ᠤᠩᠨᠢᠭᠤᠳ ᠮᠤᠩᠭᠤᠯᠴᠤᠳ ᠤᠨ ᠨᠤᠳᠤᠭ ᠤᠨ ᠠᠷᠭ᠎ᠠ ᠪᠠᠷ ᠴᠠᠭ ᠠᠭᠤᠷ ᠢ ᠰᠢᠨᠵᠢᠭᠦ
ᠨᠡᠶᠢᠲᠡᠯᠡᠭᠰᠡᠨ ᠴᠠᠭ᠄
2016/4/7
     ᠤᠩᠨᠢᠭᠤᠳ ᠮᠤᠩᠭᠤᠯᠴᠤᠳ ᠤᠨ ᠨᠤᠳᠤᠭ ᠤᠨ ᠠᠷᠭ᠎ᠠ ᠪᠠᠷ ᠴᠠᠭ ᠠᠭᠤᠷ ᠢ ᠰᠢᠨᠵᠢᠭᠦ                                                              — — ᠨ᠊᠂ ᠰᠡᠷᠬᠦᠯᠡᠩ                 ᠣᠩᠨᠢᠭᠤᠳ ᠮᠣᠩᠭᠤᠯᠴᠣᠳ ᠣᠷᠳᠣ ᠬᠤᠭᠤᠴᠠᠭᠠᠨ ᠤ ᠠᠮᠢᠳᠣᠷᠠᠯ ᠳᠡᠮᠡᠴᠡᠯ ᠤᠨ ᠳᠣᠮᠳᠠ ᠪᠠᠨ  ᠳᠣᠷᠰᠢᠯᠭ᠎ᠠ ᠬᠤᠷᠠᠮᠳᠣᠭᠤᠯᠵᠥ ᠠᠷᠢᠶᠠᠳᠠᠨ ᠠᠮᠢᠳᠠᠨ ᠤ ᠪᠠᠶᠢᠳᠠᠯ ᠢᠶᠠᠷ ᠴᠠᠭ ᠠᠭᠤᠷ  ᠳᠥᠰᠣᠭᠡᠯᠡᠬᠦ᠂ ᠵᠢᠬᠦᠷᠳᠡᠨ ᠰᠢᠪᠠᠭᠤᠨ ᠤ ᠪᠠᠶᠢᠳᠠᠯ ᠢᠶᠠᠷ ᠴᠠᠭ ᠠᠭᠤᠷ ᠳᠥᠰᠣᠭᠡᠯᠡᠬᠦ᠂  ᠡᠪᠡᠰᠣ ᠣᠷᠭᠤᠮᠠᠯ ᠤᠨ ᠪᠠᠶᠢᠳᠠᠯ ᠢᠶᠠᠷ ᠴᠠᠭ ᠠᠭᠤᠷ ᠳᠥᠰᠣᠭᠡᠯᠡᠬᠦ᠂ ᠪᠠᠶᠢᠭᠠᠯᠢ ᠶᠢᠨ ᠶᠠᠭᠤᠮ᠎ᠠ  ᠥᠵᠡᠭᠳᠡᠯ ᠤᠨ ᠪᠠᠶᠢᠳᠠᠯ ᠢᠶᠠᠷ ᠴᠠᠭ ᠠᠭᠤᠷ ᠢ ᠳᠥᠰᠥᠭᠡᠯᠡᠬᠦ ᠁ ᠵᠡᠷᠭᠡ ᠪᠠᠷ ᠴᠠᠭ ᠠᠭᠤᠷ ᠤᠨ  ᠪᠠᠶᠢᠳᠠᠯ ᠢ ᠣᠶᠢᠯᠠᠭᠠᠵᠥ ᠥᠪᠡᠷ ᠤᠨ ᠡᠳᠣᠷ ᠳᠣᠳᠣᠮ ᠤᠨ ᠠᠵᠢᠯ ᠢᠶᠠᠨ ᠳᠣᠬᠢᠷᠠᠭᠤᠯᠣᠨ  ᠬᠢᠭᠰᠡᠭᠡᠷ ᠢᠷᠡᠭᠰᠡᠨ ᠳᠡᠥᠭᠡ ᠲᠠᠢ ᠪᠢᠯᠨ︕             ᠨᠢᠭᠡ᠂ ᠮᠠᠯ ᠠᠳᠣᠭᠤᠰᠣᠨ ᠤ ᠪᠠᠶᠢᠳᠠᠯ ᠢᠶᠠᠷ ᠴᠠᠭ ᠠᠭᠤᠷ ᠢ ᠰᠢᠨᠵᠢᠬᠦ           1. ᠥᠬᠡᠷ ᠪᠡᠯᠴᠢᠭᠡᠷ ᠲᠤ ᠭᠠᠷᠬᠤ ᠠᠴᠠ ᠡᠮᠥᠨ᠎ᠡ ᠶᠡᠭᠡ ᠮᠥᠭᠡᠷᠣᠯᠳᠣᠪᠡᠯ ᠰᠢᠭᠤᠷᠭ᠎ᠠ  ᠰᠢᠭᠤᠷᠬᠤ ᠪᠤᠶᠣ ᠬᠥᠢᠳᠡᠷᠡᠨ᠎ᠡ᠃       2. ᠠᠳᠣᠭᠤ ᠥᠭᠡᠷ ᠤᠨ ᠥᠰᠣ ᠪᠤᠷᠵᠠᠶᠢᠵᠥ᠂ ᠶᠠᠪᠤᠵᠥ ᠢᠳᠡᠰᠢᠯᠡᠬᠦ ᠳᠣᠷ᠎ᠠ ᠦᠭᠡᠢ ᠪᠠᠶᠢᠪᠠᠯ  ᠬᠥᠢᠳᠡᠷᠡᠨ᠎ᠡ᠃             3. ᠬᠤᠨᠢ ᠢᠮᠠᠭ᠎ᠠ ᠶᠡᠭᠡ ᠪᠠᠷ ᠮᠠᠶᠢᠯᠠᠯᠳᠣᠪᠠᠯ ᠶᠡᠭᠡ ᠵᠣᠳ ᠪᠤᠯᠤᠨ᠎ᠠ᠃         4. ᠬᠤᠨᠢ ᠥᠬᠡᠷ ᠡᠩ ᠤᠨ ᠪᠠᠶᠢᠳᠠᠯ ᠠᠴᠠ ᠪᠠᠨ ᠢᠯᠡᠬᠦᠥ ᠪᠥᠬᠡᠮᠨᠡᠷᠡᠵᠥ ᠬᠡᠪᠳᠡᠷᠢᠯᠡᠪᠡᠯ ᠬᠥᠢᠳᠡᠷᠡᠨ᠎ᠡ᠃         5. ᠭᠠᠭ᠋ᠠᠢ ᠡᠪᠡᠰᠣ ᠵᠥᠭᠡᠭᠡᠪᠡᠯ ᠶᠡᠭᠡ ᠵᠣᠳ ᠭᠠᠷᠣᠨ᠎ᠠ᠃         6. ᠡᠪᠤᠯ ᠬᠠᠪᠤᠷ ᠤᠨ ᠥᠳᠡᠰᠢ ᠶᠢᠨ ᠴᠠᠭ ᠲᠤ ᠠᠳᠣᠭᠤ ᠳᠠᠯ᠎ᠠ ᠳᠠᠯ᠎ᠠ ᠳᠡᠶᠢᠰᠢ ᠪᠠᠨ ᠬᠠᠷᠠᠵᠥ  ᠢᠳᠡᠰᠢᠯᠡᠵᠥ ᠪᠠᠶᠢᠪᠠᠯ ᠰᠥᠨᠢ ᠳᠤ ᠪᠠᠨ ᠳᠣᠯᠠᠭᠠᠷᠠᠨ᠎ᠠ᠃ ᠰᠠᠯᠬᠢᠨ ᠣᠷᠣᠭᠤ ᠬᠠᠷᠠᠵᠥ ᠢᠳᠡᠰᠢᠯᠡᠪᠡᠯ ᠰᠥᠨᠢ  ᠬᠥᠢᠳᠡᠷᠡᠨ᠎ᠡ᠃           7. ᠪᠤᠷᠣᠭᠠᠨ ᠣᠷᠣᠵᠥ ᠪᠠᠶᠢᠬᠤ ᠳᠤ ᠵᠡᠯ᠎ᠡ ᠲᠠᠢ ᠣᠨᠠᠭ᠎ᠠ ᠣᠩᠭᠤᠯᠳᠠᠵᠥ᠂ ᠠᠳᠣᠭᠤ ᠪᠡᠶ᠎ᠡ ᠪᠠᠨ  ᠰᠢᠯᠭᠡᠭᠡᠵᠥ ᠪᠠᠶᠢᠪᠠᠯ ᠪᠤᠷᠣᠭᠠᠨ ᠣᠳᠠᠯ ᠦᠭᠡᠢ ᠠᠷᠢᠯᠣᠨ᠎ᠠ᠃             8. ᠪᠤᠷᠣᠭᠠᠨ ᠣᠷᠣᠵᠥ ᠪᠠᠶᠢᠬᠤ ᠬᠤᠭᠤᠴᠠᠭᠠᠨ ᠳᠤ ᠠᠳᠣᠭᠤ ᠢᠳᠡᠰᠢᠯᠡᠬᠦ ᠪᠠᠨ ᠵᠤᠭᠰᠣᠵᠥ᠂ ᠪᠤᠷᠣᠭᠠᠨ  ᠣᠷᠣᠭᠤ ᠬᠠᠷᠠᠨ ᠴᠢᠬᠢ ᠪᠠᠨ ᠳᠡᠯᠪᠡᠶᠢᠯᠭᠡᠨ ᠬᠥᠳᠡᠯᠣᠯ ᠦᠭᠡᠢ ᠵᠣᠭᠰᠣᠪᠠᠯ ᠪᠤᠷᠣᠭᠠᠨ ᠣᠯᠠᠮ ᠰᠢᠷᠥᠬᠦᠰᠣᠨ᠎ᠡ᠃           9. ᠬᠤᠨᠢᠨ ᠤ ᠥᠰᠣ ᠬᠥᠪᠰᠥᠶᠢᠵᠥ ᠴᠢᠬᠢᠭᠯᠢᠭ ᠨᠣᠶᠢᠳᠠᠨ ᠪᠤᠯᠪᠠᠯ ᠬᠤᠷ᠎ᠠ ᠪᠤᠷᠣᠭᠠᠨ ᠣᠷᠣᠨ᠎ᠠ᠃          10. ᠥᠷᠯᠥᠭᠡ ᠡᠷᠳᠡᠯᠡᠨ‌ᠨᠣᠬᠠᠢ ᠬᠡᠯᠡ ᠪᠠᠨ ᠭᠠᠷᠭᠠᠪᠠᠯ ᠣᠯᠠᠮ ᠬᠠᠯᠠᠭᠤᠨ ᠪᠤᠯᠤᠨ᠎ᠠ᠃          11. ᠥᠷᠯᠥᠭᠡ ᠮᠠᠯ ᠡᠷᠳᠡ ᠪᠤᠰᠴᠣ ᠶᠠᠪᠤᠪᠠᠯ ᠳᠡᠭᠷᠢ ᠰᠠᠶᠢᠬᠠᠨ ᠪᠤᠯᠤᠨ᠎ᠠ᠃ ᠪᠤᠰᠬᠤ ᠦᠭᠡᠢ  ᠬᠡᠪᠳᠡᠭᠡᠳ ᠪᠠᠶᠢᠪᠠᠯ ᠳᠡᠭᠷᠢ ᠮᠠᠭᠤᠬᠠᠶᠢᠷᠠᠨ᠎ᠠ᠃ ᠁          12. ᠴᠠᠭᠠᠠ ᠰᠠᠷ᠎ᠠ ᠶᠢᠨ ᠰᠢᠨ᠎ᠠ ᠶᠢᠨ ᠨᠢᠭᠡᠠ ᠤ ᠦᠷᠯᠣᠭᠡ ᠪᠣᠭ᠋᠎ᠠ ᠰᠠᠯᠬᠢ ᠤᠷᠣᠭᠤᠳᠠᠠ  ᠭᠡᠪᠳᠠᠵᠣ ᠪᠠᠶᠢᠪᠠᠯ ᠵᠣᠳ ᠲᠠᠢ ᠵᠢᠯ ᠪᠤᠯᠤᠨ᠎ᠠ᠂ ᠰᠠᠯᠬᠢ ᠦᠭᠡᠳᠠ ᠪᠠᠨ ᠬᠠᠨᠳᠣᠵᠣ ᠭᠡᠪᠳᠠᠵᠣ᠂ ᠪᠠᠶᠢᠪᠠᠯ  ᠦᠩ ᠵᠢᠯ ᠪᠣᠯᠣᠨ᠎ᠠ᠃ ᠁            ᠬᠤᠶᠠᠷ  ᠂ ᠵᠢᠬᠦᠷᠳᠡᠨ ᠰᠢᠪᠠᠭᠤᠨ ᠤ ᠪᠠᠶᠢᠳᠠᠯ ᠢᠶᠠᠷ ᠴᠠᠭ ᠠᠭᠤᠷ ᠢ ᠠᠵᠢᠨ ᠮᠡᠳᠡᠬᠦ      1. ᠭᠠᠯᠠᠭᠤ ᠡᠷᠳᠡ ᠢᠷᠡᠪᠡᠯ ᠳᠣᠰ ᠵᠢᠯ ᠡᠷᠳᠡ ᠳᠣᠯᠠᠭᠠᠷᠠᠬᠤ᠂ ᠭᠠᠯᠠᠭᠤ ᠣᠷᠣᠢ ᠢᠷᠡᠪᠡᠯ  ᠣᠷᠣᠢ ᠳᠣᠯᠠᠭᠠᠷᠠᠬᠤ︔        2. ᠭᠠᠯᠠᠭᠤ ᠣᠮᠠᠷᠠᠰᠢ ᠠᠶᠠᠯᠠᠪᠠᠯ ᠡᠳᠣᠷ ᠳᠣᠯᠠᠭᠠᠷᠠᠬᠤ᠂ ᠭᠠᠯᠠᠭᠤ ᠡᠮᠥᠨᠡᠰᠢ ᠠᠶᠠᠯᠠᠪᠠᠯ ᠡᠳᠣᠷ ᠬᠥᠢᠳᠡᠷᠡᠬᠦ︔        3. ᠪᠤᠯᠵᠤᠮᠣᠤᠷ ᠴᠣᠭᠯᠠᠷᠠᠨ ᠱᠣᠯᠭᠤᠨᠠᠪᠠᠯ ᠵᠣᠳ ᠪᠤᠯᠤᠨ᠎ᠠ᠃          4. ᠳᠡᠭᠡᠯᠡᠢ ᠰᠢᠪᠠᠭᠤ ᠪᠠᠶᠢᠨ ᠳᠠᠬᠢᠨ ᠨᠠᠭᠠᠰᠢ ᠴᠠᠭᠠᠰᠢ ᠨᠢᠰᠣᠨ ᠶᠠᠪᠤᠪᠠᠯ ᠪᠤᠷᠣᠭᠠᠯᠠᠨ᠎ᠠ᠃          5. ᠰᠢᠪᠠᠭᠤᠨ ᠡᠬᠦᠷ ᠤᠨ ᠨᠥᠬᠡ ᠶᠢᠨ ᠣᠷᠣᠭᠤ ᠳᠠᠯ᠎ᠠ ᠵᠥᠭ ᠰᠠᠯᠬᠢᠨ ᠣᠯᠠᠨ ᠵᠢᠯ ᠪᠤᠯᠤᠨ᠎ᠠ᠃ ︵ᠨᠥᠭᠡ  ᠨᠢ  ᠵᠡᠬᠦᠨ ᠡᠮᠥᠨᠡᠰᠢ ᠬᠠᠨᠳᠣᠪᠠᠯ ᠪᠠᠷᠠᠭᠤᠨ ᠬᠤᠶᠢᠨ᠎ᠠ ᠠᠴᠠ ᠰᠠᠯᠬᠢ ᠣᠯᠠᠨ ᠵᠢᠯ ᠪᠤᠯᠤᠨ᠎ᠠ᠃ ᠬᠡᠬᠦ ᠮᠡᠳᠣ︶         6. ᠥᠷᠯᠥᠭᠡ ᠡᠷᠳᠡᠯᠡᠨ ᠥᠷᠪᠡᠯᠵᠢ ᠰᠢᠪᠠᠭᠤ ᠳᠣᠤᠭᠠᠷᠪᠠᠯ ᠰᠠᠯᠬᠢ ᠳᠡᠭᠳᠡᠨ᠎ᠡ᠃     7. ᠨᠡᠬᠦᠳᠡᠯ ᠤᠨ ᠰᠢᠪᠠᠭᠤᠳ ︵ᠬᠠᠷᠢᠶᠠᠴᠠᠢ᠂ ᠭᠠᠯᠠᠭᠤ ᠁︶ ᠡᠷᠳᠡ ᠪᠤᠴᠠᠪᠠᠯ ᠡᠷᠳᠡ ᠬᠥᠢᠳᠡᠷᠡᠵᠥ᠂  ᠣᠷᠣᠢ ᠪᠤᠴᠠᠪᠠᠯ ᠣᠷᠣᠢ ᠬᠥᠢᠳᠡᠷᠡᠨ᠎ᠡ᠃       8. ᠡᠪᠤᠯ ᠤᠨ ᠥᠳᠡ ᠳᠤ ᠳᠠᠬᠢᠶ᠎ᠡ ᠬᠥᠯ ᠢᠶᠠᠨ ᠡᠷᠬᠦᠵᠥ ᠵᠤᠭᠰᠣᠪᠠᠯ ᠣᠯᠠᠮ ᠬᠥᠢᠳᠡᠷᠡᠨ᠎ᠡ᠃       9. ᠣᠰᠣᠨ ᠰᠢᠪᠠᠭᠤ ᠪᠠᠶᠢᠨ ᠳᠠᠬᠢᠨ ᠳᠣᠤᠭᠠᠷᠪᠠᠯ ᠪᠤᠷᠣᠭᠠᠯᠠᠨ᠎ᠠ᠃ ᠁             ᠭᠤᠷᠪᠠ᠂ ᠡᠪᠠᠰᠣ ᠣᠷᠭᠤᠮᠠᠯ ᠤᠨ ᠪᠠᠶᠢᠳᠠᠯ ᠢᠶᠠᠷ ᠴᠠᠭ ᠠᠭᠤᠷ ᠢ ᠠᠵᠢᠨ ᠮᠡᠳᠡᠬᠦ      1. ᠰᠣᠬᠠᠢ ᠮᠣᠳᠣ ᠬᠤᠸᠠᠷ ᠳᠡᠯᠭᠡᠷᠡᠪᠡᠯ ᠪᠤᠷᠣᠭᠠᠨ ᠣᠷᠣᠨ᠎ᠠ᠃        2. ᠠᠬᠢ ᠡᠪᠡᠰᠣ ︵ᠰᠣᠶᠢᠬ᠎ᠠ ᠡᠪᠡᠰᠣ ᠭᠡᠵᠤ ᠴᠦ ᠬᠡᠯᠡᠳᠡᠭ︶ ᠶᠢᠨ ᠥᠨᠳᠣᠰᠣ ᠰᠥᠶ᠎ᠡ  ᠣᠨᠴᠠᠭᠠᠢ ᠣᠰᠣᠷᠬᠠᠭ ᠪᠤᠯᠪᠠᠯ ᠪᠤᠷᠣᠭᠠᠨ ᠣᠷᠣᠨ᠎ᠠ᠃        3. ᠵᠢᠮᠢᠰ ᠤᠨ ᠮᠣᠳᠣ ᠳᠠᠬᠢᠨ ᠬᠤᠸᠠᠷᠯᠠᠪᠠᠯ ᠨᠠᠮᠣᠷ ᠤᠨ ᠳᠣᠯᠠᠭᠠᠨ ᠣᠷᠳᠣ ᠪᠤᠯᠤᠨ᠎ᠠ᠃ ᠁           ᠳᠥᠷᠪᠡ᠂ ᠪᠠᠶᠢᠭᠠᠯᠢ ᠶᠢᠨ ᠶᠠᠭᠤᠮ᠎ᠠ ᠥᠵᠡᠭᠳᠡᠯ ᠢᠶᠠᠷ ᠴᠠᠭ ᠠᠭᠤᠷ ᠢ ᠠᠵᠢᠨ ᠮᠡᠳᠡᠬᠦ         1. ᠵᠣᠨ ᠤ ᠣᠯᠠᠷᠢᠯ ᠳᠤ ᠥᠳᠡ ᠳᠤ ᠠᠭᠠᠬᠢᠮ᠎ᠠ ᠬᠠᠯᠠᠭᠤᠨ᠂ ᠰᠥᠨᠢ ᠬᠥᠢᠳᠡᠨ ᠰᠢᠭ ᠪᠤᠯᠪᠠᠯ  ᠭᠠᠩ ᠬᠠᠭᠤᠷᠠᠢ ᠪᠤᠯᠤᠨ᠎ᠠ᠃         2. ᠵᠣᠨ ᠤ ᠣᠯᠠᠷᠢᠯ ᠳᠤ ᠣᠰᠣ ᠲᠠᠢ ᠰᠠᠪᠠ ᠬᠡᠷᠡᠭᠰᠡᠯ ᠤᠨ ᠭᠠᠳᠠᠭᠤᠷ ᠣᠰᠣᠨ ᠮᠥᠬᠦᠯᠢᠭ  ᠳᠣᠭᠳᠠᠪᠠᠯ ᠪᠤᠷᠣᠭᠠᠨ ᠣᠷᠣᠨ᠎ᠠ᠃         3. ᠡᠪᠤᠯ ᠤᠨ ᠣᠯᠠᠷᠢᠯ ᠳᠤ ᠰᠠᠷᠠ ᠬᠥᠷᠢᠶᠡᠯᠡᠪᠡᠯ ᠡᠳᠣᠷ ᠬᠤᠪᠢᠷᠠᠵᠥ ᠰᠠᠯᠬᠢᠯᠠᠬᠤ ᠪᠤᠶᠣ ᠬᠥᠢᠳᠡᠷᠡᠨ᠎ᠡ᠃         4. ᠵᠣᠨ ᠤ ᠰᠥᠨᠢ ᠣᠳᠣ ᠬᠢᠯᠠᠯᠵᠠᠪᠠᠯ ᠡᠳᠣᠷ ᠳᠣᠩᠭᠠᠯᠢᠭᠰᠢᠨ᠎ᠠ᠃         5. ᠠᠮᠣ ᠲᠠᠷᠢᠬᠤ ᠦᠶ᠎ᠠ ᠳᠤ ᠪᠠᠷᠠᠭᠤᠠ ᠬᠤᠶᠢᠨ᠎ᠠ ᠠᠴᠠ ᠪᠠᠨ ᠲᠣᠩᠭᠠᠯᠠᠭ ᠰᠦᠨᠢ ᠪᠣᠯ ᠳᠠᠷᠢᠶ᠎ᠡ ᠬᠥᠯᠳᠡᠨ᠎ᠡ ᠃         6. ᠡᠪᠣᠯ ᠤᠨ ᠬᠦᠭᠡ ᠬᠤᠯᠣᠭᠠᠨ᠎ᠠ ᠡᠳᠣᠷ ᠴᠠᠰᠣ ᠤᠷᠣᠪᠠᠯ ᠮᠢᠩᠭᠠᠠ ᠬ᠋ᠠᠵᠠᠷ ᠴᠠᠶᠢᠷᠠᠵᠣ᠂ ᠵᠣᠣᠠ ᠲᠠᠢ ᠵᠢᠯ  ᠪᠤᠯᠤᠨ᠎ᠠ᠃ ᠵᠣᠨ ᠤ ᠬᠥᠭᠡ ᠬᠤᠯᠣᠭᠠᠨ᠎ᠠ ᠡᠳᠣᠷ ᠪᠤᠷᠣᠭᠠᠨ ᠲᠠᠢ ᠪᠤᠯᠪᠠᠯ ᠥᠶᠡᠷ ᠣᠰᠣᠳᠠᠯ ᠶᠡᠭᠡ ᠪᠤᠯᠤᠨ᠎ᠠ᠃        7. ᠬᠠᠩᠰᠢ ᠳᠣᠬᠢᠷᠠᠪᠠᠯ 60 ᠬᠤᠨᠤᠭ ᠤᠨ ᠴᠠᠭ ᠠᠭᠤᠷ ᠰᠠᠶᠢᠬᠠᠨ᠃ ᠬᠠᠩᠰᠢ ᠳᠣᠬᠢᠷᠠᠬᠤ ᠦᠭᠡᠢ ᠪᠤᠯ60  ᠬᠤᠨᠤᠭ ᠤᠨ ᠴᠠᠭ ᠠᠭᠤᠷ ᠮᠠᠭᠤᠬᠠᠢ ᠪᠤᠯᠤᠨ᠎ᠠ᠃          8. ᠡᠪᠣᠯ ᠵᠠᠷᠭᠡᠯᠭᠡᠠ ᠲᠠᠳᠠᠪᠠᠯ ᠵᠣᠣᠠ ᠪᠣᠯᠣᠨ᠎ᠠ᠃      9. ᠬᠤᠷᠢᠠ ᠬᠤᠶᠠᠷ ᠤᠨ ᠡᠳᠣᠷ ᠬᠦᠢᠳᠠᠷᠠᠪᠠᠯ ᠬᠤᠶᠢᠳᠣ ᠰᠠᠷ᠎ᠠ ᠳᠠᠭᠠᠨ ᠬᠦᠢᠳᠠᠠ ᠪᠣᠶᠣ ᠮᠠᠭᠤᠬᠠᠢ ᠡᠳᠣᠷ ᠪᠤᠯᠤᠨ᠎ᠠ᠃       10. ᠮᠣᠷᠢᠠ ᠡᠳᠣᠷ ᠴᠠᠰᠣ ᠤᠨᠠᠪᠠᠯ ᠮᠠᠭᠤ ᠬᠠᠪᠣᠷ ᠪᠣᠯᠣᠨ᠎ᠠ᠃     11. ᠶᠢᠰᠣᠳᠣᠭᠡᠷ ᠰᠠᠷ᠎ᠠ ᠶᠢᠨ ᠬᠤᠷᠢᠠ‌ᠬᠤᠶᠠᠷ ᠤᠨ ᠡᠳᠣᠷ ᠲᠡᠭᠷᠢ ᠮᠠᠭᠤᠬᠠᠶᠢᠷᠠᠪᠠᠯ ᠡᠪᠣᠯ ᠬᠠᠳᠠᠭᠤ ᠪᠣᠯᠣᠨ᠎ᠠ᠃       12. ᠰᠢᠨ᠎ᠠ ᠶᠢᠨ ᠨᠢᠭᠡᠠ᠂ ᠠᠷᠪᠠᠠ ᠲᠠᠪᠣᠠ ᠳᠤ ᠪᠣᠷᠣᠭᠠᠠ ᠤᠷᠣᠪᠠᠯ᠂ ᠬᠠᠭᠠᠰ ᠰᠠᠷ᠎ᠠ ᠬ᠋ᠠᠩ ᠪᠤᠯᠤᠨ᠎ᠠ᠃     13. ᠳᠠᠪᠤᠨ ᠰᠠᠷ᠎ᠠ ᠶᠢᠨ ᠰᠢᠨ᠎ᠡ ᠶᠢᠨ ᠳᠠᠪᠤᠨ ᠳᠤ ᠪᠤᠷᠣᠭᠠᠨ ᠣᠷᠣᠪᠠᠯ ᠬᠤᠷᠣᠬᠠᠢ ᠣᠯᠠᠨ ᠵᠢᠯ ᠪᠤᠯᠤᠨ᠎ᠠ᠃ ᠁    
 
ᠢᠷᠡᠯᠲᠡ᠄ ᠤᠩᠨᠢᠭᠤᠳ ᠬᠤᠰᠢᠭᠤᠨ ᠤ ᠠᠷᠠᠳ ᠤᠨ ᠵᠠᠰᠠᠭ ᠤᠨ ᠤᠷᠳᠤᠨ ᠤ ᠰᠦᠯᠵᠢᠶ᠎ᠠ
 
 
ᠬᠠᠮᠢᠶ᠎ᠠ ᠪᠥᠬᠦᠢ ᠰᠤᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备14003692号