ᠣᠩᠨᠢᠭᠤᠳ ᠬᠤᠰᠢᠭᠤ ᠸᠠᠩ ᠤᠨ ᠳᠠᠬᠢᠯᠭ᠎ᠠ ᠶᠢᠨ ᠶᠣᠰᠣᠨ ᠨᠤᠭᠤᠳ
ᠨᠡᠶᠢᠲᠡᠯᠡᠭᠰᠡᠨ ᠴᠠᠭ᠄
2016/4/7
       ᠣᠩᠨᠢᠭᠤᠳ ᠬᠤᠰᠢᠭᠤ ᠸᠠᠩ ᠤᠨ ᠳᠠᠬᠢᠯᠭ᠎ᠠ ᠶᠢᠨ ᠶᠣᠰᠣᠨ ᠨᠤᠭᠤᠳ               ᠣᠩᠨᠢᠭᠤᠳ ᠬᠤᠰᠢᠭᠤ ᠸᠠᠩ ᠤᠨ ᠤᠪᠤᠭ᠎ᠠ ᠳᠠᠬᠢᠬᠤ ᠶᠤᠰᠤᠨ         ᠮᠤᠩᠭᠤᠯ ᠦᠨᠳᠦᠰᠦᠲᠡᠨ ᠡᠷᠲᠡ ᠤᠷᠢᠳᠤ ᠠᠴᠠ   ᠪᠠᠨ ᠤᠷᠤᠨ ᠨᠤᠲᠤᠭ ᠤᠨ ᠢᠶᠠᠨ ᠣᠪᠣᠭ᠎ᠠ   ᠶᠢ ᠳᠠᠬᠢᠬᠤ   ᠵᠠᠩᠰᠢᠯ ᠲᠠᠢ ᠪᠠᠶᠢᠳᠠᠭ᠃ ᠡᠨᠡ ᠨᠢ ᠮᠤᠩᠭᠤᠯᠴᠣᠳ ᠦᠪᠡᠷ ᠤᠨ ᠢᠶᠠᠨ ᠰᠠᠭᠤᠷᠢᠰᠢᠵᠣ ᠪᠠᠶᠢᠭ᠎ᠠ ᠨᠤᠲᠤᠭ ᠤᠰᠤ ᠪᠠᠨ  ᠬᠠᠶᠢᠷᠠᠯᠠᠵᠣ᠂ ᠡᠬᠡ ᠪᠠᠶᠢᠭᠠᠯᠢ ᠲᠠᠢ ᠡᠨᠡᠭᠰᠢᠨ ᠣᠷᠣᠰᠢᠬᠤ ᠪᠡᠯᠭᠡ ᠳᠡᠮᠪᠡᠷᠢᠯ ᠢ ᠵᠦᠩᠨᠡᠨ ᠳᠤᠷᠠᠰᠬᠠᠵᠤ ᠪᠦᠬᠦᠢ ᠪᠣᠳᠠᠲᠤ  ᠢᠯᠡᠷᠡᠯ ᠮᠦᠨ᠃         ᠤᠩᠨᠢᠭᠤᠳ ᠸᠠᠩ   ᠶᠢᠨ ᠳᠠᠬᠢᠳᠠᠭ ᠣᠪᠣᠭ᠎ᠠ ᠪᠣᠯ ᠰᠡᠵᠢᠭᠦᠷ ᠠᠭᠤᠯᠠ ᠶᠢᠨ ᠪᠠᠷᠠᠭᠤᠨᠲᠠᠢ ᠪᠠᠶᠢᠭ᠎ᠠ ᠨᠤᠶᠠᠨ  ᠤᠪᠤᠭ᠎ᠠ ᠶᠤᠮ᠃ ᠵᠢᠯ ᠪᠦᠷᠢ ᠶᠢᠨ ᠲᠠᠪᠤᠨ ᠰᠠᠷ᠎ᠠ ᠶᠢᠨ ᠠᠷᠪᠠᠨ ᠨᠢᠭᠡ ᠤ ᠡᠳᠦᠷ ᠤᠪᠤᠭ᠎ᠠ ᠪᠠᠨ ᠳᠠᠬᠢᠳᠠᠭ ᠪᠠᠶᠢᠵᠠᠢ᠃  ᠨᠠᠶᠢᠷ ᠨᠠᠭᠠᠳᠤᠮ ᠨᠢ ᠭᠤᠷᠪᠠᠨ ᠡᠳᠦᠷ ᠦᠷᠭᠦᠯᠵᠢᠯᠡᠨ᠎ᠡ᠃           ᠣᠪᠣᠭ᠎ᠠ ᠳᠠᠬᠢᠬᠤ ᠡᠳᠦᠷ ᠸᠠᠩ ᠨᠤᠶᠠᠨ ᠤ ᠭᠠᠷ ᠤᠨ ᠪᠤᠶᠢᠳᠠᠢ᠂ ᠲᠠᠮᠠᠭ᠎ᠠ ᠶᠢᠨ ᠮᠠᠶᠢᠷᠠᠨ ᠵᠡᠷᠭᠡ ᠬᠤᠰᠢᠭᠤ ᠵᠠᠰᠠᠭ   ᠤᠨ ᠡᠷᠬᠡ ᠮᠡᠳᠡᠭᠴᠢᠳ ᠪᠤᠯᠤᠨ ᠭᠠᠷ ᠳᠤᠤᠷ᠎ᠠ  ᠵᠠᠷᠤᠭᠳᠠᠵᠤ ᠪᠠᠶᠢᠭ᠎ᠠ ᠵᠠᠷᠤᠴᠠ ᠨᠠᠷ ᠵᠢᠴᠢ ᠡᠯ᠎ᠡ ᠭᠠᠵᠠᠷ  ᠠᠴᠠ  ᠴᠤᠭᠯᠠᠷᠠᠵᠤ ᠢᠷᠡᠭᠰᠡᠨ ᠬᠤᠰᠢᠭᠤ ᠨᠤᠲᠤᠭ ᠤᠨ ᠬᠠᠷᠠᠴᠤ ᠠᠷᠠᠳ᠂ ᠤᠪᠤᠭ᠎ᠠ ᠨᠠᠶᠢᠷ   ᠤᠨ ᠡᠷ᠎ᠡ ᠶᠢᠨ ᠭᠤᠷᠪᠠᠨ  ᠮᠦᠷᠦᠶᠢᠴᠡᠭᠡᠨ ᠳᠤ ᠤᠷᠤᠯᠴᠠᠬᠤ   ᠪᠠᠷ ᠢᠷᠡᠭᠰᠡᠨ  ᠡᠷᠡᠴᠡᠦᠳ ᠤᠪᠤᠭ᠎ᠠ ᠳᠠᠬᠢᠬᠤ ᠶᠤᠰᠤᠯᠠᠯ ᠳᠤ ᠤᠷᠤᠯᠴᠠᠳᠠᠭ᠃           ᠬᠤᠰᠢᠭᠤ ᠸᠠᠩ ᠪᠦᠬᠦᠯᠢ ᠬᠤᠨᠢᠨ ᠤ ᠲᠤᠯᠤᠭᠠᠢ ᠶᠢ ᠤᠪᠤᠭ᠎ᠠ ᠵᠦᠭ ᠬᠠᠨᠳᠤᠭᠤᠯᠵᠤ᠂ ᠭᠤᠤᠯ ᠳᠠᠬᠢᠯᠭ᠎ᠠ ᠪᠠᠨ  ᠳᠠᠬᠢᠭᠰᠠᠨ ᠤ ᠳᠠᠷᠠᠭ᠎ᠠ ᠬᠤᠶᠠᠷ ᠵᠠᠷᠤᠭᠳᠠᠭᠴᠢ ᠬᠦᠵᠢ ᠰᠢᠲᠠᠭᠠᠵᠤ᠂ ᠸᠠᠩ ᠨᠤᠶᠠᠨ ᠮᠦᠷᠭᠦᠯ ᠬᠢᠵᠦ ᠪᠠᠷᠠᠮᠠᠭᠴᠠ ᠤᠪᠤᠭ᠎ᠠ  ᠳᠠᠬᠢᠬᠤ ᠡᠭᠡᠯ ᠠᠷᠠᠳ ᠤᠳ ᠬᠤᠶᠢᠨ᠎ᠠ ᠬᠤᠶᠢᠨ᠎ᠠ ᠠᠴᠠ ᠪᠠᠨ ᠳᠠᠬᠢᠯᠭ᠎ᠠ ᠶᠢᠨ ᠵᠦᠢᠯᠡᠰ ᠢᠶᠠᠨ ᠡᠷᠭᠦᠵᠦ ᠤᠪᠤᠭᠠᠨ ᠳᠤ  ᠮᠦᠷᠭᠦᠨ᠎ᠡ᠃         ᠸᠠᠩ ᠨᠤᠶᠠᠨ ᠭᠠᠷ   ᠤᠨ ᠬᠡᠰᠢᠭ ᠪᠠᠷᠢᠵᠣ  ᠰᠢᠷ᠎ᠠ ᠲᠤᠰᠤᠨ ᠳᠤ ᠮᠢᠯᠢᠶᠠᠭᠰᠠᠨ ᠬᠤᠷᠤᠳ ᠬᠤᠷᠤᠶᠢᠯᠠᠵᠤ᠂  ᠤᠪᠤᠭ᠎ᠠ ᠶᠢᠨ ᠳᠠᠬᠢᠯᠭ᠎ᠠ ᠶᠢ ᠵᠦᠪ ᠢᠶᠠᠷ ᠭᠤᠷᠪᠠ ᠡᠷᠭᠢᠵᠦ᠄ ︽ᠲᠠᠪᠤᠨ ᠬᠤᠰᠢᠭᠤ ᠮᠠᠯ ᠰᠦᠷᠦᠭ ᠢᠷ᠎ᠡ ᠢᠷ᠎ᠡ︕  ᠬᠤᠷᠤᠢ︕ ᠬᠤᠷᠤᠢ︕︾ ᠭᠡᠵᠦ ᠲᠠᠯᠠᠯᠭ᠎ᠠ ᠠᠪᠳᠠᠭ᠃ ᠡᠭᠦᠨ ᠤ ᠳᠠᠷᠠᠭ᠎ᠠ ᠣᠯᠠᠨ ᠢᠶᠠᠷ ᠢᠶᠠᠨ ᠨᠤᠶᠠᠨ ᠢ ᠳᠠᠭᠠᠵᠤ  ᠳᠠᠬᠢᠨ ᠨᠢᠭᠡ ᠤᠳᠠᠭ᠎ᠠ ᠤᠪᠤᠭ᠎ᠠ ᠮᠦᠷᠭᠦᠵᠦ ᠪᠤᠯᠤᠨ᠎ᠠ᠃           ᠡᠨᠡ ᠦᠶ᠎ᠡ   ᠳᠤ ᠬᠤᠰᠢᠭᠤᠨ ᠰᠦᠮ᠎ᠡ ᠶᠢᠨ ᠳ᠋ᠤᠷᠠᠮ ᠲᠡᠷᠢᠭᠦᠲᠠᠢ ᠯᠠᠮ᠎ᠠ ᠨᠠᠷ ᠤᠪᠤᠭᠠᠨ ᠰᠠᠩ ᠤᠨ ᠨᠤᠮ  ᠤᠩᠰᠢᠨ᠂ ᠤᠯᠠᠨ   ᠢᠶᠠᠷ ᠢᠶᠠᠨ ᠭᠠᠭᠴᠠ ᠡᠪᠦᠳᠦᠭ ᠢᠶᠠᠷ ᠰᠦᠭᠦᠳᠴᠦ ᠨᠤᠮ ᠰᠤᠨᠤᠰᠤᠨ᠎ᠠ᠃ ᠤᠪᠤᠭᠠᠨ ᠰᠠᠩ ᠤᠨ ᠨᠤᠮ  ᠤᠩᠰᠢᠵᠤ ᠪᠠᠷᠠᠭᠰᠠᠨ ᠤ ᠳᠠᠷᠠᠭ᠎ᠠ ᠨᠤᠶᠠᠳ ᠲᠦᠰᠢᠮᠡᠳ ᠡᠭᠡᠯ ᠠᠷᠠᠳ ᠤᠳ ᠳᠠᠬᠢᠨ ᠨᠢᠭᠡ ᠤᠳᠠᠭ᠎ᠠ ᠤᠪᠤᠭᠠᠨ ᠳᠤ  ᠮᠦᠷᠭᠦᠨ᠎ᠡ᠃         ᠤᠪᠤᠭ᠎ᠠ ᠳᠠᠬᠢᠬᠤ ᠶᠤᠰᠤᠯᠠᠯ ᠲᠡᠭᠦᠰᠦᠭᠰᠡᠨ ᠤ ᠳᠠᠷᠠᠭ᠎ᠠ᠂ ᠤᠪᠤᠭ᠎ᠠ ᠳᠠᠬᠢᠬᠤ ᠳᠠᠭᠠᠭᠠᠮᠠᠯ ᠨᠤᠶᠠᠨ ᠡᠷ᠎ᠡ ᠶᠢᠨ  ᠭᠤᠷᠪᠠᠨ ᠨᠠᠭᠠᠳᠤᠮ ᠡᠬᠢᠯᠡᠬᠦ᠂ ᠤᠪᠤᠭᠠᠨ ᠨᠠᠶᠢᠷ ᠡᠬᠢᠯᠡᠬᠦ ᠵᠠᠷᠯᠢᠭ ᠲᠤᠩᠬᠠᠭᠯᠠᠵᠤ᠂ ᠭᠤᠷᠪᠠᠨ ᠡᠳᠦᠷ ᠤᠨ ᠨᠠᠶᠢᠷ  ᠨᠠᠭᠠᠳᠤᠮ ᠦᠪᠡᠳᠡᠭᠰᠢ ᠶᠡᠭᠡ ᠪᠠᠷ ᠶᠠᠪᠤᠭᠳᠠᠬᠤ ᠪᠤᠯᠤᠨ᠎ᠠ᠃ ᠲᠤᠬᠠᠢ ᠶᠢᠨ ᠦᠶ᠎ᠡ ᠳᠤ ᠸᠠᠩ   ᠤᠨ ᠪᠦᠬᠡ ᠨᠢ ᠰᠢᠷ᠎ᠠ  ᠭᠡᠳᠡᠭ ᠨᠡᠷᠡᠲᠠᠢ ᠰᠠᠶᠢᠨ ᠡᠷ᠎ᠡ ᠪᠦᠬᠡ ᠪᠠᠶᠢᠭᠰᠠᠨ ᠭᠡᠨ᠎ᠡ᠃         ᠪᠦᠬᠡ ᠶᠢᠨ ᠤᠷᠤᠯᠳᠤᠭᠠᠨ ᠤ ᠲᠡᠷᠢᠭᠦᠨ ᠱᠠᠩ ᠨᠢ ᠮᠤᠷᠢ ᠪᠤᠶᠤ ᠦᠬᠡᠷ ︵ᠤᠷᠲᠤ ᠰᠡᠭᠦᠯᠲᠦ︶ ᠪᠤᠯᠬᠤ ᠪᠦᠭᠡᠳ  ᠮᠦᠩᠭᠦᠨ ᠪᠠᠷᠢᠴᠠ ᠲᠠᠢ ᠵᠤᠳᠤᠭ ᠪᠤᠶᠤ ᠬᠤᠨᠢᠨ ᠳᠡᠪᠡᠯ ᠱᠠᠩᠨᠠᠳᠠᠭ ᠪᠠᠶᠢᠵᠠᠢ᠃ ᠳᠠᠷᠠᠭᠠᠴᠢ ᠶᠢᠨ ᠪᠦᠬᠡᠴᠤᠳ ᠲᠤ  ᠪᠦᠬᠦᠯᠢ ᠠᠪᠳᠠᠷᠠᠳᠦ ᠬᠦᠬᠡ ᠴᠠᠢ᠂  ᠵᠢᠶᠠᠨ ᠴᠸᠤ ᠪᠦᠬᠦᠯᠢ ᠪᠦᠰ᠂ ᠴᠠᠭᠠᠨ ᠬᠠᠳᠠᠭ ᠨᠢᠭᠡ ᠡᠩ ᠵᠡᠷᠭᠡ ᠪᠠᠷ ᠱᠠᠩᠨᠠᠳᠠᠭ  ᠪᠠᠶᠢᠵᠠᠢ᠃ ᠮᠤᠷᠢᠨ ᠤᠷᠤᠯᠳᠤᠭᠠᠨ ᠤ ᠲᠡᠷᠢᠭᠦᠨ ᠱᠠᠩ ᠨᠢ ᠬᠤᠨᠢ᠂ ᠲᠠᠩᠽᠢ᠂ ᠴᠠᠭᠠᠨ ᠬᠠᠳᠠᠭ ᠵᠡᠷᠭᠡ ᠪᠤᠯᠤᠨ᠎ᠠ᠃ ᠰᠤᠷ  ᠬᠠᠷᠪᠤᠯᠲᠠ ᠶᠢᠨ ᠲᠡᠷᠢᠭᠦᠨ ᠱᠠᠩ ᠨᠢ ᠨᠢᠭᠡ ᠵᠠᠭᠤᠨ ᠮᠦᠩᠭᠦᠨ ᠵᠤᠭᠤᠰ᠂ ᠳᠠᠷᠠᠭᠠᠯᠠᠭᠰᠠᠨ   ᠢ ᠨᠢ ᠴᠦ ᠪᠦᠷ ᠮᠦᠩᠭᠦᠨ  ᠵᠤᠭᠤᠰ ᠢᠶᠠᠷ ᠱᠠᠩᠨᠠᠳᠠᠭ᠃         ᠤᠪᠤᠭᠠᠨ ᠳᠠᠬᠢᠯᠭ᠎ᠠ ᠳᠤ ᠨᠡᠮᠡᠷᠢᠯᠡᠭᠰᠡᠨ ᠲᠠᠪᠤᠨ ᠬᠤᠰᠢᠭᠤ ᠮᠠᠯ  ᠵᠢᠴᠢ ᠪᠤᠰᠤᠳ  ᠪᠡᠯᠡᠭ ᠰᠡᠯᠲᠡ ᠶᠢ  ᠤᠪᠤᠭ᠎ᠠ  ᠳᠠᠬᠢᠬᠤ ᠳᠠᠭᠠᠭᠠᠮᠠᠯ ᠨᠤᠶᠠᠨ ᠳᠤ ᠬᠡᠷᠡᠭᠯᠡᠬᠦ ᠪᠠᠷ ᠪᠡᠯᠡᠳᠬᠡᠳᠡᠭ᠃ ᠡᠨᠡ ᠮᠡᠲᠦ ᠵᠢᠯ ᠳᠠᠷᠠᠭᠠᠯᠠᠨ ᠦᠷᠭᠦᠯᠵᠢᠯᠡᠵᠦ   ᠮᠤᠩᠭᠤᠯᠴᠤᠳ ᠤᠨ ᠰᠤᠶᠤᠯ ᠠᠮᠢᠳᠤᠷᠠᠯ ᠤᠨ ᠠᠮᠢᠳᠤᠷᠠᠯ ᠤᠨ ᠦᠪᠡᠷᠮᠢᠴᠡ ᠤᠨᠴᠠᠯᠢᠭ ᠪᠤᠯᠤᠭᠰᠠᠭᠠᠷ ᠢᠷᠡᠭᠰᠡᠨ  ᠪᠢᠯᠡ᠃                 ᠤᠩᠨᠢᠭᠤᠳ ᠬᠤᠰᠢᠭᠤᠨ ᠤ ᠵᠠᠰᠠᠭ ᠸᠠᠩ ᠤᠨ ᠲᠡᠭᠷᠢ ᠳᠠᠬᠢᠬᠤ ᠶᠤᠰᠤᠨ         ᠲᠡᠭᠷᠢ ᠳᠠᠬᠢᠬᠤ  ᠪᠤᠯ ᠮᠠᠨ ᠤ ᠮᠤᠩᠭᠤᠯ ᠦᠨᠳᠦᠰᠦᠲᠡᠨ ᠤ ᠦᠶ᠎ᠡ ᠤᠯᠠᠷᠢᠨ ᠤᠯᠠᠮᠵᠢᠯᠠᠵᠤ ᠢᠷᠡᠭᠰᠡᠨ ᠠᠮᠢᠳᠤᠷᠠᠯ   ᠤᠨ ᠵᠠᠩ ᠵᠠᠩᠰᠢᠯ ᠮᠦᠨ᠃           ᠤᠩᠨᠢᠭᠤᠳ  ᠬᠤᠰᠢᠭᠤᠨ ᠤ ᠵᠠᠰᠠᠭ ᠸᠠᠩ ᠤᠨ ᠲᠡᠭᠷᠢ ᠳᠠᠬᠢᠬᠤ ᠨᠢ ᠵᠢᠯ ᠪᠦᠷᠢ ᠶᠢᠨ ᠪᠢᠲᠡᠭᠦᠨ ᠤ ᠰᠦᠨᠢ  ᠶᠢᠨ  ᠦᠷ ᠤᠨ ᠭᠡᠭᠡ ᠠᠴᠠ ᠡᠮᠦᠨ᠎ᠡ ᠶᠠᠪᠤᠭᠳᠠᠳᠠᠭ᠃ ᠡᠭᠦᠨ ᠳᠤ ᠸᠠᠩ ᠤᠨ ᠤᠷᠳᠤᠨ ᠤ ᠡᠮᠦᠨ᠎ᠡ ᠦᠨᠳᠦᠷ ᠬᠦᠯ  ᠲᠠᠢ ᠶᠡᠭᠡ  ᠳᠦᠷᠪᠡᠯᠵᠢᠨ  ᠰᠢᠷᠡᠭᠡ  ᠵᠠᠰᠠᠵᠤ᠂ ᠲᠡᠭ ᠳᠤᠮᠳᠠ ᠨᠢ ᠰᠢᠷᠡᠮᠡᠭᠦᠨ ᠬᠦᠯᠢᠰ ᠲᠠᠯᠪᠢᠭᠠᠳ ᠬᠦᠵᠢ ᠰᠢᠲᠠᠭᠠᠵᠤ᠂  ᠪᠤᠭᠤᠷᠰᠤᠭ᠂ ᠵᠢᠮᠢᠰ᠂ ᠰᠠᠷᠵᠢᠮ ᠵᠡᠷᠭᠡ ᠳᠠᠬᠢᠯᠭ᠎ᠠ ᠡᠷᠭᠦᠳᠡᠭ᠃           ᠬᠤᠰᠢᠭᠤ ᠸᠠᠩ ᠲᠦᠷᠦ ᠶᠢᠨ ᠬᠤᠪᠴᠠᠰᠤ ᠪᠠᠨ ᠡᠮᠦᠰᠴᠦ᠂ ᠭᠡᠷ ᠬᠤᠳᠠᠯᠠᠭᠠᠷ ᠢᠶᠠᠨ ᠳᠠᠭᠠᠭᠤᠯᠵᠤ᠂ ᠤᠷᠢᠳᠠᠪᠠᠷ  ᠤᠮᠠᠷ᠎ᠠ ᠵᠦᠭ ᠬᠠᠨᠳᠤᠨ ᠲᠡᠭᠷᠢ ᠳᠤ ᠰᠦᠭᠦᠳᠦᠨ ᠮᠦᠷᠭᠦᠭᠡᠳ ᠳᠠᠷᠠᠭᠠᠴᠢ ᠪᠠᠷ ᠳᠦᠷᠪᠡᠨ ᠵᠦᠭ ᠨᠠᠢᠮᠠᠨ ᠵᠤᠪᠬᠢᠰ ᠲᠤ  ᠬᠠᠨᠳᠤᠨ ᠮᠦᠷᠭᠦᠳᠡᠭ᠃           ᠲᠡᠭᠷᠢ ᠳᠤ ᠮᠦᠷᠭᠦᠬᠦ ᠶᠤᠰᠤᠯᠠᠯ ᠲᠡᠭᠦᠰᠦᠭᠰᠡᠨ ᠤ ᠳᠠᠷᠠᠭ᠎ᠠ ᠰᠠᠭᠤᠭᠠᠯᠢ ᠭᠡᠷ ᠲᠤ ᠪᠠᠨ ᠤᠷᠤᠵᠤ᠂ ᠸᠠᠩ ᠨᠤᠶᠠᠨ  ᠲᠡᠷᠢᠭᠦᠲᠠᠢ ᠪᠦᠬᠦ ᠭᠡᠷ ᠢᠶᠠᠷ ᠢᠶᠠᠨ ᠳᠡᠭᠡᠳᠦᠰ ᠲᠤ ᠪᠠᠨ ᠮᠦᠷᠭᠦᠵᠦ᠂ ᠳᠠᠷᠠᠭᠠᠴᠢ ᠪᠠᠷ ᠦᠶ᠎ᠡ ᠨᠠᠰᠤ ᠪᠠᠷ ᠳᠠᠷᠠᠭᠠᠯᠠᠵᠤ ᠭᠡᠷ  ᠵᠠᠭᠤᠷ᠎ᠠ ᠶᠢᠨ ᠰᠢᠨ᠎ᠡ ᠶᠢᠨ ᠵᠤᠯᠭᠠᠯᠲᠠ ᠬᠢᠨ᠎ᠡ᠃         ᠰᠢᠨ᠎ᠡ ᠶᠢᠨ ᠨᠢᠭᠡᠨ ᠤ ᠦᠷᠯᠦᠭᠡ ᠬᠤᠰᠢᠭᠤᠨ ᠤ ᠨᠡᠷ᠎ᠡ ᠲᠦᠷᠦ ᠲᠠᠢ ᠯᠠᠮ᠎ᠠ ᠨᠠᠷ ᠸᠠᠩ ᠤᠨ ᠤᠷᠳᠤᠨ ᠳᠤ  ᠢᠷᠡᠵᠦ ᠭᠡᠷ ᠤᠨ ᠰᠠᠩ ᠤᠨ ᠨᠤᠮ ᠤᠨ ᠬᠤᠷᠠᠯ ᠬᠤᠷᠠᠨ᠎ᠠ᠃         ᠰᠢᠨ᠎ᠡ ᠶᠢᠨ ᠬᠤᠶᠠᠷ ᠤᠨ ᠡᠳᠦᠷ ᠬᠤᠰᠢᠭᠤᠨ ᠤ ᠡᠷᠬᠡ ᠮᠡᠳᠡᠭᠴᠢᠳ᠂  ᠪᠤᠶᠢᠲᠠᠢ᠂ ᠵᠠᠬᠢᠷᠤᠭᠴᠢ᠂ ᠮᠠᠶᠢᠷᠠᠨ᠂  ᠵᠠᠯᠠᠨ᠂ ᠲᠤᠰᠠᠯᠠᠭᠴᠢ ᠵᠡᠷᠭᠡ ᠨᠤᠶᠠᠳ ᠬᠤᠰᠢᠭᠤ ᠵᠠᠰᠠᠭ ᠤᠨ ᠶᠡᠭᠡ ᠲᠠᠩᠬᠢᠮ ᠳᠤ ᠴᠤᠭᠯᠠᠷᠠᠵᠤ  ᠰᠢᠨ᠎ᠡ ᠶᠢᠨ ᠵᠤᠯᠭᠠᠯᠲᠠ   ᠶᠢᠨ ᠶᠤᠰᠤᠯᠠᠯ  ᠬᠢᠳᠡᠭ᠃         ᠤᠩᠨᠢᠭᠤᠳ ᠬᠤᠰᠢᠭᠤᠨ ᠤ ᠵᠠᠰᠠᠭ ᠸᠠᠩ ᠤᠨ ᠭᠡᠷ ᠵᠠᠭᠤᠷ᠎ᠠ ᠶᠢᠨ ᠭᠠᠯ ᠳᠠᠬᠢᠬᠤ ᠶᠤᠰᠤᠨ         ᠭᠠᠯ ᠳᠠᠬᠢᠬᠤ ᠶᠤᠰᠤᠨ ᠪᠤᠯ ᠮᠠᠨ ᠤ ᠮᠤᠩᠭᠤᠯ ᠦᠨᠳᠦᠰᠦᠲᠡᠨ ᠤ ᠤᠵᠠᠭᠤᠷ ᠠᠴᠠ ᠪᠠᠨ ᠤᠯᠠᠮᠵᠢᠯᠠᠵᠤ ᠢᠷᠡᠭᠰᠡᠨ  ᠠᠮᠢᠳᠤᠷᠠᠯ ᠤᠨ ᠵᠠᠩ ᠵᠠᠩᠰᠢᠯ ᠮᠦᠨ᠃ ᠠᠵᠤ ᠠᠮᠢᠳᠤᠷᠠᠯ ᠤᠨ ᠦᠪᠡᠷᠮᠢᠴᠡ ᠤᠨᠴᠠᠯᠢᠭ ᠠᠴᠠ ᠪᠤᠯᠵᠤ ᠮᠤᠩᠭᠤᠯ  ᠦᠨᠳᠦᠰᠦᠲᠡᠨ ᠭᠠᠯ ᠢ ᠤᠨᠴᠠ ᠬᠦᠨᠳᠦᠳᠬᠡᠨ ᠳᠠᠬᠢᠳᠠᠭ᠃       ᠬᠤᠰᠢᠭᠤ ᠸᠠᠩ ᠤᠨ ᠭᠠᠯ ᠳᠠᠬᠢᠯᠭ᠎ᠠ ᠴᠦ ᠠᠳᠠᠯᠢᠬᠠᠨ ᠪᠠᠷ ᠵᠢᠯ ᠪᠦᠷᠢ ᠶᠢᠨ ᠪᠢᠯᠢᠭ ᠤᠯᠠᠷᠢᠯ ᠤᠨ ᠠᠷᠪᠠᠨ ᠬᠤᠶᠠᠷ  ᠰᠠᠷ᠎ᠠ ᠶᠢᠨ ᠬᠤᠷᠢᠨ ᠭᠤᠷᠪᠠᠨ ᠤ ᠪᠦᠷᠦᠢ ᠪᠤᠯᠬᠤ ᠦᠶ᠎ᠡ ᠳᠤ ᠶᠠᠪᠤᠭᠳᠠᠳᠠᠭ ︵ᠪᠠᠷᠠᠭᠤᠨ ᠤᠩᠨᠢᠭᠤᠳ ᠨᠢ ᠰᠢᠨ᠎ᠡ ᠶᠢᠨ  ᠨᠢᠭᠡᠨ ᠳᠤ ᠭᠠᠯ ᠳᠠᠬᠢᠳᠠᠭ  ︶᠃         ᠭᠠᠯ ᠤᠨ  ᠬᠤᠪᠤᠩ ᠢᠶᠠᠨ ᠭᠠᠳᠠᠨ᠎ᠠ ᠭᠡᠷ ᠤᠨ ᠢᠶᠠᠨ ᠬᠦᠰᠡᠷ ᠳᠤᠮᠳᠠ ᠲᠠᠯᠪᠢᠭᠠᠳ ᠲᠡᠮᠦᠷ ᠲᠤᠯᠭ᠎ᠠ  ᠳᠤᠬᠢᠷᠠᠭᠤᠯᠵᠤ᠂ ᠬᠠᠰᠠᠪᠠᠷ ︵ ᠬᠠᠶᠢᠯᠠᠰᠤᠨ ᠮᠤᠳᠤᠨ ᠤ ᠰᠠᠯᠠᠭ᠎ᠠ  ︶ ᠨᠤᠴᠤᠭᠠᠵᠤ᠂ ᠪᠦᠬᠦᠯᠢ ᠬᠤᠨᠢᠨ ᠤᠭᠤᠴᠠ  ᠪᠠᠨ  ᠳᠠᠬᠢᠯᠭ᠎ᠠ ᠶᠢᠨ ᠰᠢᠷᠡᠭᠡᠨ ᠳᠤ ᠲᠠᠯᠪᠢᠵᠤ᠂ ᠬᠡᠳᠡ ᠬᠢᠲᠤᠭ᠎ᠠ   ᠶᠢᠨ ᠦᠵᠦᠭᠦᠷ ᠢᠶᠠᠷ ᠵᠦᠪ ᠲᠠᠯ᠎ᠠ ᠠᠴᠠ ᠨᠢᠭᠡᠨ ᠬᠡᠰᠡᠭ  ᠦᠬᠡᠬᠦ ᠤᠭᠳᠤᠯᠵᠤ ᠭᠠᠯ ᠳᠤ ᠪᠠᠨ‌ᠡᠷᠭᠦᠭᠦ   ᠶᠢᠨ ᠬᠠᠮᠲᠤ ᠰᠢᠷ᠎ᠠ ᠲᠤᠰᠤ᠂ ᠬᠤᠷᠤᠳ ᠦᠷᠦᠮ᠎ᠡ᠂ ᠬᠠᠭᠤᠷᠤᠭᠰᠠᠨ ᠠᠮᠤ᠂  ᠴᠢᠪᠠᠭ᠎ᠠ ᠵᠡᠷᠭᠡ ᠢᠳᠡᠭᠡᠨ ᠤ ᠳᠡᠭᠡᠵᠢ ᠪᠠᠨ ᠡᠷᠭᠦᠨ᠎ᠡ᠃         ᠸᠠᠩ ᠲᠡᠷᠢᠭᠦᠲᠠᠢ ᠭᠡᠷ ᠬᠤᠳᠠᠯᠠᠭᠠᠷ ᠬᠤᠶᠢᠲᠤ ᠵᠦᠭ ᠬᠠᠨᠳᠤᠵᠤ ᠭᠠᠯ ᠳᠤ ᠪᠠᠨ ᠮᠦᠷᠭᠦᠨ ᠨᠢᠭᠡ ᠵᠢᠯ ᠤᠨ  ᠦᠭᠡᠳᠡ ᠡᠰᠡᠷᠡᠭ᠂ ᠦᠯᠵᠡᠢ ᠮᠡᠨᠳᠦ ᠶᠢ ᠳᠠᠭᠠᠳᠬᠠᠳᠠᠭ ᠪᠠᠶᠢᠨ᠎ᠠ᠃
 
ᠢᠷᠡᠯᠲᠡ᠄ ᠲᠤᠳᠤᠷᠬᠠᠢ ᠦᠭᠡᠢ
 
 
ᠬᠠᠮᠢᠶ᠎ᠠ ᠪᠥᠬᠦᠢ ᠰᠤᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备14003692号