠵᠦ ᠳᠣᠷᠠᠳᠣᠪᠠ᠃ | 13᠂ ᠬᠠᠳᠠᠷᠬᠢᠨ ᠠᠶᠢᠮᠠᠭ — ︵ᠡᠬᠦᠰᠦᠯ ᠢ ᠨᠢ ᠳᠣᠳᠣᠷᠬᠠᠢ ᠶᠠᠷᠢᠭᠰᠠᠨ ᠦᠬᠡᠢ︶ ᠬᠢᠷᠦᠬᠡ ᠰᠢᠭ ᠭᠤᠩᠬᠢᠨᠠᠭᠠ | ᠵᠠᠩ ᠲᠠᠢ ᠮᠣᠬᠤᠷ ᠬᠦᠷᠡᠨ ᠭᠡᠰᠡᠨ ᠬᠦᠮᠦᠨ ᠪᠠᠶᠢᠪᠠ ᠭᠡᠰᠡᠨ ᠪᠠᠶᠢᠨ᠎ᠠ᠃ | 14᠂ ᠵᠣᠷᠢᠶᠠᠳ ᠠᠶᠢᠮᠠᠭ — ᠡᠨᠡ ᠠᠶᠢᠮᠠᠭ ᠨᠢ ᠳᠣᠮᠪᠢᠨᠠᠢ ᠬᠠᠭᠠᠨ ᠤ ᠳᠣᠯᠣᠭᠠᠳᠠᠬᠢ ᠬᠦᠪᠡᠬᠦᠨ ᠳᠦᠷᠪᠡᠢ | ᠭᠡᠭᠴᠢ ᠶᠢᠨ ᠣᠪᠣᠭ ᠠᠴᠠ ᠭᠠᠷᠣᠯ ᠲᠠᠢ᠂ ᠳᠡᠳᠡᠨ ᠢ ᠪᠠᠰᠠ ᠵᠠᠵᠢᠷᠣᠳ ᠭᠡᠳᠡᠭ᠂ ︵ᠮᠣᠩᠭᠤᠯ ᠤᠨ ᠨᠢᠭᠤᠴᠠ | ᠳᠣᠪᠴᠢᠶᠠᠨ ᠳᠤ ᠵᠠᠳᠠᠷᠠᠨ ᠭᠡᠵᠦ ᠵᠠᠮᠤᠬ᠎ᠠ ᠶᠢᠨ ᠣᠪᠣᠭ ᠪᠣᠯᠣᠨ᠎ᠠ᠃︶ | 15᠂ ᠪᠣᠳᠠᠭᠠᠳ ᠠᠶᠢᠮᠠᠭ — ᠡᠨᠡ ᠠᠶᠢᠮᠠᠭ ᠨᠢ ᠳᠣᠮᠪᠢᠨᠠᠢ ᠬᠠᠨ ᠤ ᠳᠠᠪᠣᠳᠠᠬᠢ ᠬᠦᠪᠡᠬᠦᠨ ᠪᠠᠳᠣ ᠬᠦᠯᠦᠭ | ᠠᠴᠠ ᠰᠠᠯᠪᠣᠷᠢᠯᠠᠵᠠᠢ᠃ | 16᠂ ᠳᠣᠭᠯᠠᠳ ᠠᠶᠢᠮᠠᠭ — ᠡᠨᠡ ᠠᠶᠢᠮᠠᠭ ᠨᠢ ᠳᠣᠮᠪᠢᠨᠠᠢ ᠬᠠᠨ ᠤ ᠪᠣᠯᠵᠢᠷ ᠭᠡᠰᠡᠨ ᠨᠡᠷ᠎ᠡ ᠲᠠᠢ ᠨᠠᠢᠮᠠᠳᠡᠬᠢ | ᠬᠦᠪᠡᠬᠦᠨ ᠠᠴᠠ ᠰᠠᠯᠪᠣᠷᠢᠯᠠᠵᠠᠢ᠃ | 17᠂ ᠡᠰᠦᠳ ᠠᠶᠢᠮᠠᠭ — ᠡᠨᠡ ᠠᠶᠢᠮᠠᠭ ᠨᠢ ᠳᠣᠮᠪᠢᠨᠠᠢ ᠬᠠᠭᠠᠨ ᠤ ᠣᠳᠬᠤᠨ ᠬᠦᠪᠡᠬᠦᠨ ᠬᠢᠳᠡᠳᠡᠢ ᠠᠴᠠ | ᠣᠳᠣᠮᠯᠠᠨ ᠰᠠᠯᠪᠣᠷᠢᠯᠠᠵᠠᠢ᠃ | 18 ᠰᠣᠬᠠᠨ ᠠᠶᠢᠮᠠᠭ — ᠰᠣᠣᠬᠠᠨ ᠠᠶᠢᠮᠠᠭ ᠨᠢ ᠨᠢᠷᠣᠭᠤᠨ ᠮᠣᠩᠭᠤᠯ ᠤᠨ ᠳᠣᠭᠠᠨ ᠳᠤ ᠣᠷᠣᠳᠠᠭ᠃ | 19᠂ ᠬᠢᠩᠬᠢᠶᠠᠳ ᠠᠶᠢᠮᠠᠭ — ᠬᠢᠩᠬᠢᠶᠠᠳ ᠠᠶᠢᠮᠠᠭ ᠨᠢ ᠨᠢᠷᠣᠭᠤᠨ ᠮᠣᠩᠭᠤᠯ ᠤᠨ ᠳᠣᠭᠠᠨ ᠳᠤ ᠣᠷᠣᠳᠠᠭ᠃ |