ᠤᠩᠨᠢᠭᠤᠳ ᠮᠤᠩᠭᠤᠯᠴᠤᠳ ᠤᠨ ᠬᠡᠶᠢᠮᠤᠷᠢ ᠰᠦᠯᠳᠠ ᠶᠢᠨ ᠲᠤᠭ
ᠨᠡᠶᠢᠲᠡᠯᠡᠭᠰᠡᠨ ᠴᠠᠭ᠄
2016/4/7
       ᠤᠩᠨᠢᠭᠤᠳ ᠮᠤᠩᠭᠤᠯᠴᠤᠳ ᠤᠨ ᠬᠡᠶᠢᠮᠤᠷᠢ ᠰᠦᠯᠳᠠ ᠶᠢᠨ ᠲᠤᠭ                                                                           - ᠨ᠊᠂ ᠰᠡᠷᠬᠦᠯᠡᠩ                   ᠣᠩᠨᠢᠭᠤᠳ ᠮᠣᠩᠭᠤᠯᠴᠣᠳ ᠬᠤᠪᠢ ᠬᠥᠮᠥᠨ᠂ ᠡᠷᠥᠭᠡ ᠭᠡᠷ ᠤᠨ ᠬᠡᠶᠢᠮᠥᠷᠢ ᠬᠥᠭᠵᠢᠨ ᠮᠠᠨᠳᠣᠬᠤ ᠨᠢ ᠠᠶᠢᠯ ᠭᠡᠷ   ᠤᠨ ᠣᠯᠵᠨ ᠣᠮᠤᠭ᠂ ᠠᠮᠵᠢᠯᠳᠠ ᠪᠥᠳᠣᠮᠵᠢ᠂ ᠠᠮᠣᠷ ᠳᠥᠪᠰᠢᠨ᠂ ᠠᠵᠨ ᠵᠢᠷᠭᠠᠯ ᠢ ᠰᠢᠭᠤᠳ ᠨᠥᠯᠥᠭᠡᠯᠡᠨ᠎ᠡ ᠭᠡᠵᠥ  ᠥᠵᠡᠳᠡᠭ᠃ ᠡᠶᠢᠮᠥ ᠠᠴᠠ ᠣᠩᠨᠢᠭᠤᠳ ᠮᠣᠩᠭᠤᠯᠴᠣᠳ ᠰᠣᠶᠣᠯ ᠤᠨ ᠬᠤᠪᠢᠰᠬᠠᠯ ᠪᠤᠯᠳᠠᠯ᠎ᠠ ᠮᠣᠩᠭᠤᠯ ᠠᠶᠢᠯ ᠡᠷᠥᠭᠡ  ᠪᠥᠬᠦᠨ ︽ᠭᠡᠷ ᠤᠨ ᠴᠠᠳᠢᠭ︾ ︵ᠣᠪᠤᠭ ᠠᠶᠢᠮᠠᠭ ᠳᠥᠷᠥᠯ ᠢᠷᠡᠯ ᠭᠠᠷᠥᠯ ᠤᠨ ᠳᠡᠥᠭᠡ ᠳᠡᠮᠳᠡᠭᠯᠡᠯ︶ ᠢᠶᠠᠨ  ᠳᠡᠮᠳᠡᠭᠯᠡᠵᠥ᠂ ᠡᠵᠡᠨ ᠴᠢᠩᠬᠢᠰ ᠤᠨ ᠳᠤᠭ ᠰᠥᠯᠳᠡ ᠶᠢᠨ ᠳᠣᠳᠣᠷᠬᠠᠢ ᠪᠡᠯᠭᠡ ᠳᠡᠮᠳᠡᠭ ᠪᠤᠯᠤᠭᠰᠠᠨ ᠬᠡᠶᠢᠮᠥᠷᠢ ᠰᠥᠯᠳᠡ  — ᠮᠠᠨᠢ ᠶᠢᠨ ᠳᠠᠷᠴᠤᠭ ︵ᠬᠡᠶᠢᠮᠥᠷᠢ ᠶᠢᠨ ᠶᠡᠭᠡ ᠪᠠᠷ︶ ᠪᠤᠰᠬᠠᠨ᠂ ᠬᠡᠶᠢᠮᠥᠷᠢ ᠶᠢᠨ ᠳᠠᠷᠴᠤᠭ ︵ᠬᠡᠶᠢᠮᠥᠷᠢ ᠶᠢᠨ ᠪᠠᠭ᠎ᠠ   ᠪᠠᠷ︶ ᠬᠡᠶᠢᠰᠭᠡᠵᠥ ᠡᠷᠥᠭᠡ ᠭᠡᠷ ᠤᠨ ᠥᠭᠡᠳᠡᠯᠡᠨ ᠮᠠᠨᠳᠣᠬᠤ ᠶᠢ ᠪᠡᠯᠭᠡᠳᠡᠵᠥ ᠪᠠᠶᠢᠵᠠᠢ᠃ ᠭᠡᠳᠡᠯ᠎ᠡ ᠴᠠᠭ ᠥᠶ᠎ᠡ ᠶᠢᠨ  ᠬᠢᠮᠥᠷᠠᠯ ᠠᠴᠠ ᠪᠤᠯᠵᠥ ︽ᠭᠡᠷ ᠤᠨ ᠴᠠᠳᠢᠭ︾ ᠪᠠᠯᠠᠷᠬᠠᠶᠢᠰᠢᠵᠥ᠂ ᠬᠡᠶᠢᠮᠥᠷᠢ ᠰᠥᠯᠳᠡ ᠶᠢᠨ ᠳᠤᠭ ᠴᠠᠭᠠᠵᠠᠯᠠᠭᠳᠠᠬᠤ  ᠪᠤᠯᠣᠭᠰᠠᠨ ᠴᠣ᠋ ᠨᠠᠶᠠᠭᠠᠳ ᠣᠨ ᠤ ᠡᠬᠢᠨ ᠤ ᠥᠶᠡᠰ ᠠᠴᠠ ᠥᠨᠳᠣᠰᠣᠳᠡᠨ  ᠤ ᠵᠠᠩ ᠥᠢᠯᠨ ᠳᠠᠬᠢᠨ ᠰᠡᠷᠬᠦᠨ  ᠡᠬᠢᠯᠡᠭᠰᠡᠨ ᠶᠣᠮ᠃ ᠣᠳᠣ ᠳᠤ ᠵᠠᠷᠢᠮ ᠠᠶᠢᠯ ᠡᠷᠥᠭᠡ ᠪᠤᠶᠣ ᠤᠪᠤᠭ᠎ᠠ ᠱᠠᠩᠰᠢ  ᠶᠢᠨ ᠭᠠᠵᠠᠷ ᠬᠡᠶᠢᠮᠥᠷᠢ ᠶᠢᠨ ᠳᠠᠷᠴᠤᠭ  ᠬᠡᠶᠢᠰᠴᠣ ᠪᠠᠶᠢᠨ᠎ᠠ︕            ᠣᠩᠨᠢᠭᠤᠳ ᠬᠤᠰᠢᠭᠤᠨ ᠤ ᠭᠤᠤᠷᠰᠣ ᠰᠥᠮ᠎ᠡ ᠶᠢᠨ ᠶᠡᠷᠡᠨ ᠨᠠᠰᠣᠳᠠᠢ ᠳᠣᠨᠣᠷᠣᠪ ᠮᠠᠮᠠ ᠬᠡᠶᠢᠮᠥᠷᠢ ᠶᠢᠨ  ᠰᠡᠶᠢᠯᠣᠮᠡᠯ ᠪᠠᠷ ᠤᠨ ᠳᠣᠬᠠᠢ ᠢᠩᠬᠢᠵᠥ ᠶᠠᠷᠢᠵᠥ ᠥᠭᠬᠦᠯ᠎ᠡ᠃ ᠨᠢᠭᠡ᠄ ᠮᠠᠨᠢ ᠶᠢᠨ ᠳᠠᠷᠴᠤᠭ ᠪᠤᠯ ᠳᠣᠬᠤᠢ ᠥᠷᠭᠡᠨ᠂  ᠳᠣᠬᠤᠢ ᠬᠤᠶᠠᠷ ᠢᠮᠠᠬᠤ ᠣᠷᠳᠣ ᠴᠠᠭᠠᠨ ᠪᠥᠰ ᠳᠡᠭᠡᠷ᠎ᠡ ᠪᠤᠰᠤᠭ᠎ᠠ ᠬᠡᠯᠪᠡᠷᠢ ᠪᠠᠷ ᠭᠤᠤᠯ ᠳᠣᠮᠳᠠ ᠨᠢ ᠡᠮᠡᠭᠡᠯ ᠳᠡᠭᠡᠷ᠎ᠡ ᠨᠢ  ᠡᠵᠡᠨ ᠴᠢᠩᠬᠢᠰ ᠤᠨ ᠬᠠᠷᠠᠭ᠎ᠠ ᠶᠡᠭᠡᠳᠣ ᠬᠠᠷ᠎ᠠ ᠰᠥᠯᠳᠡ ᠲᠠᠢ ᠳᠤᠭ ᠢ ᠮᠠᠨᠳᠣᠭᠤᠯᠣᠭᠰᠠᠨ ᠬᠥᠶᠣᠭᠡ ᠮᠣᠷᠢ ᠶᠢ ᠪᠠᠷᠯᠠᠵᠥ᠂  ᠳᠣᠤᠷ᠎ᠠ ᠳᠠᠯ᠎ᠠ ᠶᠢᠨ ᠪᠠᠷᠠᠭᠤᠨ ᠥᠨᠴᠥᠭ ᠲᠤ ᠪᠠᠷᠰ᠂ ᠵᠡᠬᠦᠨ ᠥᠨᠴᠥᠭ ᠲᠤ ᠠᠷᠰᠯᠠᠨ᠂ ᠳᠡᠭᠡᠷ᠎ᠡ ᠳᠠᠯ᠎ᠠ ᠶᠢᠨ ᠪᠠᠷᠠᠭᠤᠨ  ᠥᠨᠴᠥᠭ ᠲᠤ ᠮᠠᠭᠰᠢᠨ ᠳᠣᠭᠯᠠᠭ᠎ᠠ ᠯᠣᠤ᠂ ᠵᠡᠬᠦᠨ ᠥᠨᠴᠥᠭ ᠲᠤ ᠠᠮᠠᠨ ᠳᠤ ᠪᠠᠨ ᠮᠣᠭᠠᠢ ᠵᠠᠭᠤᠭᠰᠠᠨ ᠬᠠᠨ ᠭᠠᠷᠥᠳᠢ   ᠶᠢ ᠳᠣᠰ ᠳᠣᠰ ᠪᠠᠷᠯᠠᠵᠥ ᠪᠠᠶᠢᠳᠠᠭ᠃ ᠮᠣᠷᠢᠨ ᠤ ᠡᠮᠥᠨ᠎ᠡ ᠳᠠᠯ᠎ᠠ ᠪᠤᠯᠤᠨ ᠳᠣᠯᠣᠭᠠᠢ ᠶᠢᠨ ᠳᠡᠭᠡᠷ᠎ᠡ ᠳᠠᠯ᠎ᠠ ᠳᠤ ︽ᠪᠥᠬᠦᠨ   ᠢ ᠬᠤᠷᠢᠶᠠ᠂ ᠬᠤᠷᠢᠶᠠ︾ ᠭᠡᠰᠡᠨ ᠥᠰᠥᠭ ᠲᠠᠢ ᠮᠥᠷᠳᠡᠭᠡᠨ ᠮᠣᠷᠢᠨ ᠤ ᠪᠡᠶ᠎ᠡ ᠳᠡᠭᠡᠷ᠎ᠡ ᠪᠠ ᠮᠠᠨᠢ ᠶᠢᠨ ᠳᠠᠷᠴᠤᠭ ᠤᠨ  ᠵᠡᠬᠦᠨ ᠬᠥᠪᠡᠭᠡᠨ ᠳᠤ ︽ᠣᠮ ᠮᠨ ᠬᠤᠩ︾ ᠭᠡᠰᠡᠨ ᠥᠰᠥᠭ ᠲᠠᠢ ᠶᠣᠮ᠂ ᠰᠥᠯᠳᠡ ᠶᠢᠨ ᠡᠰᠢᠨ ᠳᠤ ᠪᠠᠶᠢᠭ᠎ᠠ  ᠭᠤᠷᠪᠠᠯᠵᠢᠨ ᠳᠤᠭ ᠳᠡᠭᠡᠷ᠎ᠡ ︽ᠳᠡᠭᠷᠢ ᠢᠯᠠᠪᠠᠢ︾ ᠭᠡᠰᠡᠨ ᠥᠰᠥᠭ ᠢ ᠳᠣᠰ ᠳᠣᠰ ᠳᠥᠪᠡᠳ ᠥᠰᠥᠭ ᠢᠶᠠᠷ ᠪᠠᠷᠯᠠᠵᠥ᠂  ᠮᠣᠷᠢᠨ ᠤ ᠳᠣᠤᠷ᠎ᠠ ᠳᠠᠯ᠎ᠠ ᠳᠤ ᠪᠠᠷᠯᠠᠭᠰᠠᠨ ᠳᠥᠪᠡᠳ ᠥᠰᠥᠭ ᠨᠢ ︽ᠷᠢᠳᠢ ᠰᠢᠳᠢ ᠪᠥᠬᠦᠢ ᠡᠷᠳᠡᠨᠢ ᠶᠢᠨ ᠬᠥᠯᠥᠭ ᠮᠣᠷᠢ  ᠥᠭᠡᠳᠡᠯᠡᠨ ᠳᠡᠭᠵᠢᠷᠡᠬᠦ ᠶᠢᠨ ᠬᠡᠶᠢᠮᠥᠷᠢ ᠶᠢ ᠮᠠᠨᠳᠣᠭᠤᠯ᠃ ᠠᠮᠢ᠂ ᠪᠡᠶ᠎ᠡ᠂ ᠡᠷᠭᠡ᠂ ᠨᠠᠰᠣᠨ ᠪᠤᠶᠠᠨ᠂ ᠮᠠᠯ᠂ ᠪᠤᠳᠠᠰ᠂  ᠢᠳᠡᠭᠡᠨ ᠢ ᠡᠳ᠋ᠯᠡᠬᠦ ᠬᠡᠶᠢᠮᠥᠷᠢ ᠶᠢᠨ ᠵᠣᠬᠢᠴᠠᠯᠳᠣᠭᠰᠠᠨ ᠨᠥᠬᠦᠴᠡᠯ ᠤᠨ ᠥᠯᠵᠡᠢ ᠪᠤᠶᠠᠨ ᠳᠠᠯᠠᠢ ᠮᠡᠳᠣ ᠳᠥᠭᠡᠮᠡᠯ  ᠪᠤᠯᠳᠣᠭᠠᠢ︾ ᠭᠡᠰᠡᠨ ᠠᠭᠤᠯᠭ᠎ᠠ ᠪᠥᠬᠦᠢ ᠥᠪᠡᠷ ᠤᠨ ᠬᠥᠰᠡᠯᠡᠩ ᠢᠶᠠᠨ ᠳᠠᠭᠠᠳᠬᠠᠭᠰᠠᠨ ᠥᠭᠡ ᠨᠦᠭᠦᠳ ᠪᠤᠢ︕  ᠬᠤᠶᠠᠷ᠄ ᠬᠡᠶᠢᠮᠥᠷᠢ  ᠶᠢᠨ ᠳᠠᠷᠴᠤᠭ ᠢ ᠪᠤᠯ ᠬᠠᠭᠠᠰ ᠳᠣᠬᠤᠢ ᠠᠮᠨ ᠴᠠᠭᠠᠨ ᠪᠥᠰ ᠳᠡᠭᠡᠷ᠎ᠡ ᠪᠠᠷᠯᠠᠨ᠎ᠠ᠃ ᠪᠠᠷ ᠤᠨ ᠵᠢᠷᠤᠭ   ᠤᠨ ᠳᠣᠮᠳᠠ  ᠨᠢ ᠬᠤᠶᠠᠷ ᠰᠣᠭᠤᠨ ᠳᠤ ᠪᠠᠨ ᠡᠷᠳᠡᠨᠢ ᠶᠢᠨ ᠳᠠᠯᠠᠪᠴᠢ ᠪᠠᠨ ᠳᠡᠯᠭᠡᠨ ᠨᠢᠰᠣᠨ ᠳᠡᠬᠦᠯᠢᠭᠡ ᠮᠣᠷᠢ ᠲᠠᠢ  ᠪᠠᠶᠢᠵᠥ᠂ ᠳᠥᠷᠪᠡᠨ ᠥᠨᠴᠥᠭ ᠲᠤ ᠨᠢ ᠳᠥᠷᠪᠡᠨ ᠭᠥᠴᠥᠳᠡᠨ ᠤ ᠨᠡᠷ᠎ᠡ ᠶᠢ ᠳᠥᠪᠡᠳ ᠢᠶᠠᠷ ᠪᠢᠴᠢᠭᠰᠡᠨ ᠪᠥᠭᠡᠳ ᠮᠣᠷᠢᠨ   ᠤ ᠳᠣᠤᠷ᠎ᠠ ᠳᠠᠯ᠎ᠠ ᠳᠤ ︽ᠬᠡᠶᠢᠮᠥᠷᠢ ᠮᠠᠨᠳᠣᠵᠥ ᠥᠯᠵᠡᠢ ᠬᠤᠳᠤᠭ ᠣᠷᠣᠰᠢ︾ ᠭᠡᠰᠡᠨ ᠥᠰᠥᠭ ᠲᠠᠢ᠃ ᠵᠢᠷᠤᠭ ᠤᠨ  ᠳᠣᠤᠷᠠᠬᠢ ᠳᠥᠪᠡᠳ ᠥᠰᠥᠭ ᠢ ᠮᠣᠩᠭᠤᠯᠴᠢᠯᠠᠪᠠᠯ ︽ᠢᠯᠠᠵᠥ ᠳᠠᠷᠣᠭᠴᠢ ᠴᠠᠭᠠᠨ ᠰᠢᠬᠦᠷᠳᠣ ᠪᠤᠷᠬᠠᠨ ᠤ ᠬᠡᠶᠢᠮᠥᠷᠢ  ᠶᠢᠨ  ᠳᠠᠷᠴᠤᠭ ᠤᠨ ᠬᠥᠴᠣ ᠪᠠᠷ ᠪᠢᠳᠡ ᠪᠠ ᠥᠭᠯᠢᠭᠡ ᠶᠢᠨ ᠡᠵᠡᠳ᠂ ᠳᠠᠭᠠᠯᠳᠠ ᠰᠠᠯᠳᠠ ᠳᠡᠷᠢᠬᠦᠳᠡᠨ ᠬᠤᠤᠷᠯᠠᠯ ᠬᠥᠨᠥᠭᠡᠯ  ᠥᠯᠥ ᠳᠣᠬᠢᠶᠠᠯᠳᠣᠬᠤ ᠵᠥᠭ ᠪᠥᠬᠦᠨ ᠢ ᠠᠷᠢᠯᠭᠠᠵᠥ᠂ ᠠᠮᠢ᠂ ᠪᠡᠶ᠎ᠡ᠂ ᠡᠷᠭᠡ ᠠᠰᠢᠭ᠂ ᠨᠠᠰᠣᠨ ᠪᠤᠶᠠᠨ ᠳᠡᠯᠭᠡᠷᠡᠵᠥ᠂  ᠬᠥᠮᠥᠨ᠂ ᠪᠤᠳᠠᠰ᠂ ᠢᠳᠡᠭᠡᠨ ᠭᠤᠷᠪᠠ ᠶᠢ ᠡᠷᠭᠡ ᠪᠠᠷ ᠬᠤᠷᠢᠶᠠ᠃ ᠳᠠᠶᠢᠰᠣᠨ ᠠᠳᠠ ᠪᠥᠬᠦᠨ ᠢ ᠬᠥᠴᠥ ᠪᠠᠷ ᠰᠢᠳᠠᠭᠠᠵᠥ  ᠂ ᠮᠠᠭᠤ ᠨᠥᠬᠦᠴᠡᠯ ᠪᠥᠬᠦᠨ ᠢ ᠠᠷᠢᠯᠭ᠎ᠠ᠃ ᠥᠭᠡᠷ᠎ᠡ ᠪᠠᠰᠠ ᠡᠷᠳᠡᠮ ᠳᠡᠯᠭᠡᠷᠡᠵᠥ᠂ ᠬᠥᠰᠡᠯ  ᠤᠨ ᠴᠤᠭ ᠰᠥᠯᠳᠡ  ᠡᠳ᠋ᠯᠡᠳᠣᠭᠡᠢ᠃ ᠣᠮ ᠮᠨ ᠬᠤᠮ︕ ᠥᠯᠵᠡᠢ ᠬᠤᠳᠤᠭ ᠣᠷᠣᠰᠢᠳᠣᠭᠠᠢ︕︾ ᠭᠡᠰᠡᠨ ᠣᠳᠬ᠎ᠠ ᠲᠠᠢ ᠭᠡᠨ᠎ᠡ︕  ᠱᠠᠰᠢᠨ ᠤ ᠶᠣᠰᠣᠨ ᠳᠤ ᠳᠠᠷᠨᠢ ᠶᠢᠨ ᠥᠰᠥᠭ ᠢ ᠶᠠᠮᠠᠷᠴᠣ ᠬᠡᠯᠡᠨ ᠳᠡᠭᠡᠷ᠎ᠡ ᠣᠷᠴᠢᠭᠤᠯᠵᠥ ᠪᠤᠯᠬᠤ ᠥᠭᠡᠢ ᠭᠡᠨ᠎ᠡ︕ ᠮᠠᠨᠢ   ᠶᠢᠨ ᠳᠠᠷᠴᠤᠭ᠂ ᠬᠡᠶᠢᠮᠥᠷᠢ ᠶᠢᠨ ᠳᠠᠷᠴᠤᠭ ᠢ ᠶᠡᠷᠥ ᠳᠤ ᠪᠠᠨ ᠵᠢᠯ ᠳᠤ ᠨᠢᠭᠡ ᠣᠳᠠᠭ᠎ᠠ ᠰᠢᠨᠡᠯᠡᠬᠦ ᠥᠶ᠎ᠡ ᠳᠤ ᠰᠢᠨᠡᠳᠭᠡᠨ  ᠰᠣᠯᠢᠳᠠᠭ ᠪᠥᠭᠡᠳ ᠮᠣᠩᠭᠤᠯᠴᠣᠳ ᠤᠨ ᠳᠥᠷᠪᠡᠨ ᠳᠡᠭᠡᠷ᠎ᠡ ᠵᠥᠭ ᠲᠤ ᠮᠠᠨᠳᠣᠭᠤᠯᠣᠨ ᠳᠠᠯᠪᠢᠳᠠᠭ ᠶᠣᠰᠣᠳᠠᠢ᠃ ᠬᠡᠷᠪᠡ  ᠶᠠᠮᠠᠷ ᠨᠢᠭᠡᠨ ᠰᠢᠯᠳᠠᠭᠠᠨ ᠢᠶᠠᠷ ᠰᠥᠢᠳᠭᠡᠭᠳᠡᠭᠰᠡᠨ ᠪᠠᠶᠢᠪᠠᠯ ᠳᠠᠬᠢᠨ ᠪᠠᠷᠯᠠᠭᠤᠯᠵᠥ᠂ ᠠᠮᠢᠯᠠᠭᠤᠯᠵᠥ ᠰᠢᠨᠡᠳᠭᠡᠳᠡᠭ︕  ᠬᠡᠰᠡᠨ ᠪᠢᠯᠨ︕              ᠣᠳᠣ ᠣᠩᠨᠢᠭᠤᠳ ᠮᠣᠩᠭᠤᠯᠴᠣᠳ ᠤᠨ ᠠᠮᠢᠳᠣᠷᠠᠯ ᠤᠨ ᠳᠣᠮᠳᠠ ᠠᠴᠠ ᠣᠪᠤᠭ᠎ᠠ ᠳᠠᠬᠢᠯᠭ᠎ᠠ ᠶᠢᠨ ᠭᠠᠵᠠᠷ ᠵᠢᠴᠢ  ᠵᠠᠷᠢᠮ ᠪᠠᠶᠢᠰᠢᠩ ᠬᠡᠷ ᠤᠨ ᠬᠦᠷᠢᠶᠡᠨ ᠤ ᠳᠡᠭᠡᠷ᠎ᠡ ᠡᠬᠢ ᠳᠠᠯ᠎ᠠ ᠳᠤ ᠬᠡᠢ ᠮᠣᠷᠢ ᠶᠢᠨ ᠳᠠᠷᠴᠤᠭ ᠬᠡᠶᠢᠰᠭᠡᠵᠥ ᠪᠠᠶᠢᠬᠤ ᠶᠢ  ᠣᠯᠵᠥ ᠬᠠᠷᠠᠳᠠᠭ ᠮᠦᠷᠳᠡᠭᠡᠨ ᠵᠠᠷᠢᠮ ᠪᠠᠶᠢᠰᠢᠩ ᠭᠡᠷ ᠪᠤᠶᠣ ᠠᠰᠠᠷ ᠳᠠᠭᠳᠣ ᠶᠢᠨ ᠡᠬᠦᠳᠡᠨ ᠳᠡᠭᠡᠷ᠎ᠡ ᠳᠠᠯ᠎ᠠ ᠳᠤ ᠬᠡᠢ ᠮᠣᠷᠢ   ᠶᠢᠨ ᠪᠠᠷ ᠢᠶᠠᠷ ᠳᠠᠷᠣᠮᠠᠯᠯᠠᠭᠰᠠᠨ ᠵᠢᠷᠤᠭᠳᠣ ᠳᠠᠷᠴᠤᠭ ᠢ ᠣᠯᠵᠥ ᠬᠠᠷᠠᠳᠠᠭ ᠶᠤᠮ︕ ᠡᠳᠡᠭᠡᠷ  ᠨᠢ ᠴᠦᠮ ᠬᠡᠢ ᠮᠣᠷᠢ ᠶᠢᠨ  ᠰᠦᠯᠳᠡ ᠳᠤᠭ ᠲᠤ ᠳᠣᠭᠠᠴᠠᠭᠳᠠᠨ᠎ᠠ ᠪᠢᠯᠨ︕  
 
ᠢᠷᠡᠯᠲᠡ᠄ ᠲᠤᠳᠤᠷᠬᠠᠢ ᠦᠭᠡᠢ
 
 
ᠬᠠᠮᠢᠶ᠎ᠠ ᠪᠥᠬᠦᠢ ᠰᠤᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备14003692号