ᠤᠩᠨᠢᠭᠤᠳ ᠪᠦᠰᠡᠭᠦᠶᠢᠴᠤᠳ ᠤᠨ ᠵᠠᠰᠠᠯ ᠵᠡᠮᠰᠡᠭ
ᠨᠡᠶᠢᠲᠡᠯᠡᠭᠰᠡᠨ ᠴᠠᠭ᠄
2016/4/7
           ᠤᠩᠨᠢᠭᠤᠳ ᠪᠦᠰᠡᠭᠦᠶᠢᠴᠤᠳ ᠤᠨ ᠵᠠᠰᠠᠯ ᠵᠡᠮᠰᠡᠭ                                                                                                                             ᠨᠠᠮᠲᠠᠶᠢᠰᠦ᠋ᠷᠥᠩ               ︵ᠨᠢᠭᠡ︶ ᠡᠭᠡᠮᠦᠭ — ᠡᠭᠡᠮᠦᠭ ᠪᠤᠯ ᠪᠦᠰᠡᠭᠦᠶᠢᠴᠤᠳ ᠤᠨ ᠴᠢᠭᠢᠨ ᠳᠡᠭᠡᠨ ᠵᠡᠭᠦᠳᠡᠭ ᠵᠠᠰᠠᠯ   ᠤᠨ ᠡᠳ᠋  ᠪᠤᠯᠤᠨ᠎ᠠ᠃ ᠡᠭᠡᠮᠦᠭ ᠲᠤ ᠮᠦᠩᠭᠦᠨ ᠡᠭᠡᠮᠦᠭ᠂ ᠤᠭ᠍ᠶᠤᠨ ᠡᠭᠡᠮᠦᠭ᠂ ᠰᠤᠪᠤᠳ ᠤᠨ ᠡᠭᠡᠮᠦᠭ᠂  ᠱᠢᠷᠦ ᠶᠢᠨ ᠡᠭᠡᠮᠦᠭ  ᠭᠡᠵᠤ ᠪᠠᠶᠢᠳᠠᠭ ᠪᠦᠭᠡᠳ ᠯᠤᠤ ᠶᠢᠨ ᠠᠮᠠ ᠲᠠᠢ ᠡᠭᠡᠮᠦᠭ᠂ ᠲᠦᠭᠦᠷᠢᠭ ᠡᠭᠡᠮᠦᠭ᠂   ᠰᠢᠭᠢᠳᠭᠡᠷᠢ ᠲᠠᠢ ᠡᠭᠡᠮᠦᠭ ᠭᠡᠵᠤ  ᠪᠠᠶᠢᠳᠠᠭ᠃                 ︵ᠬᠤᠶᠠᠷ︶ ᠰᠦᠢᠭᠡ — ᠰᠦᠢᠭᠡ ᠭᠡᠵᠤ ᠡᠭᠡᠮᠦᠭ ᠤᠨ ᠳᠤᠤᠷ᠎ᠠ ᠲᠠᠯ᠎ᠠ ᠳᠤ ᠡᠯᠭᠦᠵᠤ   ᠵᠡᠭᠦᠳᠡᠭ ᠱᠢᠷᠦ  ᠤᠭ᠍ᠶᠤ ᠪᠠᠷ ᠭᠡᠯᠭᠢᠵᠤ ᠭᠢᠭᠰᠡᠨ ᠡᠳ᠋ᠯᠡᠯ ᠢ ᠭᠡᠯᠡᠨ᠎ᠡ᠃ ᠤᠩᠨᠢᠭᠤᠳ ᠪᠦᠰᠡᠭᠦᠶᠢᠴᠤᠳ   ᠴᠢᠭᠢᠨ ᠳᠡᠭᠡᠨ ᠱᠢᠷᠦᠨ ᠰᠦᠢᠭᠡ᠂  ᠪᠦᠮᠪᠦᠷᠢᠭᠡᠨ ᠰᠦᠢᠭᠡ᠂ ᠠᠯᠳᠠᠨ ᠬᠠᠮᠠᠬᠠᠭᠠᠰᠤᠳᠤ ᠮᠦᠩᠭᠦᠨ   ᠰᠦᠢᠭᠡ ᠭᠡᠵᠤ ᠪᠠᠶᠢᠳᠠᠭ ᠪᠦᠭᠡᠳ ᠴᠢᠭᠢ ᠪᠦᠷᠢ ᠲᠡᠭᠡᠨ2  —3 ᠰᠦᠢᠭᠡ ᠵᠡᠭᠦᠳᠡᠭ ᠶᠤᠮ᠃           ︵ᠭᠤᠷᠪᠠ︶ ᠲᠤᠯᠤᠭᠠᠢ ᠶᠢᠨ ᠬᠠᠳᠬᠤᠭᠤᠷ — ᠪᠦᠰᠡᠭᠦᠶᠢᠴᠤᠳ ᠤᠨ ᠲᠤᠯᠤᠭᠠᠢ ᠶᠢᠨ ᠬᠠᠳᠬᠤᠭᠤᠷ   ᠨᠢ  ᠱᠢᠷᠦ ᠤᠭ᠍ᠶᠤ ᠶᠢᠨ ᠰᠢᠭᠢᠳᠭᠡᠷᠢ ᠲᠠᠢ᠂ ᠦᠷᠭᠡᠨ ᠨᠠᠷᠢᠨ ᠨᠢ ᠢᠯᠭᠠᠭ᠎ᠠ ᠲᠠᠢ ᠮᠦᠷᠳᠡᠭᠡᠨ ᠭᠤᠷᠪᠠᠨ   ᠬᠠᠳᠬᠤᠭᠤᠷ ᠪᠤᠶᠤ  ᠲᠠᠪᠤᠨ ᠬᠠᠳᠬᠤᠭᠤᠷ ᠭᠡᠵᠤ ᠪᠠᠶᠢᠳᠠᠭ᠃ ᠦᠷᠭᠡᠨ ᠬᠠᠳᠬᠤᠭᠤᠷ ᠨᠢ ᠭᠤᠤᠯ ᠳᠤᠮᠳᠠ   ᠪᠠᠨ ᠪᠦᠳᠦᠭᠦᠨ ᠰᠢᠭ ᠤᠯᠠᠭᠠᠨ  ᠱᠢᠷᠦ ᠲᠠᠢ᠂ ᠬᠤᠶᠠᠷ ᠲᠠᠯ᠎ᠠ ᠳᠤᠨᠢ ᠪᠠᠭ᠎ᠠ ᠰᠢᠭ ᠤᠯᠠᠭᠠᠨ ᠱᠢᠷᠦ ᠰᠢᠭᠢᠳᠭᠡᠵᠤ᠂   ᠱᠢᠷᠦᠨ ᠭᠦᠪᠡᠭᠡ ᠪᠠᠷ ᠨᠢ  ᠲᠤᠭᠤᠷᠢᠭᠤᠯᠤᠭᠠᠳ ᠨᠤᠭᠤᠭᠠᠨ ᠦᠩᠭᠡ ᠶᠢᠨ ᠵᠢᠵᠢᠭ ᠤᠭ᠍ᠶᠤ ᠰᠢᠭᠢᠳᠭᠡᠵᠤ ᠪᠠᠶᠢᠳᠠᠭ᠃   ᠵᠠᠷᠢᠮ ᠤᠨ ᠬᠢᠨ ᠭᠠᠳᠠᠭᠤᠷ   ᠨᠢ ᠲᠤᠭᠤᠷᠢᠭᠤᠯᠤᠭᠠᠳ ᠬᠤᠸᠠᠷ ᠴᠡᠴᠡᠭ ᠤᠨ ᠰᠡᠶᠢᠯᠤᠮᠡᠯ ᠲᠠᠢ ᠪᠠᠶᠢᠳᠠᠭ᠃ ᠨᠠᠷᠢᠨ   ᠬᠠᠳᠬᠤᠭᠤᠷ ᠨᠢ ᠦᠷᠭᠡᠨ  ᠬᠠᠳᠬᠤᠭᠤᠷ ᠲᠠᠢ ᠪᠠᠨ ᠲᠦᠰᠦᠭᠡ ᠲᠠᠢ ᠪᠤᠯᠪᠠᠴᠤ ᠪᠠᠭ᠋ᠠᠨ ᠨᠠᠷᠢᠬᠠᠨ ᠰᠢᠭ ᠶᠤᠮ᠃   ᠲᠠᠪᠤᠨ ᠬᠠᠳᠬᠤᠭᠤᠷ ᠪᠤᠯ ᠨᠢᠭᠡ  ᠲᠠᠮ ᠬᠠᠳᠬᠤᠭᠤᠷ᠂ ᠬᠤᠶᠠᠷ ᠠᠷᠠᠯ ᠤᠨ ᠬᠠᠳᠬᠤᠭᠤᠷ᠂ ᠬᠤᠶᠠᠷ ᠲᠤᠯᠤᠭᠠᠰᠤ  ᠪᠠᠷ   ᠪᠦᠷᠢᠯᠳᠦᠳᠡᠭ᠃             ︵ᠲᠦᠷᠪᠡ︶ ᠳᠠᠳᠠᠯᠭ᠎ᠠ — ᠳᠠᠳᠠᠯᠭ᠎ᠠ ᠪᠤᠯ ᠭᠤᠷᠪᠠᠨ ᠨᠤᠭᠤᠭᠠᠨ ᠲᠦᠷᠪᠡᠯᠵᠢᠨ ᠤᠭ᠍ᠶᠤᠨ ᠫᠠᠶᠢᠰᠠ ᠲᠠᠢ᠂    ᠳᠤᠮᠳᠠᠭᠢ ᠨᠢ ᠬᠤᠶᠠᠷ ᠲᠠᠯ᠎ᠠ ᠶᠢᠨ ᠬᠢ ᠠᠴᠠ ᠪᠠᠨ ᠶᠡᠭᠡ ᠰᠢᠭ ᠪᠠᠶᠢᠳᠠᠭ ᠨᠢᠭᠡᠨ ᠵᠦᠢᠯ ᠤᠨ ᠡᠭᠡᠨᠠᠷ ᠭᠦᠮᠦᠨ ᠤ    ᠲᠤᠯᠤᠭᠠᠢ ᠶᠢᠨ ᠵᠠᠰᠠᠯ ᠤᠨ ᠡᠳ᠋ ᠪᠤᠯᠤᠨ᠎ᠠ᠃  ᠳᠠᠳᠠᠯᠭ᠎ᠠ ᠨᠢ ᠱᠢᠷᠦ᠂ ᠤᠯᠠᠭᠠᠨ ᠦᠩᠭᠡ ᠶᠢᠨ ᠱᠢᠷᠦᠨ ᠳᠡᠪᠢᠰᠭᠡᠷ᠂  ᠤᠭ᠍ᠶᠤᠨ ᠫᠠᠶᠢᠰᠠ᠂ ᠠᠯᠳᠠᠨ ᠫᠠᠶᠢᠰᠠ   ᠪᠠᠷ ᠪᠦᠷᠢᠯᠳᠦᠳᠡᠭ᠃ ᠵᠠᠷᠢᠮ ᠨᠢ ᠭᠤᠷᠪᠠᠨ ᠫᠠᠶᠢᠰᠠ ᠶᠢ ᠪᠦᠷ ᠠᠯᠳᠠ ᠪᠠᠷ  ᠦᠩᠭᠡᠯᠡᠨ ᠪᠤᠯᠬᠠᠭᠰᠠᠨ ᠴᠤ   ᠪᠠᠶᠢᠳᠠᠭ ᠶᠤᠮ᠃               ︵ᠲᠠᠪᠤ︶ ᠲᠤᠯᠭᠠᠭᠤᠷᠢ — ᠲᠤᠯᠭᠠᠭᠤᠷᠢ ᠭᠡᠳᠡᠭ ᠪᠤᠯ ᠪᠦᠳᠦᠭᠦᠨ ᠤᠯᠠᠭᠠᠨ ᠰᠢᠭᠢᠳᠭᠡᠷᠢ ᠲᠠᠢ ᠮᠦᠩᠭᠦ ᠪᠠᠷ  ᠭᠢᠭᠰᠡᠨ   ᠬᠤᠸᠠᠷ ᠴᠡᠴᠡᠭ ᠤᠨ ᠰᠡᠶᠢᠯᠦᠮᠡᠯ ᠲᠠᠢ ᠭᠡᠵᠢᠭᠡ ᠶᠢ ᠠᠷᠤ ᠲᠠᠯ᠎ᠠ ᠠᠴᠠ ᠨᠢ ᠪᠤᠰᠬᠠᠬᠤ ᠳᠤ ᠭᠡᠷᠡᠭᠯᠡᠳᠡᠭ ᠡᠳ᠋ᠯᠡᠯ    ᠪᠤᠯᠤᠨ᠎ᠠ᠃ ᠶᠡᠷᠦᠳᠡᠭᠡᠨ ᠬᠤᠶᠠᠷ ᠲᠤᠯᠭᠠᠭᠤᠷᠢ ᠭᠡᠷᠡᠭᠯᠡᠳᠡᠭ᠃           ︵ᠵᠢᠷᠭᠤᠭ᠎ᠠ︶ ᠭᠡᠵᠢᠭᠡᠨ ᠬᠤᠯᠪᠤᠭ᠎ᠠ — ᠭᠡᠵᠢᠭᠡᠨ ᠬᠤᠯᠪᠤᠭ᠎ᠠ ᠭᠡᠵᠤ ᠮᠦᠩᠭᠦ ᠪᠠᠷ ᠤᠷᠠᠯᠠᠨ ᠭᠢᠵᠤ᠂    ᠳᠤᠮᠳᠠ ᠨᠢ ᠳᠤᠮᠤ ᠤᠯᠠᠭᠠᠨ ᠱᠢᠷᠦᠨ ᠰᠢᠭᠢᠳᠭᠡᠷᠢ ᠲᠠᠢ ᠤᠷᠳᠤ ᠲᠦᠷᠪᠡᠯᠵᠢᠨ ᠡᠳ᠋ᠯᠡᠯ ᠢ ᠭᠡᠯᠡᠳᠡᠭ᠃ ᠭᠡᠵᠢᠭᠡᠨ    ᠬᠤᠯᠪᠤᠭ᠎ᠠ ᠶᠢ ᠬᠤᠶᠠᠷ ᠭᠡᠵᠢᠭᠡ ᠶᠢ ᠬᠤᠯᠪᠤᠬᠤ ᠳᠤ ᠭᠡᠷᠡᠭᠯᠡᠳᠡᠭ᠃       ︵ᠲᠤᠯᠤ︶ ᠱᠠᠭᠠᠮᠠᠯ — ᠱᠠᠭᠠᠮᠠᠯ ᠪᠤᠯ ᠤᠭ ᠪᠤᠭᠤᠬᠤ ᠳᠤ ᠭᠡᠷᠡᠭᠯᠡᠳᠡᠭ ᠬᠤᠶᠠᠷ ᠪᠠᠭᠴᠠ ᠰᠤᠯᠠ ᠭᠡᠵᠢᠭᠡ    ᠪᠤᠯᠤᠨ᠎ᠠ᠃ ᠡᠨᠡ ᠨᠢ ᠪᠤᠭᠤᠬᠤ ᠭᠡᠵᠢᠭᠡ ᠶᠢ ᠪᠦᠳᠦᠭᠦᠨ ᠡᠪᠯᠢᠭ ᠪᠤᠯᠭᠠᠬᠤ ᠭᠡᠷᠡᠭᠴᠡᠭᠡ ᠲᠠᠢ᠃           ︵ᠨᠠᠢᠮᠠ︶ ᠦᠰᠦᠨ ᠲᠦᠩᠰᠡ — ᠦᠰᠦᠨ ᠲᠦᠩᠰᠡ ᠪᠤᠯ ᠮᠦᠩᠭᠦ ᠪᠠᠷ ᠭᠢᠵᠤ᠂ ᠭᠠᠳᠠᠭᠤᠷ ᠨᠢ ᠱᠢᠷᠦ    ᠪᠠᠷ  ᠤᠷᠢᠶᠠᠭᠰᠠᠨ ᠭᠦᠨᠳᠡᠢ ᠬᠤᠭᠤᠯᠠᠢ ᠪᠤᠯᠤᠨ᠎ᠠ᠃ ᠡᠨᠡ ᠨᠢ ᠪᠤᠭᠤᠬᠤ ᠤᠭ ᠤᠨ ᠲᠤᠯᠤᠭᠠᠢ ᠶᠢ ᠪᠤᠰᠬᠠᠬᠤ ᠦᠢᠯᠡᠳᠦᠯ     ᠲᠠᠢ᠃             ︵ᠶᠢᠰᠦ︶ ᠤᠨᠵᠢᠯᠭ᠎ᠠ — ᠤᠨᠵᠢᠯᠭ᠎ᠠ ᠪᠤᠯ ᠲᠤᠯᠤᠭᠠᠢ ᠳᠡᠭᠡᠷᠡᠭᠢ ᠤᠭ᠍ᠶᠤᠨ ᠫᠠᠶᠢᠰᠠ ᠠᠴᠠ ᠭᠡᠳᠦᠨ ᠭᠡᠯᠭᠢᠶ᠎ᠡ    ᠱᠢᠷᠦ ᠳᠡᠭᠦᠵᠢᠯᠡᠭᠰᠡᠨ ᠵᠠᠰᠠᠯ ᠤᠨ ᠡᠳ᠋ ᠪᠤᠯᠤᠨ᠎ᠠ᠃             ︵ᠠᠷᠪᠠ︶ ᠳ᠋ᠢᠩᠭᠠᠯ ᠰᠢᠪᠡᠭᠡ — ᠳ᠋ᠢᠩᠭᠠᠯ ᠰᠢᠪᠡᠭᠡ ᠪᠤᠯ ᠤᠨᠵᠢᠯᠭ᠎ᠠ ᠵᠡᠭᠦᠭᠦ ᠳᠤ ᠭᠡᠷᠡᠭᠯᠡᠳᠡᠭ ᠡᠳ᠋   ᠪᠤᠯᠤᠨ᠎ᠠ  ᠃ ᠳ᠋ᠢᠩᠭᠠᠯ ᠭᠡᠳᠡᠭ ᠨᠢ ᠮᠦᠩᠭᠦ ᠪᠠᠷ ᠭᠢᠭᠰᠡᠨ ᠯᠤᠤ ᠭᠠᠷᠤᠳᠢ ᠶᠢᠨ ᠠᠮᠠ ᠲᠠᠢ ᠨᠠᠷᠢᠨ   ᠬᠠᠳᠬᠤᠭᠤᠷ ᠰᠢᠭ ᠤᠷᠳᠤ  ᠱᠢᠷᠦ ᠰᠢᠭᠢᠳᠭᠡᠭᠰᠡᠨ ᠪᠤᠶᠤ ᠳᠠᠪᠳᠠᠮᠠᠯ ᠬᠤᠸᠠᠷ ᠲᠠᠢ ᠤᠨᠵᠢᠯᠭ᠎ᠠ ᠳᠡᠭᠦᠵᠢᠯᠡᠭᠦ   ᠨᠦᠭᠡ ᠲᠠᠢ ᠡᠳ᠋ᠯᠡᠯ ᠪᠤᠯᠤᠨ᠎ᠠ᠃  ᠰᠢᠪᠡᠭᠡ ᠨᠢ ᠪᠦᠳᠦᠭᠦᠨ ᠤᠯᠠᠭᠠᠨ ᠱᠢᠷᠦ ᠪᠤᠶᠤ ᠬᠤᠪᠠᠨ ᠲᠤᠯᠤᠭᠠᠢ ᠲᠠᠢ   ᠰᠦᠭᠦᠮ ᠰᠢᠬᠠᠮ ᠤᠷᠳᠤ ᠮᠦᠩᠭᠦ ᠪᠠᠷ  ᠭᠢᠭᠰᠡᠨ ᠡᠳ᠋ᠯᠡᠯ ᠪᠤᠯᠤᠨ᠎ᠠ᠃       ︵ᠠᠷᠪᠠᠨ ᠨᠢᠭᠡ︶ ᠲᠡᠪᠠ — ᠲᠠᠪᠠ ᠭᠡᠳᠡᠭ ᠪᠤᠯ ᠤᠯᠠᠭᠠᠨ ᠲᠤᠷᠭᠠᠨ ᠳᠡᠪᠢᠰᠭᠡᠷ ᠳᠡᠭᠡᠷ᠎ᠡ ᠪᠦᠳᠦᠭᠦᠨ    ᠤᠯᠠᠭᠠᠨ ᠱᠢᠷᠦ ᠶᠢ ᠳᠠᠭᠠᠷᠠᠭᠤᠯᠵᠤ ᠭᠢᠭᠰᠡᠨ ᠳᠠᠳᠠᠯᠭ᠎ᠠ ᠶᠢᠨ ᠳᠡᠭᠡᠭᠦᠷ ᠢᠷᠮᠡᠳᠡᠭᠦᠯᠦᠨ ᠳᠠᠳᠠᠳᠠᠭ ᠵᠠᠰᠠᠯ ᠤᠨ   ᠡᠳ᠋  ᠪᠤᠯᠤᠨ᠎ᠠ᠃             ︵ᠠᠷᠪᠠᠨ ᠬᠤᠶᠠᠷ︶ ᠪᠤᠭᠤᠯᠳᠠ᠂ ᠬᠠᠪᠠᠯᠭ᠎ᠠ᠂ ᠳᠤᠤᠷ᠂ ᠬᠤᠸᠠᠷ — ᠤᠩᠨᠢᠭᠤᠳ ᠪᠦᠰᠡᠭᠦᠶᠢᠴᠤᠳ ᠤᠭ    ᠪᠤᠭᠤᠬᠤ ᠳᠠᠭᠠᠨ ᠪᠠᠰᠠ ᠭᠡᠵᠢᠭᠡ ᠶᠢᠨ ᠪᠤᠭᠤᠯᠳᠠ᠂ ᠬᠠᠪᠠᠯᠭ᠎ᠠ᠂ ᠳᠤᠤᠷ᠂ ᠬᠤᠸᠠᠷ ᠵᠡᠷᠭᠡ ᠶᠢ ᠵᠠᠷᠤᠵᠤ ᠭᠤᠶᠤᠯᠠᠨ᠂    ᠳᠡᠭᠡᠭᠦᠷ ᠨᠢ ᠦᠩᠭᠡ ᠢᠯᠭᠠᠷᠠᠭᠰᠠᠨ ᠤᠯᠠᠭᠠᠨ ᠨᠤᠭᠤᠭᠠᠨ ᠲᠤᠷᠭᠠᠨ ᠠᠯᠴᠢᠭᠤᠷ ᠵᠡᠭᠦᠳᠡᠭ ᠶᠤᠮ᠃             ︵ᠠᠷᠪᠠᠨ ᠭᠤᠷᠪᠠ︶ ᠪᠠᠭᠤᠪᠴᠢ ᠪᠠ ᠪᠦᠭᠡᠵᠢ — ᠤᠩᠨᠢᠭᠤᠳ ᠪᠦᠰᠡᠭᠦᠶᠢᠴᠤᠳ ᠯᠤᠤ ᠭᠠᠷᠤᠳᠢ᠂ ᠴᠡᠴᠡᠭ    ᠬᠤᠸᠠᠷ ᠤᠨ ᠰᠡᠶᠢᠯᠦᠮᠡᠯ ᠲᠠᠢ ᠠᠯᠳᠠ᠂ ᠮᠦᠩᠭᠦ᠂ ᠵᠢᠰ᠂ ᠭᠠᠤᠯᠢ ᠶᠢᠨ ᠪᠠᠭᠤᠪᠴᠢ ᠪᠠ ᠬᠠᠰ ᠪᠠᠭᠤᠪᠴᠢ ᠵᠡᠭᠦᠳᠡᠭ᠃    ᠠᠯᠳᠠ᠂ ᠮᠦᠩᠭᠦ᠂ ᠵᠢᠰ᠂ ᠭᠠᠤᠯᠢ ᠶᠢᠨ ᠪᠠᠭᠤᠪᠴᠢ ᠶᠢ ᠠᠮᠠ ᠲᠠᠢ ᠪᠠ ᠠᠮᠠ ᠦᠭᠡᠢ ᠭᠡᠵᠤ ᠬᠤᠪᠢᠶᠠᠳᠠᠭ᠃ ᠪᠦᠭᠡᠵᠢ     ᠶᠢ ᠨᠢ ᠴᠤᠯᠤ ᠠᠯᠳᠠ ᠮᠦᠩᠭᠦ ᠪᠠᠷ ᠳᠠᠪᠳᠠᠵᠤ ᠭᠢᠵᠤ᠂ ᠠᠯᠳᠠ ᠮᠦᠩᠭᠦᠨ ᠤ ᠪᠠᠨ ᠳᠡᠭᠡᠷ᠎ᠡ ᠨᠢ ᠱᠢᠷᠦ᠂ ᠤᠭ᠍ᠶᠤ   ᠵᠡᠷᠭᠡ   ᠶᠢ ᠰᠢᠭᠢᠳᠭᠡᠵᠤ ᠳᠠᠪᠳᠠᠭᠰᠠᠨ ᠴᠤ ᠪᠠᠶᠢᠳᠠᠭ᠃               ︵ᠠᠷᠪᠠᠨ ᠲᠦᠷᠪᠡ︶ ᠳᠠᠮᠠᠭᠢᠨ ᠬᠠᠪᠳᠠᠭ᠎ᠠ — ᠤᠩᠨᠢᠭᠤᠳ ᠪᠦᠰᠡᠭᠦᠶᠢᠴᠤᠳ ᠨᠢ ᠪᠤᠰᠡᠲᠠᠶᠢᠴᠤᠳ ᠲᠠᠢ    ᠠᠳᠠᠯᠢ ᠳᠠᠮᠠᠭᠢ ᠳᠠᠳᠠᠵᠤ ᠳᠠᠮᠠᠭᠢᠨ ᠬᠠᠪᠳᠠᠭ᠎ᠠ ᠭᠡᠷᠡᠭᠯᠡᠳᠡᠭ᠃ ᠪᠦᠰᠡᠭᠦᠶᠢᠴᠤᠳ ᠤᠨ ᠳᠠᠮᠠᠭᠢᠨ ᠬᠠᠪᠳᠠᠭ᠎ᠠ ᠶᠢᠨ    ᠨᠠᠪᠴᠢᠯᠭ᠎ᠠ ᠶᠢ ᠬᠠᠪᠳᠠᠭ᠎ᠠ ᠶᠢᠨ ᠠᠮᠰᠠᠷ ᠤᠨ ᠳᠤᠤᠷ᠎ᠠ ᠲᠠᠯ᠎ᠠ ᠳᠤ ᠬᠠᠳᠠᠳᠠᠭ᠃ ᠪᠦᠰᠡᠭᠦᠶᠢᠴᠤᠳ ᠤᠨ ᠳᠠᠮᠠᠭᠢᠨ    ᠬᠠᠪᠳᠠᠭ᠎ᠠ ᠶᠢᠨ ᠬᠤᠸᠠᠷ ᠤᠨ ᠭᠡ ᠤᠭᠠᠯᠵᠠ ᠶᠢ ᠭᠡᠷᠡᠭᠯᠡᠭᠦ ᠭᠦᠮᠦᠨ ᠳᠤᠨᠢ ᠳᠤᠭᠢᠷᠠᠭᠤᠯᠵᠤ ᠡᠪᠯᠢᠭ ᠰᠠᠶᠢᠬᠠᠨ ᠵᠢᠷᠤᠵᠤ    ᠬᠠᠳᠬᠤᠮᠠᠯ ᠬᠠᠳᠬᠤᠳᠠᠭ᠃ ᠪᠦᠰᠡᠭᠦᠶᠢᠴᠤᠳ ᠳᠠᠮᠠᠭᠢᠨ ᠬᠠᠪᠳᠠᠭ᠎ᠠ ᠪᠠᠨ ᠡᠪᠦᠷ ᠳᠤᠳᠤᠷ᠎ᠠ ᠪᠠᠨ ᠡᠪᠤᠷᠯᠡᠵᠤ ᠶᠠᠪᠤᠳᠠᠭ᠃       ︵ᠠᠷᠪᠠᠨ ᠲᠠᠪᠤ︶ ᠭᠠᠩᠰᠠ — ᠪᠦᠰᠡᠭᠦᠶᠢᠴᠤᠳ ᠤᠨ ᠭᠡᠷᠡᠭᠯᠡᠳᠡᠭ ᠳᠠᠮᠠᠭᠢᠨ ᠭᠠᠩᠰᠠ ᠨᠢ ᠪᠤᠰᠡᠲᠠᠢ ᠭᠦᠮᠦᠨ     ᠤ ᠳᠠᠮᠠᠭᠢᠨ ᠭᠠᠩᠰᠠ ᠲᠠᠢ ᠭᠢᠭᠰᠡᠨ ᠡᠳ᠋ ᠢᠶᠠᠷ ᠠᠳᠠᠯᠢ ᠪᠤᠯᠪᠠᠴᠤ ᠪᠦᠰᠡᠲᠠᠢ ᠭᠦᠮᠦᠨ ᠤ ᠬᠢ ᠠᠴᠠ ᠨᠠᠷᠢᠬᠠᠨ᠂ ᠪᠤᠭᠤᠨᠢ    ᠪᠠᠶᠢᠳᠠᠭ᠃ ᠪᠦᠰᠡᠭᠦᠶᠢᠴᠤᠳ ᠳᠠᠮᠠᠭᠢᠨ ᠭᠠᠩᠰᠠ ᠪᠠᠨ ᠤᠯᠠᠩᠭᠢ ᠳᠠᠭᠠᠨ ᠭᠠᠷ ᠲᠠᠭᠠᠨ ᠠᠳᠬᠤᠵᠤ ᠶᠠᠪᠤᠬᠤ ᠪᠤᠶᠤ    ᠡᠪᠤᠷᠯᠡᠵᠤ ᠶᠠᠪᠤᠳᠠᠭ᠃           ︵ᠠᠷᠪᠠᠨ ᠵᠢᠷᠭᠤᠭ᠎ᠠ︶ ᠵᠠᠭᠠᠷ ᠤᠨ ᠬᠠᠪᠳᠠᠭ᠎ᠠ ᠪᠠ ᠵᠡᠭᠦᠪᠴᠢ — ᠵᠠᠭᠠᠷ ᠤᠨ ᠬᠠᠪᠳᠠᠭ᠎ᠠ ᠶᠢ ᠤᠩᠨᠢᠭᠤᠳ    ᠮᠤᠩᠭᠤᠯᠴᠤᠳ ᠪᠦᠭᠡᠷᠡᠨ ᠬᠠᠪᠳᠠᠭ᠎ᠠ ᠭᠡᠵᠤ ᠭᠡᠯᠡᠳᠡᠭ᠃ ᠵᠠᠭᠠᠷ ᠤᠨ ᠬᠠᠪᠳᠠᠭ᠎ᠠ ᠳᠤ ᠦᠨᠦᠷᠳᠦ ᠡᠪᠡᠰᠦ ᠭᠢᠵᠤ ᠡᠩᠭᠡᠷ     ᠤᠨ ᠲᠤᠪᠴᠢ ᠠᠴᠠ ᠪᠠᠨ ᠵᠡᠭᠦᠵᠤ ᠡᠪᠤᠷᠯᠳᠡᠭ᠃ ᠵᠡᠭᠦᠪᠴᠢ ᠪᠤᠯ ᠵᠡᠭᠦᠦ ᠤᠳᠠᠰᠤ ᠭᠢᠭᠦ ᠳᠤ ᠵᠤᠷᠢᠭᠤᠯᠤᠭᠰᠠᠨ ᠪᠢᠴᠢᠬᠠᠨ    ᠪᠤᠭᠴᠤ ᠪᠤᠯᠤᠨ᠎ᠠ᠃ ᠵᠡᠭᠦᠪᠴᠢ ᠶᠢ ᠪᠠᠰᠠ ᠡᠩᠭᠡᠷ ᠤ ᠲᠤᠪᠴᠢ ᠠᠴᠠ ᠪᠠᠨ ᠡᠯᠭᠦᠵᠤ ᠡᠪᠤᠷᠯᠡᠵᠤ ᠶᠠᠪᠤᠳᠠᠭ᠃           ︵ᠠᠷᠪᠠᠨ ᠲᠤᠯᠤ︶ ᠳᠡᠭᠦᠷᠡᠭᠦ ᠪᠢᠴᠢᠬᠠᠨ ᠪᠤᠭᠴᠤ — ᠵᠠᠯᠠᠭᠤ ᠪᠦᠰᠡᠭᠦᠶᠢᠴᠤᠳ ᠶᠠᠩᠵᠤ ᠪᠦᠷᠢ ᠶᠢᠨ    ᠪᠢᠴᠢᠬᠠᠨ ᠪᠤᠭᠴᠤ ᠶᠢ ᠤᠷᠠᠯᠠᠨ ᠤᠶᠤᠵᠤ ᠳᠤᠳᠤᠷ᠎ᠠ ᠨᠢ ᠵᠤᠭᠤᠰ ᠮᠦᠩᠭᠦ ᠪᠤᠶᠤ ᠭᠠᠷ ᠦᠵᠦᠭᠦᠷ ᠵᠠᠷᠤᠬᠤ   ᠶᠠᠭᠤᠮ᠎ᠠ  ᠬᠤᠮ᠎ᠠ ᠪᠠᠨ ᠰᠠᠪᠠᠯᠠᠵᠤ᠂ ᠳᠤᠬᠤᠶᠢᠯᠠᠬᠤ ᠪᠤᠶᠤ ᠮᠦᠷᠦᠪᠴᠢᠯᠡᠵᠤ ᠳᠡᠭᠦᠷᠢᠵᠤ ᠶᠠᠪᠤᠳᠠᠭ᠃  
 
ᠢᠷᠡᠯᠲᠡ᠄ ᠲᠤᠳᠤᠷᠬᠠᠢ ᠦᠭᠡᠢ
 
 
ᠬᠠᠮᠢᠶ᠎ᠠ ᠪᠥᠬᠦᠢ ᠰᠤᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备14003692号