ᠣᠩᠨᠢᠭᠤᠳ ᠮᠣᠩᠭᠤᠯᠴᠣᠳ ᠤᠨ ᠬᠠᠯᠠᠭᠤᠨ ᠳᠣᠭᠤᠭ᠎ᠠ
ᠨᠡᠶᠢᠲᠡᠯᠡᠭᠰᠡᠨ ᠴᠠᠭ᠄
2016/4/7
      ᠣᠩᠨᠢᠭᠤᠳ ᠮᠣᠩᠭᠤᠯᠴᠣᠳ ᠤᠨ ᠬᠠᠯᠠᠭᠤᠨ ᠳᠣᠭᠤᠭ᠎ᠠ                     ᠣᠩᠨᠢᠭᠤᠳ ᠮᠣᠩᠭᠤᠯᠴᠣᠳ ᠬᠠᠯᠠᠭᠤᠨ ᠳᠣᠭᠤᠭ᠎ᠠ ᠶᠢ ᠬᠤᠷᠢᠮ ᠨᠠᠶᠢᠷ ᠳᠡᠭᠡᠷ᠎ᠡ ︽ᠪᠥᠬᠦᠯᠢ ᠰᠢᠬᠦᠰᠥ︾ ᠶᠢ  ᠣᠷᠣᠯᠠᠭᠤᠯᠣᠨ ᠬᠡᠷᠡᠭᠯᠡᠳᠡᠭ᠃ ᠬᠠᠯᠠᠭᠤᠨ ᠳᠣᠭᠤᠭ᠎ᠠ ᠨᠢ ᠪᠥᠳᠣᠴᠡ ᠶᠢᠨ ᠬᠤᠪᠢ ᠳᠤ  ᠭᠤᠤᠯᠳᠠᠭᠤ ᠵᠡᠰ᠂ ᠰᠢᠷᠡᠮᠣ ᠂  ᠳᠡᠮᠦᠷ ᠵᠡᠷᠬᠡ ᠪᠠᠶᠢᠵᠥ ᠨᠡᠶᠢᠯᠡᠮᠡᠯ᠂ ᠰᠠᠣᠯᠩᠬᠢ ᠬᠤᠶᠠᠷ ᠵᠥᠢᠯ ᠪᠠᠶᠢᠳᠠᠭ᠃ ᠬᠡᠳᠡᠯ᠎ᠡ ᠠᠯᠢ ᠨᠢᠭᠡᠨ ᠴᠣ᠋ ᠭᠡᠰᠡᠨ ᠬᠠᠯᠠᠭᠤᠨ  ᠳᠣᠭᠤᠭᠠᠨ ᠤ ᠭᠤᠤᠯ᠂ ᠬᠠᠯᠠᠭᠤᠨ ᠳᠣᠭᠤᠭᠠᠨ ᠤ ᠬᠡᠪᠡᠯᠢ᠂ ᠬᠠᠯᠠᠭᠤᠨ ᠳᠣᠭᠤᠭᠠᠨ ᠤ ᠵᠣᠤᠬ᠎ᠠ᠂ ᠬᠠᠯᠠᠭᠤᠨ ᠳᠣᠭᠤᠭᠠᠨ   ᠤ ᠪᠥᠷᠬᠦᠭᠡᠰᠣ᠂ ᠬᠠᠯᠠᠭᠤᠨ ᠳᠣᠭᠤᠭᠠᠨ ᠤ ᠰᠡᠨᠵᠢ ᠵᠡᠷᠭᠡ ᠪᠥᠷᠢᠯᠳᠣᠬᠦᠨ ᠲᠠᠢ ᠪᠠᠶᠢᠳᠠᠭ᠃ ᠡᠳᠡᠭᠡᠷ ᠬᠠᠯᠠᠭᠤᠨ  ᠳᠣᠭᠤᠭᠠᠨ ᠤ ᠰᠡᠨᠵᠢ ᠶᠢᠨ ᠬᠡᠰᠡᠭ ᠲᠤ ᠡᠷᠪᠡᠬᠡᠢ᠂ ᠪᠠᠭᠪᠠᠭ᠋ᠠᠢ᠂ ᠵᠣᠤᠬ᠎ᠠ ᠶᠢᠨ ᠬᠡᠰᠡᠭ ᠲᠤ ᠡᠯᠳᠡᠪ ᠵᠥᠢᠯ ᠤᠨ ᠬᠡ  ᠣᠭᠠᠯᠵᠠ᠂ ᠵᠣᠭᠤᠰ᠂ ᠬᠠᠰ ᠳᠠᠮᠠᠭ᠎ᠠ ᠲᠠᠢ ᠴᠣ᠋ ᠪᠤᠢ᠃           ᠣᠩᠨᠢᠭᠤᠳ ᠮᠣᠩᠭᠤᠯᠴᠣᠳ ᠬᠠᠯᠠᠭᠤᠨ ᠳᠣᠭᠤᠭ᠎ᠠ ᠰᠠᠪᠠᠯᠠᠬᠤ ᠪᠠᠨ ᠬᠠᠯᠠᠭᠤᠨ ᠳᠣᠭᠤᠭ᠎ᠠ ᠪᠠᠵᠠᠭᠠᠬᠤ᠂  ᠬᠠᠯᠠᠭᠤᠨ ᠳᠣᠭᠤᠭ᠎ᠠ ᠰᠢᠭᠠᠬᠤ᠂ ᠬᠠᠯᠠᠭᠤᠨ ᠳᠣᠭᠤᠭ᠎ᠠ ᠵᠠᠰᠠᠬᠤ ᠬᠡᠬᠦ ᠮᠡᠳᠣ ᠪᠠᠷ ᠠᠳᠠᠯᠢ ᠪᠤᠰᠣ  ᠬᠡᠯᠡᠳᠡᠭ᠃ ᠬᠠᠯᠠᠭᠤᠨ  ᠳᠣᠭᠤᠭ᠎ᠠ ᠪᠠᠨ ᠣᠯᠠᠩᠬᠢ ᠳᠤ ᠪᠠᠨ ᠳᠠᠯᠠᠯᠠᠨ ᠵᠠᠰᠠᠬᠤ ᠪᠠ ᠪᠥᠷᠢᠵᠥ ᠵᠠᠰᠠᠬᠤ ᠬᠤᠶᠠᠷ ᠵᠥᠢᠯ ᠢᠶᠠᠷ ᠬᠢᠳᠡᠭ᠃ ᠳᠠᠯᠠᠯᠠᠨ  ᠵᠠᠰᠠᠬᠤ ᠳᠤ ᠪᠠᠨ ᠪᠥᠬᠦᠯᠢ ᠬᠤᠨᠢᠨ ᠤ ᠶᠣᠰᠣ ᠣᠴᠢᠷ ᠢ ᠪᠤᠳᠣᠯᠬᠢᠯᠠᠵᠥ᠂ ᠳᠣᠯᠣᠭᠠᠢ ᠶᠢᠨ ᠬᠡᠰᠡᠭ᠂ ᠴᠡᠭᠡᠵᠢᠨ ᠤ ᠬᠡᠰᠡᠭ  ᠭᠡᠵᠥ ᠬᠤᠪᠢᠶᠠᠨ ᠵᠢᠵᠢᠭᠯᠡᠨ ᠬᠡᠷᠡᠴᠢᠭᠰᠡᠨ ᠮᠢᠬ᠎ᠠ ᠨᠣᠭᠤᠭ᠎ᠠ ᠪᠠᠷ ᠬᠡᠳᠡᠰᠣ ᠬᠡᠮᠡᠨ ᠬᠠᠯᠠᠭᠤᠨ ᠳᠣᠭᠤᠭᠠᠨ ᠳᠤ ᠪᠠᠨ  ᠳᠡᠪᠢᠰᠭᠡᠷᠯᠠᠨ᠂ ᠳᠡᠬᠦᠨ ᠤ ᠳᠡᠭᠡᠬᠦᠷ ᠨᠢ ᠳᠣᠯᠣᠭᠠᠢ ᠶᠢᠨ ᠬᠡᠰᠡᠭ ᠬᠡᠮᠡᠨ ᠮᠢᠬᠠᠨ ᠲᠥᠨᠳᠥᠭ ᠤᠳ ᠢ ᠬᠢᠵᠥ᠂ ᠴᠡᠭᠡᠵᠢ ᠶᠢᠨ  ᠬᠡᠰᠡᠭ ᠲᠤ ᠬᠤᠨᠢᠨ ᠬᠠᠪᠢᠷᠭ᠎ᠠ ᠳᠠᠰᠣᠳᠠᠨ ᠬᠢᠵᠥ᠂ ᠰᠡᠬᠦᠯ ᠤᠨ ᠬᠡᠰᠡᠭ  ᠲᠤ ᠬᠤᠨᠢᠨ ᠰᠡᠬᠦᠯ ᠵᠥᠰᠥᠮᠯᠡᠨ ᠬᠢᠭᠡᠳ 4 —  6 ᠳᠠᠯ᠎ᠠ ᠬᠡᠰᠡᠭᠯᠡᠨ ᠵᠠᠭᠠᠭᠯᠠᠵᠥ ᠵᠠᠰᠠᠳᠠᠭ.᠃ ᠭᠡᠬᠦ ᠳᠤ ᠪᠠᠨ ᠬᠠᠯᠠᠭᠤᠨ ᠳᠣᠭᠤᠭᠠᠨ ᠤ ᠵᠣᠤᠬ᠎ᠠ ᠶᠢᠨ ᠠᠮᠠᠰᠠᠷ ᠳᠠᠯ᠎ᠠ ᠶᠢ  ᠬᠤᠨᠢᠨ ᠤ ᠰᠡᠬᠦᠯ ᠪᠤᠯᠭᠠᠨ ᠵᠠᠰᠠᠵᠥ ᠡᠬᠦᠨ ᠤ ᠠᠰ ᠳᠠᠯ᠎ᠠ ᠶᠢ ᠬᠤᠨᠢᠨ ᠳᠣᠯᠣᠭᠠᠢ ᠪᠤᠯᠭᠠᠨ ᠵᠠᠰᠠᠳᠠᠭ᠃ ᠬᠡᠬᠦ ᠳᠤ ᠪᠠᠨ  ᠵᠠᠭᠠᠭᠯᠠᠭᠰᠠᠨ ᠬᠡᠰᠡᠭ ᠪᠦᠷᠢ ᠳᠤ ᠨᠢ ᠠᠳᠠᠯᠢ ᠪᠤᠰᠣ ᠶᠢᠨ ᠵᠦᠢᠯᠡᠰ ᠢ ᠬᠢᠳᠡᠭ ᠪᠤᠯᠪᠠᠴᠣ ᠮᠢᠬᠠᠨ ᠪᠤᠭᠤᠷᠰᠤᠭ ᠪᠤᠶᠣ  ᠹᠠᠨᠲ᠋ᠢᠶᠣᠤᠷ ᠢ ᠬᠠᠯᠠᠭᠤᠨ ᠳᠣᠭᠤᠭᠠᠨ ᠤ ᠪᠠᠨ ᠡᠬᠦᠳᠡᠨ ᠳᠠᠯ᠎ᠠ ᠳᠤ ᠣᠷᠣᠭᠤᠯᠣᠨ ᠵᠠᠰᠠᠬᠤ ᠶᠢ ᠴᠡᠭᠡᠷᠯᠡᠵᠥ ᠬᠠᠵᠠᠭᠤ  ᠬᠠᠪᠢᠷᠭ᠎ᠠ ᠳᠠᠯ᠎ᠠ ᠳᠤ ᠨᠢ ᠳᠣᠬᠢᠷᠠᠭᠤᠯᠵᠥ ᠪᠠᠶᠢᠳᠠᠭ︕ ᠬᠡᠷᠪᠡ ᠳᠡᠶᠢᠮᠥ ᠪᠢᠰᠢ ᠪᠤᠯ ᠵᠣᠴᠢᠨ ᠢᠶᠠᠨ ︽ᠳᠦᠷᠬᠡᠨ  ᠦᠩᠬᠦᠷᠢᠳᠣᠨ ᠶᠠᠪᠤ︕︾᠂ ︽ᠳᠦᠷᠬᠡᠨ ᠭᠤᠯᠭᠤᠷᠢᠨ ᠭᠠᠷᠣᠭᠳᠣᠨ︕︾ ᠭᠡᠵᠤ ᠬᠦᠭᠡᠭᠡᠭᠰᠡᠨ ᠲᠠᠢ ᠠᠳᠠᠯᠢ ᠭᠡᠵᠤ  ᠶᠠᠷᠢᠳᠠᠭ ᠪᠢᠯᠨ︕ ᠡᠶᠢᠮᠦ ᠠᠴᠠ ᠵᠠᠪᠠᠯ ᠵᠣᠴᠢᠨ ᠢᠶᠠᠨ ᠬᠦᠨᠳᠣᠳᠭᠡᠭᠰᠡᠨ ᠵᠣᠭᠰᠣᠴᠠ ᠠᠴᠠ ᠨᠠᠷᠢᠯᠢᠭ ᠮᠦᠷᠳᠡᠭᠡᠨ ᠰᠢᠮ᠎ᠡ  ᠳᠡᠵᠢᠭᠡᠯ ᠪᠠᠷ ᠦᠨᠳᠣᠷ ᠠᠮᠳᠠ ᠰᠢᠮᠳᠡ ᠲᠠᠢ ᠪᠠᠶᠢᠬᠤ ᠶᠢ ᠪᠠᠳᠣᠯᠠᠬᠤ ᠶᠢ ᠬᠢᠴᠢᠶᠡᠳᠡᠭ ᠪᠢᠯᠨ᠃ ᠪᠥᠷᠢᠵᠥ ᠵᠠᠰᠠᠬᠤ ᠭᠡᠳᠡᠭ   ᠨᠢ ᠳᠣᠯᠣᠭᠠᠢ᠂ ᠬᠡᠪᠡᠯᠢ᠂ ᠰᠡᠬᠦᠯ ᠭᠡᠵᠥ ᠵᠠᠭᠠᠭᠯᠠᠵᠥ ᠬᠤᠪᠢᠶᠠᠬᠤ ᠥᠭᠡᠢ ᠪᠠᠷ ᠮᠠᠬ᠎ᠠ ᠨᠣᠭᠤᠭ᠎ᠠ ᠪᠠᠨ ᠨᠢᠭᠡᠯᠨ  ᠨᠡᠶᠢᠯᠡᠬᠦᠯᠵᠥ ᠳᠡᠭᠡᠬᠦᠷ ᠨᠢ ᠳᠠᠷᠭᠤᠨ ᠮᠢᠬ᠎ᠠ ᠥᠭᠡᠬᠦ ᠪᠠᠷ ᠪᠥᠷᠢᠵᠥ ᠳᠠᠯᠪᠢᠬᠤ ᠶᠢ ᠬᠡᠯᠡᠳᠡᠭ᠃ ᠡᠶᠢᠮᠦᠷᠬᠦ ᠳᠦᠬᠦᠮ  ᠬᠡᠯᠪᠡᠷᠢ ᠪᠠᠷ ᠵᠠᠰᠠᠬᠤ ᠬᠠᠯᠠᠭᠤᠨ ᠳᠣᠭᠤᠭ᠎ᠠ ᠶᠢ ᠵᠣᠴᠢᠨ ᠳᠤ ᠴᠦᠬᠡᠨ ᠬᠡᠷᠡᠭᠯᠡᠵᠥ ᠭᠡᠷ ᠵᠠᠭᠤᠷ᠎ᠠ ᠪᠠᠨ ᠢᠯᠡᠬᠦᠦ  ᠬᠡᠷᠡᠭᠯᠡᠳᠡᠭ ᠪᠢᠯᠨ︕ ᠬᠠᠯᠠᠭᠤᠨ ᠳᠣᠭᠤᠭ᠎ᠠ ᠣᠷᠣᠭᠤᠯᠬᠤ ᠳᠤ ᠪᠠᠨ ᠪᠥᠷᠬᠦᠭᠡᠰᠣ ᠶᠢ ᠰᠠᠭᠤᠷᠢ ᠪᠤᠯᠭᠠᠨ ᠳᠠᠯᠪᠢᠵᠥ᠂  ᠳᠣᠭᠤᠭ᠎ᠠ ᠣᠷᠣᠭᠤᠯᠣᠭᠴᠢ ᠠᠴᠠ ᠵᠣᠤᠬ᠎ᠠ ᠶᠢᠨ ᠠᠮᠠᠰᠠᠷ ᠢ ᠥᠪᠡᠷ ᠤᠨ ᠪᠡᠶ᠎ᠡ ᠥᠭᠡᠳᠡ ᠪᠠᠨ ᠬᠠᠨᠳᠣᠭᠤᠯᠣᠨ  ᠣᠷᠣᠭᠤᠯᠳᠠᠭ᠃ ᠬᠠᠯᠠᠭᠤᠨ ᠳᠣᠭᠤᠭ᠎ᠠ ᠣᠷᠣᠭᠤᠯᠣᠭᠰᠠᠨ ᠤ ᠰᠡᠬᠦᠯᠡᠷ ᠰᠢᠷᠡᠭᠡᠨ ᠭᠤᠤᠯ ᠤᠨ ᠠᠬᠠᠮᠠᠳ ᠵᠣᠴᠢᠨ  ᠬᠠᠯᠠᠭᠤᠨ ᠳᠣᠭᠤᠭ᠎ᠠ ᠶᠢ ︵ᠪᠦᠬᠦᠯᠢ ᠰᠢᠬᠦᠰᠣ ᠬᠠᠰᠢᠨ ᠬᠦᠨᠳᠡᠬᠦ ᠲᠠᠢ ᠠᠳᠠᠯᠢ ᠶᠣᠰᠣ ᠪᠠᠷ︶ ᠬᠥᠨᠳᠡᠭᠡᠨ ᠬᠥᠳᠡᠯᠭᠡᠭᠰᠡᠨ   ᠤ ᠳᠠᠷᠠᠭ᠎ᠠ ᠰᠢᠷᠡᠭᠡᠨ ᠳᠤ ᠰᠠᠭᠤᠭᠰᠠᠨ ᠵᠣᠴᠢᠨ ᠵᠣᠭᠤᠭᠯᠠᠵᠥ ᠡᠬᠢᠯᠡᠳᠡᠭ᠃ ᠰᠢᠷᠡᠭᠡ ᠬᠤᠷᠢᠶᠠᠬᠤ ᠪᠤᠯᠬᠤ ᠳᠤ ᠭᠤᠤᠯ  ᠵᠣᠴᠢᠨ ᠠᠴᠠ ᠪᠡᠯᠭᠡ ᠳᠡᠮᠪᠡᠷᠢᠯ ᠲᠠᠢ ᠦᠭᠡ ᠭᠡᠯᠡᠵᠥ ᠬᠠᠯᠠᠭᠤᠨ ᠳᠣᠭᠤᠭ᠎ᠠ ᠶᠢ ᠵᠥᠪ ᠢᠶᠠᠷ ᠡᠷᠬᠢᠬᠦᠯᠵᠥ ᠪᠤᠴᠠᠭᠠᠳᠠᠭ  ᠣᠴᠢᠷ ᠲᠠᠢ ᠶᠣᠮ᠃  
 
ᠢᠷᠡᠯᠲᠡ᠄ ᠲᠤᠳᠤᠷᠬᠠᠢ ᠦᠭᠡᠢ
 
 
ᠬᠠᠮᠢᠶ᠎ᠠ ᠪᠥᠬᠦᠢ ᠰᠤᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备14003692号