ᠤᠩᠨᠢᠭᠤᠳ ᠤᠨ ᠪᠦᠭᠦᠯᠢ ᠰᠢᠭᠦᠰᠦ ᠤᠷᠤᠭᠤᠯᠬᠤ ᠵᠠᠩ ᠦᠢᠯᠡ
ᠨᠡᠶᠢᠲᠡᠯᠡᠭᠰᠡᠨ ᠴᠠᠭ᠄
2016/4/7
                                                                                                     —— ᠨᠠᠮᠳᠡᠶᠢᠰᠦ᠋ᠷᠦᠩ      ᠨᠢᠭᠡ᠂ ᠰᠢᠭᠦᠰᠦ ᠴᠢᠨᠠᠬᠤ                  ᠤᠩᠨᠢᠭᠤᠳ ᠤᠨ ᠬᠢᠨ ᠬᠤᠨᠢ ᠪᠠᠨ ᠦᠷᠦᠴᠢᠯᠡᠨ ᠠᠯᠠᠵᠤ᠂ ᠮᠤᠩᠭᠤᠯ ᠵᠠᠩᠰᠢᠯ ᠢᠶᠠᠷ ᠢᠶᠠᠨ ᠡᠪᠲᠡᠵᠤ ᠲᠤᠶᠠᠴᠢᠨ᠂  ᠭᠡᠳᠡᠰᠦ ᠲᠤᠳᠤᠷ ᠢ ᠨᠢ ᠭᠦᠷᠳᠡᠯ᠎ᠡ ᠰᠠᠶᠢᠬᠠᠨ‌ᠠᠷᠢᠯᠭᠠᠳᠠᠭ᠃ ᠬᠤᠷᠢᠮ ᠨᠠᠶᠢᠷ᠂ ᠪᠡᠯᠡᠭ ᠳᠤ ᠵᠠᠷᠤᠬᠤ ᠪᠦᠭᠦᠯᠢ ᠬᠤᠨᠢ ᠶᠢ  ᠡᠪᠴᠡᠭᠦᠦ ᠶᠢ ᠨᠢ ᠬᠠᠳᠤᠵᠤ ᠠᠪᠤᠭᠠᠳ ᠬᠠᠪᠢᠷᠭ᠎ᠠ ᠶᠢᠨ ᠪᠤᠷ᠎ᠠ ᠶᠢ ᠤᠨᠠᠭᠠᠨ ᠳᠡᠯᠭᠡᠭᠡᠳ᠂ ᠤᠭᠤᠴᠠᠨ ᠤ ᠨᠢᠷᠤᠭᠤᠨ  ᠦᠶ᠎ᠡ ᠪᠠᠷ ᠨᠤᠭᠤᠯᠤᠨ᠂ ᠴᠡᠭᠡᠵᠢ ᠤᠭᠤᠴᠠ ᠶᠢ ᠬᠠᠪᠰᠤᠷᠤᠨ ᠲᠠᠯᠪᠢᠳᠠᠭ᠃ ᠢᠳᠡᠰᠢᠨ  ᠳᠤ ᠭᠡᠷᠡᠭᠯᠡᠭᠦ ᠮᠢᠬ᠎ᠠ ᠶᠢ ᠶᠠᠰᠤ   ᠶᠢ ᠨᠢ ᠭᠡᠮᠭᠡᠯᠡᠵᠤ ᠪᠠᠯᠠᠪᠠᠯᠠᠬᠤ ᠦᠭᠡᠢ ᠪᠠᠷ ᠦᠶᠡᠯᠡᠨ ᠰᠠᠯᠭᠠᠳᠠᠭ᠃          ᠰᠢᠭᠦᠰᠦ ᠴᠢᠨᠠᠬᠤ ᠳᠤ ᠪᠦᠭᠦᠯᠢ ᠬᠤᠨᠢᠨ ᠤ ᠨᠢᠷᠤᠭᠤᠨ ᠤ ᠲᠤᠯᠤᠳᠤᠭᠠᠷ ᠦᠶ᠎ᠡ ᠪᠠᠷ ᠪᠤᠯᠭᠤᠯᠠᠵᠤ᠂ ᠰᠡᠭᠦᠯ  ᠤᠨ  ᠦᠵᠦᠭᠦᠷ ᠤᠨ ᠤᠷᠤᠭ ᠰᠡᠭᠦᠯ ᠢ ᠠᠪᠤᠭᠰᠠᠨ ᠤᠭᠤᠴᠠ ᠪᠠ ᠲᠠᠯᠤ᠂ ᠬᠠᠷᠢᠳᠤ᠂ ᠰᠡᠭᠦᠵᠢ᠂ ᠲᠤᠮᠳᠠ ᠴᠢᠮᠦᠭᠡ ᠂  ᠱᠠᠭᠠᠨᠳᠤ᠂ ᠰᠡᠭᠡᠷ ᠢ ᠲᠤᠭᠤᠭ᠎ᠠ ᠲᠠᠢ ᠭᠦᠢᠳᠡᠨ ᠤᠰᠤᠨ ᠳᠤ ᠭᠢᠵᠤ ᠵᠦᠭᠡᠯᠡᠨ ᠭᠠᠯ ᠢᠶᠠᠷ ᠪᠤᠴᠠᠯᠭᠠᠨ᠂ ᠨᠢᠳᠭᠡᠯ  ᠢ ᠨᠢ  ᠰᠠᠶᠢᠬᠠᠨ ᠱᠦᠭᠦᠵᠤ ᠠᠷᠢᠯᠭᠠᠨ᠎ᠠ᠃ ᠮᠢᠬ᠎ᠠ ᠴᠢᠨᠠᠵᠤ ᠪᠠᠶᠢᠭ᠎ᠠ ᠤᠰᠤ ᠪᠠᠨ ᠪᠤᠴᠠᠯᠠᠭᠰᠠᠨ ᠤ ᠲᠠᠷᠠᠭ᠎ᠠ ᠲᠠᠪᠤᠰᠤ ᠂ ᠴᠠᠭ᠎ᠠ᠂  ᠰᠤᠩᠭᠢᠨ᠎ᠠ᠂ ᠬᠤᠸᠠᠵᠤᠤ ᠭᠢᠵᠤ ᠠᠮᠳᠠ ᠤᠷᠤᠭᠤᠯᠤᠨ᠎ᠠ᠃ ᠮᠢᠬ᠎ᠠ ᠶᠢ ᠴᠢᠰᠤ ᠭᠠᠷᠬᠤ ᠦᠭᠡᠢ ᠪᠤᠯᠳᠠᠯ᠎ᠠ ᠴᠢᠨᠠᠳᠠᠭ  ᠪᠤᠯᠪᠠᠴᠤ᠂ ᠭᠡᠳᠡᠷᠭᠡᠢ ᠨᠤᠯᠳᠠ ᠴᠢᠨᠠᠳᠠᠭ ᠦᠭᠡᠢ᠃ ᠲᠤᠭᠤᠭ᠎ᠠ ᠲᠠᠢ ᠮᠢᠬ᠎ᠠ ᠪᠠᠨ ᠪᠤᠷᠤᠯᠠᠭᠤᠯᠤᠭᠰᠠᠨ ᠤ ᠲᠠᠷᠠᠭ᠎ᠠ ᠴᠢᠨᠠᠵᠤ  ᠪᠠᠶᠢᠭ᠎ᠠ ᠤᠭᠤᠴᠠ ᠪᠠᠨ ᠭᠠᠷᠭᠠᠵᠤ ᠠᠪᠤᠭᠠᠳ ᠦᠩᠭᠡᠨ ᠲᠠᠯ᠎ᠠ ᠶᠢᠨ ᠨᠢᠮᠭᠡᠨ ᠬᠠᠯᠢᠰᠤ ᠶᠢ ᠨᠢ ᠬᠠᠯᠢᠮᠯᠠᠨ ᠠᠪᠴᠤ  ᠦᠩᠭᠡᠯᠡᠨ᠎ᠡ᠃ ᠢᠩᠭᠢᠭᠰᠡᠨ ᠤ ᠲᠠᠷᠠᠭ᠎ᠠ ᠲᠤᠭᠤᠭᠠᠨ ᠳᠠᠭᠠᠨ ᠤᠭᠤᠴᠠ ᠪᠠᠨ ᠲᠠᠭᠢᠨ ᠭᠢᠵᠤ ᠦᠷᠭᠦᠯᠵᠢᠯᠡᠨ ᠪᠤᠯᠭᠤᠳᠠᠯ᠎ᠠ  ᠴᠢᠨᠠᠨ᠎ᠠ᠃ ᠰᠢᠭᠦᠰᠦ ᠳᠤ ᠤᠷᠤᠭᠤᠯᠬᠤ ᠬᠤᠨᠢᠨ ᠲᠤᠯᠤᠭᠠᠢ ᠶᠢ ᠠᠰ ᠳᠤ ᠨᠢ ᠬᠤᠶᠢᠬᠠᠯᠠᠵᠤ ᠴᠢᠨᠠᠨ᠎ᠠ᠃                                 ᠬᠤᠶᠠᠷ᠂ ᠪᠦᠭᠦᠯᠢ ᠰᠢᠭᠦᠰᠦ ᠤᠷᠤᠭᠤᠯᠬᠤ        ᠴᠢᠨᠠᠵᠤ ᠪᠤᠯᠭᠤᠭᠰᠠᠨ ᠮᠢᠬ᠎ᠠ ᠶᠢ ᠲᠤᠭᠤᠭᠠᠨ ᠠᠴᠠ ᠭᠠᠷᠭᠠᠵᠤ ᠭᠠᠤᠯᠢ ᠪᠤᠶᠤ ᠮᠤᠳᠤᠨ ᠲᠠᠪᠰᠢ ᠳᠤ ᠭᠦᠵᠦᠭᠦᠦ  ᠪᠤᠭᠳᠤᠭᠤᠰᠤ ᠪᠠ ᠪᠤᠭᠤᠨᠢ ᠬᠠᠪᠢᠷᠭ᠎ᠠ ᠶᠢ ᠤᠷᠤᠭᠤᠯᠬᠤ ᠦᠭᠡᠢ ᠪᠠᠷ ᠲᠦᠷᠪᠡᠨ ᠮᠦᠴᠢ ᠶᠢ ᠨᠢ ᠠᠮᠢᠳᠤ ᠬᠤᠨᠢᠨ ᠤ  ᠭᠡᠪᠳᠡᠭᠡ ᠪᠠᠶᠢᠷᠰᠢᠯ ᠢᠶᠠᠷ ᠡᠮᠦᠨ᠎ᠡ ᠬᠤᠶᠢᠨ᠎ᠠ ᠵᠡᠭᠦᠨ ᠪᠠᠷᠠᠭᠤᠨ ᠢ ᠢᠯᠭᠠᠨ ᠲᠠᠯᠪᠢᠨ᠎ᠠ᠃ ᠬᠤᠶᠠᠷ ᠬᠠ  ᠶᠢᠨ ᠬᠤᠭᠤᠷᠤᠨᠳᠤ  ᠡᠮᠦᠨ᠎ᠡ ᠨᠢ ︿︿ᠬᠠᠷ᠎ᠠ ᠰᠡᠭᠡᠷ᠂ ᠦᠨᠳᠦᠷ ᠰᠡᠭᠡᠷ᠂ ᠪᠤᠭᠤᠨᠢ ᠰᠡᠭᠡᠷ﹀﹀ ᠭᠡᠵᠤ ᠭᠤᠷᠪᠠ ᠠᠩᠭᠢᠯᠠᠨ ᠬᠤᠪᠢᠶᠠᠵᠤ᠂ ᠪᠤᠶᠠᠨ  ᠰᠡᠭᠡᠷ ᠭᠡᠵᠤ ᠰᠡᠷᠪᠡᠭᠡ ᠶᠢ ᠨᠢ ᠳᠤᠳᠤᠭᠰᠢ ᠬᠠᠨᠳᠤᠭᠤᠯᠤᠨ ᠭᠦᠨᠳᠡᠯᠡᠨ ᠢᠶᠠᠷ ᠠᠳᠠᠷ ᠪᠤᠯᠭᠠᠵᠤ ᠦᠷᠦᠨ᠎ᠡ᠃ ᠳᠡᠭᠡᠷ᠎ᠡ ᠨᠢ  ᠬᠠᠯᠢᠮᠯᠠᠭᠰᠠᠨ ᠤᠭᠤᠴᠠ ᠪᠠᠨ ᠲᠠᠯᠪᠢᠵᠤ᠂ ᠤᠭᠤᠴᠠᠨ ᠤ ᠳᠡᠭᠡᠷ᠎ᠡ ᠨᠢ ᠡᠷᠡᠦ ᠶᠢ ᠨᠢ ᠰᠠᠯᠭᠠᠵᠤ ᠬᠤᠶᠢᠬᠠᠯᠠᠵᠤ ᠴᠢᠨᠠᠭᠰᠠᠨ  ᠬᠤᠨᠢᠨ ᠲᠤᠯᠤᠭᠠᠢ ᠪᠠᠨ ᠲᠠᠯᠪᠢᠨ᠎ᠠ᠃ ᠰᠢᠷᠡᠭᠡᠨ ᠳᠤ ᠤᠷᠤᠭᠤᠯᠬᠤ ᠳᠠᠭᠠᠨ ᠭᠤᠤᠯᠳᠠᠵᠤ ᠰᠠᠭᠤᠭᠰᠠᠨ ᠵᠤᠴᠢᠨ ᠤ ᠦᠭᠡᠳᠡ  ᠬᠤᠨᠢᠨ ᠤ ᠲᠤᠯᠤᠭᠠᠢ ᠶᠢ ᠬᠠᠨᠳᠤᠭᠤᠯᠤᠨ᠂ ᠰᠡᠭᠦᠯ ᠢ ᠨᠢ ᠰᠢᠭᠦᠰᠦ ᠤᠷᠤᠭᠤᠯᠬᠤ  ᠭᠦᠮᠦᠨ ᠦᠪᠡᠷ ᠤᠨ ᠪᠡᠶ᠎ᠡ ᠦᠭᠡᠳᠡ   ᠪᠠᠨ ᠬᠠᠨᠳᠤᠭᠤᠯᠵᠤ ᠲᠠᠯᠪᠢᠨ᠎ᠠ᠃ ᠰᠢᠭᠦᠰᠦ ᠤᠷᠤᠭᠤᠯᠬᠤ ᠲᠠᠢ ᠵᠡᠷᠭᠡ ᠲᠠᠪᠤᠰᠤ᠂ ᠰᠤᠩᠭᠢᠨ᠎ᠠ᠂ ᠰᠠᠷᠢᠮᠰᠠᠭ ᠵᠡᠷᠭᠡ ᠲᠠᠢ  ᠨᠠᠶᠢᠷᠠᠭᠤᠯᠤᠭᠰᠠᠨ ᠬᠠᠯᠠᠭᠤᠨ ᠱᠦᠯᠦ ᠶᠢ ᠰᠢᠷᠡᠭᠡᠨ ᠤ ᠲᠦᠷᠪᠡᠨ ᠦᠨᠴᠦᠭ ᠪᠤᠶᠤ ᠬᠤᠶᠠᠷ ᠲᠠᠯ᠎ᠠ ᠳᠤ ᠠᠶᠠᠭᠠᠯᠠᠵᠤ  ᠲᠠᠯᠪᠢᠵᠤ ᠮᠢᠬ᠎ᠠ ᠲᠦᠷᠦᠵᠤ ᠢᠳᠡᠭᠦ ᠳᠤ ᠪᠡᠯᠡᠳᠭᠡᠨ᠎ᠡ᠃           ᠪᠦᠭᠦᠯᠢ ᠰᠢᠭᠦᠰᠦ ᠶᠢ ᠭᠦᠨᠳᠡᠵᠤ ᠬᠠᠰᠢᠬᠤ᠃ ᠰᠢᠭᠦᠰᠦ ᠶᠢ ᠤᠷᠤᠭᠤᠯᠤᠮᠠᠭᠴᠠ ᠭᠡᠷ ᠤᠨ ᠡᠵᠡᠨ ᠪᠤᠶᠤ ᠬᠤᠷᠢᠮ  ᠨᠠᠶᠢᠷ ᠬᠠᠮᠢᠶᠠᠷᠤᠭᠴᠢ ᠨᠢ ᠵᠤᠴᠢᠳ ᠲᠤ ᠰᠢᠭᠦᠰᠦ ᠶᠢᠨ ᠠᠷᠢᠭᠢ ᠪᠠᠷᠢᠨ᠎ᠠ᠃ ᠡᠭᠦᠨ ᠲᠠᠢ ᠵᠡᠷᠭᠡ ᠪᠠᠷ ᠨᠠᠶᠢᠷ  ᠤᠨ  ᠢᠷᠤᠭᠡᠯᠴᠢ ᠠᠴᠠ ᠠᠷᠢᠭᠢᠨ ᠤ ᠮᠠᠭᠳᠠᠭᠠᠯ ᠭᠡᠯᠠᠨ᠎ᠡ᠃ ᠮᠠᠭᠳᠠᠭᠠᠯ ᠭᠡᠯᠡᠵᠤ ᠪᠠᠷᠠᠮᠠᠭᠴᠠ ᠲᠠᠭᠤᠴᠢᠨ ᠠᠴᠠ ᠠᠷᠢᠭᠢᠨ ᠤ  ᠲᠠᠭᠤᠤ ᠡᠷᠭᠦᠨ᠎ᠡ᠃ ᠳᠠᠷᠠᠭ᠎ᠠ ᠨᠢ ᠰᠢᠭᠦᠰᠦ ᠤᠷᠤᠭᠤᠯᠤᠭᠰᠠᠨ ᠭᠦᠮᠦᠨ ᠨᠢ ᠵᠢᠵᠢᠭ ᠲᠠᠪᠠᠭ ᠤᠨ ᠲᠤᠳᠤᠷ᠎ᠠ ᠮᠦᠩᠭᠦᠨ  ᠬᠤᠢ ᠲᠠᠢ ᠮᠤᠩᠭᠤᠯ ᠭᠢᠳᠤᠭ᠎ᠠ ᠶᠢ ᠦᠵᠦᠭᠦᠷ ᠢ ᠨᠢ ᠪᠡᠶ᠎ᠡ ᠵᠦᠭ ᠢᠶᠠᠨ ᠬᠠᠨᠳᠤᠭᠤᠯᠵᠤ᠂ ᠡᠰᠢ ᠶᠢ ᠨᠢ ᠲᠦᠷᠦᠭᠦᠦ  ᠵᠤᠴᠢᠨ ᠳᠤ ᠪᠠᠷᠢᠨ᠎ᠠ᠃ ᠲᠦᠷᠦᠭᠦᠦ ᠵᠤᠴᠢᠨ ᠭᠢᠳᠤᠭ᠎ᠠ ᠶᠢ ᠲᠤᠰᠴᠤ ᠠᠪᠤᠨ ᠬᠤᠨᠢᠨ ᠲᠤᠯᠤᠭᠠᠢ ᠶᠢᠨ ᠪᠠᠶᠠᠷ ᠮᠠᠩᠨᠠᠢ  ᠳᠤᠮᠳᠠ ︿︿+﹀﹀ ᠪᠤᠶᠤ ︿︿ᠬᠠᠰ ᠲᠠᠮᠠᠭ᠎ᠠ﹀﹀ ᠵᠢᠷᠤᠵᠤ ᠲᠡᠮᠳᠡᠭ ᠲᠠᠯᠪᠢᠨ᠂ ᠲᠠᠭᠢᠨ ᠬᠤᠨᠢᠨ ᠲᠤᠯᠤᠭᠠᠢ ᠶᠢᠨ ᠪᠠᠷᠠᠭᠤᠨ  ᠴᠢᠭᠢ ᠶᠢᠨ ᠠᠷᠤ ᠪᠠᠷ ᠨᠢ ᠪᠠᠭ᠎ᠠ  ᠤᠭᠳᠤᠯᠵᠤ ᠢᠮ ᠭᠠᠷᠭᠠᠨ ᠭᠦᠨᠳᠡᠭᠡᠳ ᠡᠨᠡ ᠪᠤᠯ ᠮᠢᠨᠤ ᠬᠤᠨᠢ ᠪᠤᠯᠤᠯ᠎ᠠ ᠭᠡᠳᠡᠭ ᠢ  ᠢᠯᠡᠷᠭᠡᠶᠢᠯᠡᠨ᠂ ᠬᠤᠨᠢᠨ ᠲᠤᠯᠤᠭᠠᠢ ᠶᠢ ᠵᠢᠵᠢᠭ ᠲᠠᠪᠠᠭ ᠲᠤ ᠭᠢᠵᠤ ᠰᠢᠭᠦᠰᠦ ᠤᠷᠤᠭᠤᠯᠤᠭᠰᠠᠨ ᠭᠦᠮᠦᠨ ᠳᠤ ᠪᠤᠴᠠᠭᠠᠨ᠎ᠠ᠃ ᠵᠤᠴᠢᠨ ᠨᠢ ᠰᠢᠭᠦᠰᠦ ᠠᠴᠠ ᠭᠡᠳᠤᠨ ᠵᠢᠰᠦᠮ ᠤᠭᠳᠤᠯᠤᠨ ᠠᠪᠴᠤ ᠭᠠᠯ ᠭᠤᠯᠤᠮᠳᠠ   ᠳᠤ ᠡᠷᠭᠦᠨ᠂ ᠤᠭᠤᠴᠠᠨ ᠤ  ᠤᠭᠤᠷᠠᠭ ᠰᠡᠭᠦᠯ ᠢ ᠤᠭᠳᠤᠯᠤᠨ ᠠᠪᠴᠤ᠂ ᠵᠦᠪ ᠲᠠᠯ᠎ᠠ  ᠶᠢᠨ ᠱᠠᠭᠠᠨᠳᠤ ᠴᠢᠮᠦᠭᠡ ᠶᠢᠨ ᠬᠠᠮᠳᠤ ᠵᠢᠵᠢᠭ ᠫᠢᠯᠠᠨ ᠳᠤ  ᠭᠢᠵᠤ ︿︿ᠪᠤᠷᠬᠠᠨ ᠤ ᠲᠠᠭᠢᠯ﹀﹀ ᠭᠡᠵᠤ ᠭᠡᠷ ᠤᠨ ᠡᠵᠡᠨ ᠪᠤᠶᠤ ᠰᠢᠭᠦᠰᠦ ᠤᠷᠤᠭᠤᠯᠤᠭᠰᠠᠨ ᠭᠦᠮᠦᠨ ᠳᠤ ᠦᠭᠴᠦ᠂  ᠭᠢᠳᠤᠭ᠎ᠠ ᠶᠢ ᠵᠤᠴᠢᠨ ᠵᠤᠴᠢᠯᠠᠭᠴᠢ ᠳᠤ ᠭᠠᠷᠳᠠᠭᠤᠯᠤᠨ᠎ᠠ᠃ ᠵᠤᠴᠢᠨ ᠵᠤᠴᠢᠯᠠᠭᠴᠢ ᠨᠢ ᠭᠢᠳᠤᠭ᠎ᠠ ᠶᠢ ᠭᠢᠴᠢᠶᠡᠩᠭᠦᠢ ᠪᠠᠷ  ᠲᠤᠰᠤᠨ ᠠᠪᠴᠤ ᠤᠭᠤᠴᠠ ᠶᠢ ᠬᠠᠰᠢᠵᠤ ᠡᠭᠢᠯᠡᠨ᠎ᠡ᠃ ᠢᠷᠤᠭᠡᠯᠴᠢ ᠨᠢ ᠡᠭᠢᠯᠡᠯᠳᠡ ᠶᠢᠨ ᠲᠠᠭᠤᠤ ᠶᠢ ᠲᠠᠭᠤᠯᠠᠵᠤ  ᠪᠠᠷᠠᠮᠠᠭᠴᠠ ᠰᠢᠭᠦᠰᠦ ᠲᠠᠯᠪᠢᠬᠤ ᠬᠤᠨᠢᠨ ᠤ ᠢᠷᠦᠭᠡᠯ ᠮᠠᠭᠳᠠᠭᠠᠯ ᠢ ᠡᠭᠢᠯᠡᠵᠤ ᠭᠡᠯᠡᠨ᠎ᠡ᠃          ᠤᠭᠤᠴᠠ ᠬᠠᠰᠢᠬᠤ᠃ ᠤᠭᠤᠴᠠ ᠬᠠᠰᠢᠬᠤ ᠳᠠᠭᠠᠨ ᠭᠢᠳᠤᠭ᠎ᠠ ᠶᠢᠨ ᠢᠷ ᠢ ᠭᠠᠳᠠᠭᠰᠢ ᠬᠠᠨᠳᠤᠭᠤᠯᠤᠨ ᠭᠠᠷ  ᠤᠨ  ᠵᠦᠪ ᠢᠶᠠᠷ ᠪᠠᠷᠢᠵᠤ᠂ ᠨᠢᠷᠤᠭᠤ ᠳᠠᠭᠠᠤ ᠦᠶᠡᠯᠡᠨ᠂ ᠲᠠᠭᠢᠨ ᠤᠭᠤᠴᠠ ᠶᠢᠨ ᠵᠦᠪ ᠲᠠᠯ᠎ᠠ ᠶᠢᠨ ᠰᠡᠭᠦᠯ ᠤᠨ ᠪᠤᠭᠤᠮ᠎ᠠ   ᠠᠴᠠ ᠡᠭᠢᠯᠡᠨ ᠵᠦᠰᠦᠵᠤ ᠤᠭᠤᠴᠠ   ᠶᠢᠨ ᠬᠤᠶᠠᠷ ᠲᠠᠯ᠎ᠠ ᠶᠢ ᠠᠳᠠᠯᠢᠬᠠᠨ ᠬᠠᠰᠢᠵᠤ ᠵᠦᠰᠦᠨ᠎ᠡ᠃ ᠡᠨᠡᠭᠦ ᠵᠢᠰᠦᠮ ᠢ ︿︿ ᠬᠠᠰᠢᠶᠠᠰᠤ﹀﹀ ᠭᠡᠭᠦ ᠪᠤᠶᠤ ︿︿ᠲᠠᠷᠮ᠎ᠠ﹀﹀ ᠭᠡᠳᠡᠭ᠃ ᠬᠠᠰᠢᠭᠰᠠᠨ ᠬᠠᠰᠢᠶᠠᠰᠤ ᠪᠠᠨ ᠵᠦᠪ ᠲᠠᠯ᠎ᠠ ᠶᠢᠨ  ᠬᠢ ᠪᠤᠷᠤᠭᠤ  ᠲᠠᠯ᠎ᠠ ᠳᠤ ᠨᠢ ᠲᠠᠯᠪᠢᠵᠤ᠂ ᠪᠤᠷᠤᠭᠤ ᠲᠠᠯ᠎ᠠ ᠶᠢᠨ ᠬᠢ ᠵᠦᠪ ᠲᠠᠯ᠎ᠠ ᠳᠤ ᠨᠢ ᠰᠤᠯᠢᠵᠤ ᠲᠠᠯᠪᠢᠭᠰᠠᠨ ᠤ ᠲᠠᠷᠠᠭ᠎ᠠ ᠰᠢᠭᠦᠰᠦ  ᠬᠠᠰᠢᠭᠰᠠᠨ ᠭᠦᠮᠦᠨ ᠨᠢ ᠭᠢᠳᠤᠭ᠎ᠠ ᠤᠨ ᠡᠰᠢ ᠶᠢ ᠭᠤᠤᠯ  ᠵᠤᠴᠢᠨ ᠤ ᠵᠦᠭ ᠬᠠᠨᠳᠤᠭᠤᠯᠤᠨ ᠲᠠᠪᠠᠭ ᠲᠤ ᠭᠢᠵᠤ ᠪᠠᠷᠢᠨ᠎ᠠ  ᠃ ᠭᠤᠤᠯ ᠵᠤᠴᠢᠨ ᠤᠭᠤᠴᠠᠨ ᠤ ᠡᠭᠢᠨ ᠠᠴᠠ ᠨᠢᠭᠡ ᠵᠢᠰᠦᠮ ᠤᠭᠳᠤᠯᠤᠨ ᠠᠪᠴᠤ ᠦᠪᠡᠷ ᠢᠶᠠᠨ ᠠᠮᠰᠠᠭᠰᠠᠨ ᠤ  ᠲᠠᠷᠠᠭ᠎ᠠ ᠨᠢᠭᠡ ᠲᠠᠯ᠎ᠠ ᠶᠢᠨ ᠬᠠᠰᠢᠶᠠᠰᠤ ᠪᠤᠶᠤ ᠬᠠ ᠶᠢᠨ ᠮᠢᠬ᠎ᠠ ᠠᠴᠠ ᠨᠢᠭᠡ ᠭᠡᠰᠡᠭ ᠤᠭᠳᠤᠯᠤᠨ  ᠠᠪᠴᠤ ᠲᠠᠪᠠᠭ ᠲᠤ  ᠭᠢᠵᠤ ᠭᠡᠷ ᠤᠨ ᠡᠵᠡᠨ ᠤ ᠬᠤᠪᠢ ᠭᠡᠵᠤ ᠦᠭᠭᠦᠨ᠎ᠡ᠃ ᠡᠭᠦᠨ ᠤ ᠲᠠᠷᠠᠭ᠎ᠠ ᠰᠠᠶ᠋ᠢ ᠰᠢᠷᠡᠭᠡᠨ ᠳᠤ ᠰᠠᠭᠤᠭ᠎ᠠ ᠵᠤᠴᠢᠳ ᠭᠠᠷ  ᠭᠦᠳᠡᠯᠤᠨ ᠰᠢᠭᠦᠰᠦ ᠵᠤᠭᠤᠭᠯᠠᠨ᠎ᠠ᠃ ᠪᠦᠭᠦᠯᠢ ᠰᠢᠭᠦᠰᠦ ᠤᠷᠤᠭᠤᠯᠬᠤ ᠲᠠᠶᠢᠯᠠᠯᠭ᠎ᠠ ᠳᠤ ᠲᠠᠭᠠᠪᠤᠷᠢ ᠲᠠᠪᠠᠭ ᠲᠠᠪᠰᠢ  ᠤᠷᠤᠭᠤᠯᠳᠠᠭ᠃ ᠳᠤᠳᠤᠷ ᠲᠠᠪᠤᠨ ᠴᠤᠯᠤ᠂ ᠴᠢᠳᠬᠤᠭᠰᠠᠨ ᠭᠡᠳᠡᠰᠦ᠂ ᠬᠤᠰᠭᠢᠨᠠᠭ ᠵᠡᠷᠭᠡ ᠶᠢ ᠲᠠᠪᠠᠭ ᠲᠠᠪᠰᠢ ᠳᠤ  ᠦᠷᠦᠵᠤ᠂ ᠠᠰ ᠳᠤ ᠨᠢ ᠰᠠᠪᠠᠯᠠᠵᠤ ᠰᠢᠷᠡᠭᠡ ᠵᠠᠰᠠᠵᠤ ᠲᠠᠯᠪᠢᠳᠠᠭ᠃ ᠤᠭᠤᠴᠠᠨ ᠰᠢᠭᠦᠰᠦ ᠲᠠᠢ ᠬᠤᠯᠢᠵᠤ ᠭᠡᠳᠡᠰᠦ  ᠳᠤᠳᠤᠷ ᠤᠷᠤᠭᠤᠯᠳᠠᠭ ᠦᠭᠡᠢ᠃            ᠰᠢᠭᠦᠰᠦ ᠶᠢᠨ ᠲᠠᠶᠢᠯᠠᠯᠭ᠎ᠠ ᠪᠠᠷᠠᠬᠤ ᠳᠤ ᠲᠦᠷᠦᠭᠦᠦ ᠵᠤᠴᠢᠨ ᠠᠴᠠ ᠭᠦᠮᠦᠨ ᠪᠦᠷᠢ ᠠᠮᠰᠠᠭᠰᠠᠨ ᠲᠠᠯᠤ ᠶᠢᠨ ᠶᠠᠰᠤ   ᠶᠢ ᠤᠭ ᠪᠠᠶᠢᠷᠢ ᠳᠤ ᠨᠢ ᠲᠠᠯᠪᠢᠵᠤ᠂ ᠬᠤᠨᠢᠨ ᠲᠤᠯᠤᠭᠠᠢ ᠶᠢ ᠲᠠᠭᠢᠨ ᠲᠠᠪᠠᠭ ᠲᠤ ᠭᠢᠵᠤ ᠠᠪᠴᠢᠷᠠᠭᠤᠯᠤᠨ᠂ ᠮᠦᠨ ᠤᠭ  ᠶᠤᠰᠤᠭᠠᠷ ᠤᠭᠤᠴᠠᠨ ᠤ ᠳᠡᠭᠡᠷ᠎ᠡ ᠨᠢ ᠲᠠᠯᠪᠢᠵᠤ᠂ ᠲᠠᠪᠰᠢ ᠪᠠᠭᠤᠯᠭᠠᠬᠤ ᠶᠢ ᠮᠡᠳᠡᠭᠳᠡᠨ᠂ ᠵᠤᠴᠢᠨ ᠵᠤᠴᠢᠯᠠᠭᠴᠢ ᠳᠤ ᠨᠠᠷᠠᠨ  ᠵᠦᠪ ᠡᠷᠭᠢᠯᠳᠡ ᠪᠠᠷ ᠡᠷᠭᠢᠭᠦᠯᠦᠨ ᠭᠠᠷᠳᠠᠭᠤᠯᠵᠤ ᠪᠤᠴᠠᠭᠠᠨ᠎ᠠ᠃ ᠭᠦᠯᠢᠶᠡᠨ ᠠᠪᠤᠭᠰᠠᠨ ᠵᠤᠴᠢᠨ ᠵᠤᠴᠢᠯᠠᠭᠴᠢ ᠨᠢ ᠲᠠᠪᠠᠭ   ᠲᠠᠢ ᠮᠢᠬ᠎ᠠ ᠶᠢ ᠲᠠᠭᠢᠨ ᠵᠦᠪ ᠢᠶᠠᠷ ᠬᠠᠭᠠᠰ ᠡᠷᠭᠢᠭᠦᠯᠦᠨ ᠰᠢᠭᠦᠰᠦ ᠶᠢᠨ ᠲᠡᠭᠡᠷᠡᠭᠢ ᠬᠤᠨᠢᠨ ᠲᠤᠯᠤᠭᠠᠢ ᠶᠢ ᠭᠠᠳᠠᠭᠰᠢ  ᠬᠠᠨᠳᠤᠭᠤᠯᠤᠨ ︿︿ᠭᠦᠨᠳᠦᠳᠦ ᠵᠤᠴᠢᠳ ᠰᠠᠶᠢᠨ ᠵᠤᠭᠤᠭᠯᠠᠪᠠᠤ︖﹀﹀ ᠭᠡᠵᠤ ᠶᠤᠰᠤ ᠭᠦᠢᠴᠡᠳᠭᠡᠭᠡᠳ ᠭᠡᠳᠡᠷᠭᠦ  ᠤᠬᠤᠷᠢᠨ ᠠᠪᠴᠤ ᠭᠠᠷᠤᠨ᠎ᠠ᠃ ᠰᠢᠭᠦᠰᠦ ᠪᠠᠭᠤᠯᠭᠠᠭᠰᠠᠨ ᠤ ᠲᠠᠷᠠᠭ᠎ᠠ᠂ ᠵᠤᠴᠢᠳ ᠲᠤ  ᠲᠤᠳᠤᠷᠭ᠎ᠠ ᠪᠤᠶᠤ ᠮᠤᠩᠭᠤᠯ  ᠬᠠᠭᠤᠷᠠᠭᠰᠠᠨ ᠪᠤᠲᠠᠭ᠎ᠠ ᠪᠠᠷ ᠴᠢᠨᠠᠭᠰᠠᠨ ᠰᠢᠩᠭᠡᠨ ᠱᠦᠯᠦ ᠠᠶᠠᠭᠠᠯᠠᠨ᠎ᠠ᠃ ᠡᠭᠦᠨ ᠢ ᠱᠦᠯᠦ ᠪᠠᠷᠢᠨ᠎ᠠ ᠭᠡᠳᠡᠭ᠃ ᠱᠦᠯᠦ  ᠤᠤᠭᠤᠵᠤ ᠪᠠᠷᠠᠪᠠᠯ ᠭᠤᠤᠯ  ᠵᠤᠴᠢᠨ ᠨᠢ ᠪᠤᠰᠴᠤ ᠪᠠᠷᠠᠭᠤᠨ ᠭᠠᠷ ᠢᠶᠠᠷ ᠢᠶᠠᠨ ᠲᠠᠶᠢᠯᠠᠯᠭ᠎ᠠ ᠶᠢᠨ ᠰᠢᠷᠡᠭᠡ ᠶᠢ ᠭᠦᠩᠭᠡᠨ  ᠭᠦᠳᠡᠯᠭᠡᠵᠤ ᠪᠦᠭᠦᠯᠢ ᠰᠢᠭᠦᠰᠦ ᠶᠢᠨ ᠲᠠᠶᠢᠯᠠᠯᠭ᠎ᠠ ᠶᠢ ᠦᠨᠳᠦᠷᠯᠡᠭᠦᠯᠳᠡᠭ᠃            ᠭᠤᠷᠪᠠ  ᠂ ᠰᠢᠭᠦᠰᠦ ᠶᠢᠨ ᠲᠠᠶᠢᠯᠠᠯᠭ᠎ᠠ ᠶᠢᠨ ᠢᠷᠦᠭᠡᠯ ᠮᠠᠭᠳᠠᠭᠠᠯ ᠵᠤᠴᠢᠳ ᠤᠨ ᠰᠢᠭᠦᠰᠦ ᠵᠤᠭᠤᠭᠯᠠᠵᠤ ᠪᠠᠶᠢᠬᠤ  ᠦᠶ᠎ᠡ ᠳᠤ ᠲᠠᠶᠢᠯᠠᠯᠭ᠎ᠠ ᠶᠢᠨ ᠨᠠᠶᠢᠷ ᠢ ᠭᠦᠭᠵᠢᠶᠡᠨ ᠲᠠᠢ ᠪᠤᠯᠭᠠᠬᠤ ᠶᠢᠨ ᠲᠦᠯᠦᠭᠡ ᠰᠠᠷᠬᠤᠳ ᠤᠨ ᠲᠠᠭᠤᠤ ᠲᠠᠭᠤᠯᠠᠨ᠂  ᠠᠷᠢᠭᠢᠨ ᠤ ᠮᠠᠭᠳᠠᠭᠠᠯ ᠪᠠ ᠰᠢᠭᠦᠰᠦ ᠲᠠᠯᠪᠢᠬᠤ ᠬᠤᠨᠢᠨ ᠤ ᠢᠷᠦᠭᠡᠯ ᠮᠠᠭᠳᠠᠭᠠᠯ ᠭᠡᠯᠡᠳᠡᠭ᠃            1᠂ ᠨᠠᠶᠢᠷ ᠤᠨ ᠰᠢᠷᠡᠭᠡᠨ ᠤ ᠰᠠᠷᠬᠤᠳ ᠤᠨ ᠲᠠᠭᠤᠤ ᠤᠩᠨᠢᠭᠤᠳ ᠮᠤᠩᠭᠤᠯᠴᠤᠳ ᠲᠠᠶᠢᠯᠠᠯᠭ᠎ᠠ ᠶᠢᠨ ᠨᠠᠶᠢᠷ  ᠤᠨ  ᠰᠢᠷᠡᠭᠡᠨ ᠳᠡᠭᠡᠷ᠎ᠡ ᠢᠷᠡᠭᠰᠡᠨ ᠵᠤᠴᠢᠳ ᠤᠨ ᠢᠶᠠᠨ ᠪᠠᠶᠢᠳᠠᠯ ᠢ ᠦᠵᠡᠵᠤ ︿︿ᠲᠦᠷᠦ ᠶᠢᠨ ᠲᠦᠷᠪᠡᠨ ᠲᠠᠭᠤᠤ﹀﹀  ᠠᠴᠠ  ᠰᠤᠩᠭᠤᠵᠤ ᠲᠠᠭᠤᠤ ᠡᠷᠭᠦᠳᠡᠭ᠃ ᠡᠭᠦᠨ ᠳᠤ ᠴᠢᠷᠢᠭ ᠤᠨ ᠡᠷᠭᠡᠳᠡᠨ ᠵᠠᠩᠵᠤᠨ ᠰᠠᠶᠢᠳ ᠲᠤ ᠪᠤᠯ ︿︿ᠡᠭᠦᠯᠡᠨ ᠭᠦᠭᠡ  ᠮᠤᠷᠢ﹀﹀ ᠭᠡᠭᠦ ᠲᠠᠭᠤᠤ ᠶᠢ᠂ ᠨᠤᠶᠠᠳ ᠡᠷᠭᠢᠮᠳᠡᠳ ᠲᠤ ᠪᠤᠯ ︿︿ᠪᠤᠭᠳᠠ ᠶᠢᠨ ᠦᠨᠳᠦᠷ﹀﹀ ᠭᠡᠭᠦ ᠲᠠᠭᠤᠤ ᠶᠢ᠂ ᠭᠡᠭᠡᠨ  ᠬᠤᠪᠢᠯᠭᠠᠨ ᠶᠡᠭᠡ ᠯᠠᠮᠠᠬᠠᠶᠢᠳᠠᠨ ᠲᠤ ᠪᠤᠯ ︿︿ᠢᠯᠠᠭᠤᠭᠰᠠᠨ ᠡᠷᠭᠡᠳᠤ﹀﹀ ᠭᠡᠭᠦ ᠲᠠᠭᠤᠤ ᠶᠢ᠂ ᠤᠷᠤᠭ ᠬᠤᠷᠢᠮ ᠳᠡᠭᠡᠷ᠎ᠡ  ᠪᠤᠯ ︿︿ᠪᠦᠭᠡᠷ᠎ᠡ ᠶᠢᠨ ᠮᠦᠴᠡᠷ﹀﹀᠂ ︿︿ᠵᠢᠢ ᠲᠠᠯ᠎ᠠ ᠶᠢᠨ ᠭᠤᠷᠭᠤᠤᠯ﹀﹀᠂ ︿︿ᠴᠢᠩᠽᠠᠢ ᠬᠤᠸᠠᠷ﹀﹀ ᠭᠡᠭᠦ ᠮᠡᠳᠤ ᠶᠢᠨ  ᠤᠷᠳᠤ ᠶᠢᠨ ᠲᠠᠭᠤᠤ ᠪᠠ ︿︿ᠵᠠᠩ ᠮᠦᠷᠢᠨ ᠤ ᠤᠰᠤ﹀﹀᠂ ︿︿ᠨᠠᠮᠤᠭ ᠲᠠᠯ᠎ᠠ ᠶᠢᠨ ᠪᠤᠷᠭᠠᠰᠤ﹀﹀ ᠭᠡᠭᠦ ᠮᠡᠳᠤ ᠶᠢᠨ ᠤᠬᠤᠷ  ᠲᠠᠭᠤᠤ ᠠᠴᠠ ᠰᠤᠩᠭᠤᠵᠤ ᠲᠠᠭᠤᠯᠠᠳᠠᠭ᠃ ᠢᠩᠭᠢᠭᠦ ᠳᠤ ᠪᠠᠨ ᠨᠠᠶᠢᠷ ᠤᠨ ᠡᠭᠢᠨ ᠳᠤ ᠪᠠ ᠲᠠᠭᠦᠰᠭᠡᠯ ᠳᠤ ᠤᠷᠳᠤ ᠶᠢᠨ  ᠲᠠᠭᠤᠤ ᠶᠢ ᠲᠠᠭᠤᠯᠠᠵᠤ᠂ ᠳᠤᠮᠳᠠ ᠨᠢ ᠤᠬᠤᠷ ᠲᠠᠭᠤᠤ ᠲᠠᠭᠤᠯᠠᠳᠠᠭ᠃ ᠬᠤᠷᠢᠮ ᠤᠨ ᠰᠢᠷᠡᠭᠡᠨ ᠳᠡᠭᠡᠷ᠎ᠡ ᠠᠬᠠᠮᠠᠳ ᠨᠠᠷ   ᠤᠨ ᠳᠡᠷᠭᠡᠳᠡ ᠢᠨᠠᠭ ᠤᠨ ᠲᠠᠭᠤᠤ ᠲᠠᠭᠤᠯᠠᠳᠠᠭ ᠦᠭᠡᠢ᠃            2᠂ ᠨᠠᠶᠢᠷ ᠤᠨ ᠰᠢᠷᠡᠭᠡᠨ ᠤ ᠠᠷᠢᠭᠢᠨ ᠤ ᠮᠠᠭᠳᠠᠭᠠᠯ          ᠵᠧ︕          ᠭᠠᠳᠠᠭᠠᠳᠤ ᠳᠠᠯᠠᠢ ᠮᠡᠳᠤ          ᠳᠤᠳᠤᠷ᠎ᠠ ᠠᠴᠠ ᠪᠠᠨ ᠪᠤᠯᠭᠢᠯᠠᠵᠤ            ᠭᠠᠯᠪᠠᠷ ᠽᠠᠨᠳᠠᠨ ᠮᠤᠳᠤ ᠮᠡᠳᠤ          ᠦᠨᠳᠤᠰᠤ ᠠᠴᠠ ᠪᠠᠨ ᠲᠡᠯᠭᠡᠷᠡᠵᠤ        ᠰᠦᠨ ᠳᠠᠯᠠᠢ ᠮᠡᠳᠤ            ᠡᠷᠭᠢ ᠠᠴᠠ ᠪᠠᠨ ᠪᠤᠷᠭᠢᠯᠠᠵᠤ            ᠰᠦᠮᠪᠦᠷ ᠠᠭᠤᠯᠠ ᠮᠡᠳᠤ            ᠤᠷᠤᠢ ᠠᠴᠠ ᠪᠠᠨ ᠴᠠᠶᠢᠷᠠᠵᠤ        ᠢᠷᠡᠭᠦ ᠶᠡᠭᠡ ᠵᠤᠴᠢᠨ ᠰᠠᠳᠤᠨ ᠲᠠᠢ      ᠢᠷᠡᠭᠦᠯᠭᠦ ᠭᠡᠰᠢᠭ ᠪᠤᠶᠠᠨ ᠲᠠᠢ          ᠪᠤᠭᠳᠠ ᠴᠢᠩᠭᠢᠰ ᠤᠨ ᠦᠷᠦᠰᠢᠶᠡᠯ ᠲᠠᠢ          ᠪᠤᠶᠠᠨᠳᠤ ᠨᠠᠰᠤᠳᠠᠨ ᠤ ᠵᠦᠪᠰᠢᠶᠡᠷᠡᠯ ᠲᠠᠢ        ᠬᠤᠯᠠ ᠶᠢᠨ ᠵᠤᠴᠢᠨ ᠢ ᠤᠶᠢᠷᠠᠳᠤᠭᠤᠯᠵᠤ          ᠬᠤᠳᠠᠯᠠ ᠤᠯᠠᠨ ᠢ ᠪᠠᠶᠠᠰᠬᠠᠳᠠᠭ          ᠰᠠᠭᠤᠭᠰᠠᠨ ᠪᠦᠭᠦᠳᠡ ᠶᠢ ᠵᠢᠷᠭᠠᠭᠤᠯᠵᠤ        ᠰᠤᠨᠤᠰᠤᠭᠰᠠᠨ ᠪᠦᠭᠦᠨ ᠢ ᠪᠠᠶᠠᠷᠯᠠᠭᠤᠯᠳᠠᠭ        ᠰᠠᠨᠠᠭᠰᠠᠨ ᠦᠢᠯᠡᠰ ᠢ ᠪᠦᠳᠦᠭᠡᠵᠤ            ᠰᠠᠨᠠᠭ᠎ᠠ ᠰᠡᠳᠭᠢᠯ ᠢ ᠰᠤᠯᠢᠯᠴᠠᠭᠤᠯᠳᠠᠭ        ᠰᠠᠷᠬᠤᠳ ᠴᠢᠮᠠᠶ᠋ᠢ ᠪᠠᠨ ᠡᠷᠭᠦᠨ ᠪᠠᠷᠢᠵᠤ ᠪᠠᠶᠢᠨ᠎ᠠ        ᠠᠷᠢᠭᠢ ᠲᠠᠨ ᠢ ᠪᠠᠨ ᠮᠠᠭᠳᠠᠵᠤ ᠪᠠᠶᠢᠨ᠎ᠠ᠃        ᠢᠷᠡᠭᠰᠡᠨ ᠵᠤᠴᠢᠳ ᠮᠢᠨᠢ ᠨᠠᠶᠢᠷᠯᠠᠯᠳᠤᠨ ᠪᠠᠶᠠᠰᠳᠤᠭᠠᠢ︕        ᠨᠠᠶᠢᠷ ᠨᠠᠭᠠᠳᠤᠮ ᠭᠦᠭᠵᠢᠶᠡᠨᠳᠠᠢ ᠪᠤᠯᠳᠤᠭᠠᠢ︕          ᠲᠠᠭᠠᠷᠠᠭᠰᠠᠨ ᠪᠡᠶ᠎ᠡ ᠨᠢ ᠪᠦᠯᠢᠶᠡᠰᠭᠦ ᠪᠤᠯᠳᠤᠭᠠᠢ︕        ᠶᠠᠳᠠᠷᠠᠯ ᠵᠦᠳᠡᠷᠡᠯ ᠨᠢ ᠲᠠᠶᠢᠯᠤᠭᠳᠠᠬᠤ ᠪᠤᠯᠳᠤᠭᠠᠢ︕          ᠰᠠᠭᠠᠳᠠᠨ ᠨᠠᠶᠢᠷᠯᠠᠭᠰᠠᠨ ᠪᠦᠭᠦᠨ ᠤ          ᠰᠠᠶᠢᠨ ᠤ ᠠᠮᠤᠭᠤᠯᠠᠩ ᠢ ᠪᠡᠯᠡᠭᠯᠡᠵᠤ        ᠨᠠᠶᠢᠷ ᠤᠨ ᠲᠡᠷᠢᠭᠦᠨ ᠭᠡᠮ ᠢᠶᠠᠨ          ᠠᠶᠢᠯᠠᠳᠬᠠᠨ ᠲᠡᠪᠰᠢᠭᠦᠯᠵᠤ ᠪᠠᠷᠢᠵᠤ ᠪᠠᠶᠢᠨ᠎ᠠ︕      3᠂ ᠰᠢᠭᠦᠰᠦ ᠲᠠᠯᠪᠢᠬᠤ ᠬᠤᠨᠢᠨ ᠤ ᠢᠷᠦᠭᠡᠯ ᠮᠠᠭᠳᠠᠭᠠᠯ        ᠳᠤᠰ ᠢᠷᠦᠭᠡᠯ ᠮᠠᠭᠳᠠᠭᠠᠯ ᠢ ᠠᠷᠢᠭᠢᠨ ᠤ ᠡᠭᠢᠨ ᠤ ᠲᠠᠭᠤᠤ ᠶᠢ ᠲᠠᠭᠤᠯᠠᠵᠤ ᠪᠠᠷᠠᠮᠠᠭᠴᠠ ᠭᠡᠯᠡᠮᠤᠷᠴᠢ ᠭᠠᠷ  ᠲᠠᠭᠠᠨ  ᠠᠶᠤᠰᠢ ᠬᠠᠳᠠᠭ ᠡᠷᠭᠦᠭᠰᠡᠭᠡᠷ ᠭᠡᠯᠡᠨ᠎ᠡ᠃            ᠵᠧ︕         ᠤᠸ᠋ᠮ ᠰᠠᠶᠢᠨ ᠠᠮᠤᠭᠤᠯᠠᠩ ᠪᠤᠯᠳᠤᠭᠠᠢ︕       ᠡᠩᠭᠡ ᠰᠠᠶᠢᠨ ᠵᠢᠷᠭᠠᠯᠠᠩ ᠪᠤᠯᠳᠤᠭᠠᠢ︕         ᠳᠡᠩᠨᠡᠭᠦᠷ ᠤᠨ ᠭᠤᠤᠯ ᠤᠨ ᠨᠤᠳᠤᠭ ᠢᠶᠠᠷ         ᠪᠡᠯᠴᠢᠭᠡᠷ ᠢᠶᠠᠨ ᠪᠤᠯᠭᠠᠵᠤ           ᠷᠠᠰᠢᠶᠠᠨ ᠪᠤᠯᠠᠭ ᠤᠨ ᠤᠰᠤ ᠪᠠᠷ         ᠤᠮᠳᠠ ᠪᠠᠨ ᠪᠤᠯᠭᠠᠵᠤ         ᠤᠩᠨᠢᠭᠤᠳ ᠮᠠᠩᠬᠠᠨ ᠳᠤᠮᠳᠠ ᠪᠠᠨ       ᠡᠷᠭᠡ ᠳᠤᠷ᠎ᠠ ᠪᠠᠷ ᠢᠶᠠᠨ ᠪᠡᠯᠴᠢᠭᠡᠷᠯᠡᠵᠤ       ᠴᠦᠨᠳᠦᠪ ᠤᠨ ᠭᠤᠤᠯ ᠤᠨ ᠤᠰᠤ ᠪᠠᠨ         ᠴᠢᠨᠡᠭᠡ ᠪᠠᠷ ᠢᠶᠠᠨ ᠤᠮᠳᠠᠯᠠᠭᠰᠠᠨ       ᠠᠮᠪᠠᠨ ᠠᠳᠠᠯᠢ ᠪᠠᠶ᠎ᠡ ᠲᠠᠢ         ᠠᠴᠠᠨ ᠲᠦᠷᠪᠡᠨ ᠳᠤᠭᠤᠷᠠᠢ ᠲᠠᠢ         ᠲᠠᠩᠰᠤᠭ ᠰᠠᠶᠢᠬᠠᠨ ᠪᠡᠶ᠎ᠡ ᠲᠠᠢ         ᠳᠡᠪᠭᠡ ᠲᠦᠷᠪᠡᠨ ᠳᠤᠭᠤᠷᠠᠢ ᠲᠠᠢ         ᠤᠶᠠᠬᠠᠨ ᠰᠠᠶᠢᠬᠠᠨ ᠲᠠᠭᠤᠤ ᠲᠠᠢ       ᠤᠭᠠᠯᠵᠠᠨ ᠬᠤᠶᠠᠷ ᠡᠪᠡᠷ ᠲᠠᠢ       ᠡᠷᠢᠶᠡᠨ ᠠᠯᠠᠭ ᠨᠢᠳᠦ ᠲᠠᠢ         ᠡᠷᠪᠡᠭᠡᠢ ᠬᠤᠶᠠᠷ ᠴᠢᠭᠢ ᠲᠠᠢ       ᠬᠠᠨ᠎ᠠ ᠶᠢᠨ ᠴᠢᠨᠡᠭᠡ ᠤᠭᠤᠴᠠ ᠲᠠᠢ       ᠬᠠᠪᠬᠠᠰᠤ ᠶᠢᠨ ᠴᠢᠨᠡᠭᠡ ᠰᠡᠭᠦᠯ ᠲᠠᠢ       ᠠᠮᠠ ᠵᠢᠷᠭᠤᠭᠠᠨ ᠭᠦᠵᠦᠭᠦᠦ ᠲᠠᠢ         ᠠᠷᠪᠠᠨ ᠬᠤᠶᠠᠷ ᠰᠡᠭᠡᠷ ᠲᠠᠢ         ᠬᠤᠷᠢᠨ ᠲᠦᠷᠪᠡᠨ ᠬᠠᠪᠢᠷᠭ᠎ᠠ ᠲᠠᠢ       ᠬᠤᠳᠤᠭᠤᠷ ᠨᠠᠢᠮᠠᠨ ᠨᠢᠷᠤᠭᠤ ᠲᠠᠢ         ᠮᠢᠩᠭᠠᠨ ᠰᠦᠷᠦᠭ ᠤᠨ ᠮᠠᠩᠯᠠᠢ         ᠮᠢᠨᠳᠠᠰᠤᠨ ᠨᠤᠤᠰᠤᠳᠤ ᠶᠢᠨ ᠤᠭᠢ       ᠲᠦᠮᠡᠨ ᠰᠦᠷᠦᠭ ᠤᠨ ᠲᠦᠷᠦᠭᠦᠦ         ᠲᠦᠯᠵᠢᠭᠦ ᠰᠦᠷᠦᠭ ᠤᠨ ᠲᠡᠭᠡᠵᠢ           ᠮᠠᠩᠬᠠᠨ ᠴᠠᠭᠠᠨ ᠬᠤᠨᠢ ᠪᠠᠨ       ᠮᠠᠩᠨᠠᠢ ᠴᠠᠭᠠᠨ ᠵᠤᠯᠮᠠᠵᠤ       ᠵᠠᠭᠠᠳᠠᠰᠤ ᠦᠭᠡᠢ ᠲᠠᠪᠰᠢ ᠳᠤ       ᠵᠠᠰᠠᠵᠤ ᠰᠠᠶᠢᠬᠠᠨ ᠪᠠᠶᠢᠷᠢᠯᠠᠭᠤᠯᠵᠤ         ᠠᠭᠠᠷᠤ ᠽᠠᠨᠳᠠᠨ ᠰᠢᠷᠡᠭᠡᠨ ᠳᠡᠭᠡᠷ᠎ᠡ         ᠠᠪᠴᠢᠷᠠᠵᠤ ᠵᠠᠯᠠᠵᠤ ᠲᠠᠯᠪᠢᠯ᠎ᠠ᠃     ᠠᠪᠤ ᠲᠡᠭᠡᠳᠤ ᠶᠢᠨ ᠶᠤᠰᠤ ᠪᠠᠶᠢᠨ᠎ᠠ         ᠠᠷᠢᠭᠤᠨ ᠮᠤᠩᠭᠤᠯ ᠤᠨ ᠵᠠᠩᠰᠢᠯ ᠪᠠᠶᠢᠨ᠎ᠠ         ᠠᠮᠪᠠᠨ ᠴᠠᠭᠠᠨ ᠢᠷᠭᠡ ᠪᠠᠶᠢᠨ᠎ᠠ         ᠠᠮᠠᠨ ᠰᠢᠷᠡᠭᠡᠨ ᠳᠤ ᠲᠡᠭᠡᠳᠦᠯᠡᠵᠤ ᠪᠠᠶᠢᠨ᠎ᠠ᠃       ᠲᠡᠭᠡᠳᠤ ᠲᠡᠭᠷᠢ ᠠᠴᠠ ᠵᠢᠶᠠᠭ᠎ᠠ ᠲᠠᠢ       ᠲᠡᠭᠰᠢ ᠵᠢᠷᠭᠠᠬᠤ ᠢᠷᠦᠭᠡᠯ ᠲᠠᠢ         ᠪᠤᠭᠤᠷᠤᠯ ᠨᠠᠰᠤᠳᠠᠨ ᠤ ᠦᠷᠦᠰᠢᠶᠡᠯ ᠲᠠᠢ       ᠪᠤᠶᠠᠨ ᠪᠡᠯᠭᠡ ᠶᠢᠨ ᠲᠠᠪᠢᠯᠭ᠎ᠠ ᠲᠠᠢ       ᠡᠷᠳᠡ ᠲᠡᠭᠡᠳᠤ ᠶᠢᠨ ᠢᠷᠦᠭᠡᠯ ᠢᠶᠠᠷ         ᠠᠳᠡ ᠴᠤᠭᠯᠠᠷᠠᠭᠰᠠᠨ ᠵᠤᠴᠢᠳ ᠳᠠᠭᠠᠨ       ᠡᠵᠡᠨ ᠴᠢᠩᠭᠢᠰ ᠤᠨ ᠵᠠᠩᠰᠢᠯ ᠢᠶᠠᠷ         ᠡᠷᠭᠦᠨ ᠲᠡᠪᠰᠢᠭᠦᠯᠵᠤ ᠲᠠᠯᠪᠢᠯ᠎ᠠ︕         ᠠᠯᠤᠰ ᠬᠤᠯᠠ ᠶᠢᠨ ᠵᠠᠮ ᠠᠴᠠ       ᠠᠶᠠᠯᠠᠵᠤ ᠢᠷᠡᠭᠰᠡᠨ ᠵᠤᠴᠢᠳ ᠳᠠᠭᠠᠨ     ᠪᠤᠯᠭᠤᠭᠰᠠᠨ ᠢᠳᠡᠭᠡᠨ ᠤ ᠲᠡᠭᠡᠵᠢ ᠪᠠᠨ       ᠪᠤᠯᠪᠠᠰᠤᠨ ᠶᠤᠰᠤ ᠪᠠᠷ ᠡᠷᠭᠦᠵᠤ ᠪᠠᠶᠢᠨ᠎ᠠ᠃       ᠰᠠᠷᠬᠤᠳ ᠤᠨ ᠰᠠᠶᠢᠨ ᠢ ᠠᠮᠰᠠᠵᠤ           ᠢᠳᠡᠭᠡᠨ ᠤ ᠲᠡᠭᠡᠵᠢ ᠶᠢ ᠵᠤᠭᠤᠭᠯᠠᠵᠤ           ᠬᠤᠨᠳᠠᠭ᠎ᠠ ᠲᠠᠯᠪᠢᠯ ᠦᠭᠡᠢ ᠤᠤᠭᠤᠵᠤ         ᠭᠢᠳᠤᠭ᠎ᠠ ᠲᠠᠯᠪᠢᠯ ᠦᠭᠡᠢ ᠢᠳᠡᠮᠦ︕        
 
ᠢᠷᠡᠯᠲᠡ᠄ ᠤᠩᠨᠢᠭᠤᠳ ᠬᠤᠰᠢᠭᠤᠨ ᠤ ᠠᠷᠠᠳ ᠤᠨ ᠵᠠᠰᠠᠭ ᠤᠨ ᠤᠷᠳᠤᠨ ᠤ ᠰᠦᠯᠵᠢᠶ᠎ᠠ
 
 
ᠬᠠᠮᠢᠶ᠎ᠠ ᠪᠥᠬᠦᠢ ᠰᠤᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备14003692号