ᠣᠩᠨᠢᠭᠤᠳ ᠮᠣᠩᠭᠤᠯᠴᠣᠳ ᠤᠨ ᠭᠠᠯ ᠤᠨ ᠪᠣᠲᠠᠭ᠎ᠠ | | ᠮᠣᠩᠭᠤᠯᠴᠣᠳ ᠭᠠᠯ ᠢ ᠠᠮᠢᠲᠣᠷᠠᠯ ᠦᠢᠯᠡᠳᠪᠦᠷᠢᠯᠡᠯ ᠳᠡᠭᠡᠨ ᠠᠰᠢᠬᠯᠠᠬᠤ ᠶᠢᠨ ᠣᠯᠠᠮ ᠠᠴᠠ ᠭᠠᠯ ᠢ ᠷᠢᠲᠢ | ᠰᠢᠲᠢ ᠲᠠᠢ ᠪᠠᠷ ᠦᠵᠡᠨ ᠪᠢᠰᠢᠷᠡᠨ ᠰᠢᠲᠦᠵᠦ ᠬᠦᠨᠲᠦᠳᠭᠡᠨ ᠲᠠᠬᠢᠵᠦ ᠪᠠᠶᠢᠬᠰᠠᠨ ᠨᠢ ᠪᠦᠷ ᠴᠣ᠋ ᠠᠯᠢ ᠡᠷᠲᠡᠨ ᠤ | ᠣᠴᠢᠷ ᠪᠢᠯᠡ᠃ ᠵᠢᠯ ᠪᠦᠷᠢ ᠶᠢᠨ ᠪᠢᠯᠢᠭ ᠤᠨ ᠣᠯᠠᠷᠢᠯ ᠤᠨ ᠯᠠ ᠰᠠᠷ᠎ᠠ ᠶᠢᠨ ᠬᠤᠷᠢᠨ ᠭᠤᠷᠪᠠᠨ ︵ᠵᠠᠷᠢᠮ ᠭᠠᠵᠠᠷ | ᠲᠤ ᠬᠤᠷᠢᠨ ᠲᠦᠷᠪᠡᠨ︶ ᠳᠤ ᠭᠠᠯ ᠲᠠᠬᠢᠬᠤ ᠣᠯᠠᠮᠵᠢᠯᠠᠯ ᠨᠢ ᠲᠠᠷᠣᠢ ᠡᠬᠦᠨ ᠤ ᠭᠡᠷᠡᠴᠢ ᠪᠣᠯᠬᠤ ᠶᠣᠮ᠃ | ᠣᠩᠨᠢᠭᠤᠳ ᠮᠣᠩᠭᠤᠯᠴᠣᠳ ᠭᠠᠯ ᠲᠠᠬᠢᠬᠤ ᠶᠢ ︽ᠪᠠᠭ᠎ᠠ ᠰᠢᠨ᠎ᠠ︾ ᠭᠡᠲᠡᠭ᠃ ᠭᠠᠯ ᠲᠠᠬᠢᠬᠤ ᠳᠤ | ᠭᠠᠯ ᠤᠨ ᠪᠣᠲᠠᠭ᠎ᠠ ᠪᠣᠯ ᠲᠣᠲᠠᠬᠲᠠᠵᠦ ᠪᠣᠯᠣᠰᠢ ᠦᠬᠡᠢ ᠪᠢᠯᠡ᠃ ᠭᠠᠯ ᠤᠨ ᠲᠠᠬᠢᠯᠭ᠎ᠠ ᠳᠤ ᠭᠡᠷᠡᠭᠰᠡᠬᠦ ᠬᠤᠨᠢ | ᠢᠮᠠᠭᠠᠨ ᠤ ᠡᠪᠴᠢᠬᠦᠦ ᠪᠠ ᠪᠣᠰᠣᠳ ᠬᠠ ᠭᠤᠶ᠎ᠠ ᠵᠡᠷᠭᠡ ᠶᠢ ᠴᠢᠨᠠᠬᠰᠠᠨ ᠱᠦᠯᠦᠨ ᠳᠤ ᠴᠠᠶᠢᠯᠭᠠᠬᠰᠠᠨ ᠮᠣᠩᠭᠤᠯ | ᠠᠮᠦ ᠬᠢᠵᠦ ᠠᠮᠣᠰᠣ ᠠᠭᠰᠢᠭᠠᠬᠤ ᠶᠢ ᠭᠠᠯ ᠤᠨ ᠪᠣᠲᠠᠭ᠎ᠠ ᠴᠢᠨᠠᠬᠤ ᠭᠡᠲᠡᠭ᠃ ᠠᠩᠬ᠎ᠠ ᠡᠷᠲᠡ ᠳᠤ ᠴᠣᠯ | ᠴᠠᠶᠢᠯᠭᠠᠬᠰᠠᠨ ᠮᠣᠩᠭᠤᠯ ᠠᠮᠦ ᠪᠠᠷ ᠭᠠᠯ ᠤᠨ ᠪᠣᠲᠠᠭ᠎ᠠ ᠴᠢᠨᠠᠵᠦ ᠪᠠᠶᠢᠬᠰᠠᠨ ᠢᠶᠠᠨ ᠴᠠᠬ ᠦᠶ᠎ᠡ ᠶᠢᠨ ᠬᠦᠭᠵᠢᠯᠲᠡ ᠶᠢ | ᠲᠠᠭᠠᠯᠲᠣᠨ ᠣᠯᠠᠮ ᠢᠶᠠᠷ ᠰᠢᠯᠦᠭᠡᠢ᠂ ᠨᠠᠷᠢᠮᠦ ᠰᠢᠯᠦᠭᠡᠢ ᠶᠢᠨ ᠬᠤᠯᠢᠰᠢ᠂ ᠨᠠᠷᠢᠮᠦ᠂ ᠨᠠᠷᠢᠮᠣ ᠲᠣᠲᠣᠷᠭ᠎ᠠ ᠶᠢᠨ | ᠬᠤᠯᠢᠰᠢ᠂ ᠲᠣᠲᠣᠷᠭ᠎ᠠ ︵ᠵᠠᠷᠢᠮ ᠳᠠᠭᠠᠨ ᠰᠢᠯᠦᠭᠡᠢ ᠲᠣᠲᠣᠷᠭ᠎ᠠ︶ ᠪᠠᠷ ᠣᠷᠣᠯᠠᠭᠤᠯᠬᠤ ᠪᠣᠯᠵᠠᠢ᠃ ᠢᠩᠬᠢᠬᠦ ᠳᠡᠭᠡᠨ | ᠭᠠᠯ ᠤᠨ ᠪᠣᠲᠠᠭᠠᠨ ᠳᠠᠭᠠᠨ ᠣᠯᠠᠭᠠᠨ ᠴᠢᠪᠠᠭ᠎ᠠ ᠬᠢᠵᠦ ᠴᠢᠨᠠᠬᠤ ᠵᠠᠩᠰᠢᠯ ᠠᠯᠢ ᠡᠷᠲᠡ ᠠᠴᠠ ᠲᠦᠭᠡᠮᠡᠯᠵᠢᠭᠰᠡᠨ | ᠪᠠᠶᠢᠨ᠎ᠠ᠃ ᠵᠠᠷᠢᠮ ᠠᠶᠢᠯ ᠤᠨ ᠬᠢᠨ ᠭᠠᠯ ᠤᠨ ᠪᠣᠲᠠᠭ᠎ᠠ ᠶᠢ ᠵᠠᠪᠠᠯ ᠡᠷᠡᠭᠲᠡᠢ ᠬᠦᠮᠦᠨ ︵ᠣᠯᠠᠩᠬᠢ ᠲᠣᠬᠢᠶᠠᠯᠲᠣᠯ ᠳᠤ | ᠭᠡᠷ ᠤᠨ ᠡᠵᠡᠨ︶ ᠴᠢᠨᠠᠬᠤ ᠶᠣᠰᠣ ᠲᠠᠢ ᠪᠠᠶᠢᠲᠠᠬ᠃ ᠣᠩᠨᠢᠭᠤᠳ ᠮᠣᠩᠭᠤᠯᠴᠣᠳ ᠶᠡᠷᠦ ᠨᠢ ᠭᠠᠯ ᠤᠨ ᠪᠣᠲᠠᠭ᠎ᠠ | ᠪᠠᠨ ᠣᠷᠣᠢ ᠶᠢᠨ ᠬᠤᠭᠤᠯᠠᠨ ᠤ ᠦᠶ᠎ᠡ ᠳᠤ᠂ ᠠᠲᠠᠬ ᠲᠠᠭᠠᠨ ᠰᠢᠷ᠎ᠠ ᠪᠦᠷᠦᠢ ᠲᠠᠰᠣᠷᠠᠵᠦ᠂ ᠣᠲᠣ ᠪᠦᠷᠢᠲᠦᠨ ᠭᠠᠯ | ᠲᠠᠬᠢᠬᠤ ᠠᠴᠠ ᠣᠷᠢᠳ ᠴᠢᠨᠠᠵᠦ᠂ ᠭᠠᠯ ᠤᠨ ᠪᠣᠲᠠᠭ᠎ᠠ ᠶᠢᠨ ᠢᠶᠠᠨ ᠲᠡᠭᠡᠵᠢ ᠪᠠᠷ ᠨᠢ ᠭᠠᠯ ᠲᠠᠬᠢᠬᠤ ᠳᠤ ᠪᠡᠯᠡᠭᠡᠨ | ᠪᠣᠯᠭᠠᠲᠠᠬ᠃ ᠭᠠᠯ ᠤᠨ ᠲᠠᠬᠢᠯᠭ᠎ᠠ ᠲᠠᠭᠤᠰᠣᠬᠰᠠᠨ ᠤ ᠲᠠᠷᠠᠭ᠎ᠠ ᠪᠦᠬᠦ ᠭᠡᠷ ᠢᠶᠠᠷ ᠢᠶᠠᠨ ᠴᠣᠬᠯᠠᠷᠠᠨ ᠭᠠᠯ ᠤᠨ ᠪᠣᠲᠠᠭ᠎ᠠ | ᠪᠠᠨ ᠢᠲᠡᠵᠦ ᠨᠠᠶᠢᠷᠯᠠᠯᠲᠣᠲᠠᠬ᠃ ᠶᠡᠷᠦ ᠨᠢ ᠭᠠᠯ ᠤᠨ ᠪᠣᠲᠠᠭ᠎ᠠ ᠪᠠᠨ ᠰᠢᠷ᠎ᠠ ᠲᠣᠰᠣ᠂ ᠴᠠᠭᠠᠨ ᠰᠢᠬᠢᠷ ᠲᠠᠢ | ᠬᠤᠳᠬᠤᠵᠦ ᠢᠲᠡᠲᠡᠭ ᠵᠠᠩᠰᠢᠯ ᠲᠠᠢ᠃ ᠬᠤᠭᠤᠯᠠᠨ ᠤ ᠲᠠᠷᠠᠭ᠎ᠠ ᠬᠡᠦᠬᠡᠳ ᠲᠠᠢ ᠠᠶᠢᠯ ᠨᠢ ᠣᠷᠢᠲᠠᠪᠠᠷ ᠠᠶᠢᠯ | ᠰᠠᠭᠠᠬᠠᠯᠲᠠ᠂ ᠲᠦᠷᠦᠯ ᠲᠦᠷᠦᠭᠰᠡᠳ ᠲᠡᠭᠡᠨ ︽ᠭᠠᠯ ᠤᠨ ᠬᠡᠰᠢᠭ︾ ᠬᠡᠮᠡᠨ ᠦᠯᠡᠲᠡᠭᠰᠡᠨ ᠮᠢᠬ᠎ᠠ ᠢᠲᠡᠭᠡ᠂ | ᠭᠠᠯ ᠤᠨ ᠪᠣᠲᠠᠭ᠎ᠠ ᠶᠢᠨ ᠬᠤᠪᠢ ᠪᠠᠨ ᠬᠡᠦᠬᠡᠳ ᠢᠶᠠᠷ ᠢᠶᠠᠨ ᠬᠦᠷᠭᠡᠯᠭᠡᠲᠡᠭ᠃ ᠬᠤᠪᠢ ᠲᠣᠰᠣᠬᠰᠠᠨ ᠠᠶᠢᠯ ᠨᠢ | ᠭᠠᠯ ᠤᠨ ᠬᠡᠰᠢᠭ ᠬᠦᠷᠭᠡᠭᠰᠡᠨ ᠬᠡᠦᠬᠡᠳ ᠲᠤ ᠰᠢᠬᠢᠷ ᠪᠣᠭᠤᠷᠰᠤᠬ᠂ ᠴᠢᠪᠠᠭ᠎ᠠ ᠵᠡᠷᠭᠡ ᠶᠢ ᠠᠳᠬᠤᠭᠤᠯᠲᠠᠬ ᠪᠦᠭᠡᠳ | ᠦᠪᠡᠷ ᠤᠨ ᠬᠤᠪᠢ ᠪᠠᠨ ᠬᠦᠷᠭᠡᠭᠡ ᠦᠬᠡᠢ ᠪᠣᠯ ᠬᠤᠪᠢ ᠠᠪᠴᠢᠷᠠᠬᠰᠠᠨ ᠰᠠᠪᠠᠨ ᠳᠤ ᠭᠠᠯ ᠤᠨ ᠪᠣᠲᠠᠭ᠎ᠠ᠂ ᠮᠢᠬ᠎ᠠ | ᠢᠲᠡᠭᠡ ᠪᠠᠨ ᠬᠠᠷᠢᠭᠤ ᠬᠤᠪᠢ ᠪᠣᠯᠭᠠᠨ ᠦᠭᠲᠡᠭ᠃ ᠬᠤᠯᠠᠬᠠᠨ ᠰᠢᠬ ᠲᠦᠷᠦᠯ ᠰᠠᠲᠣᠨ ᠤ ᠬᠢᠨ ᠳᠡᠭᠡᠨ ᠲᠠᠷᠠᠭ᠎ᠠ | ᠦᠷᠯᠦᠭᠡ ᠨᠢ ᠠᠮᠵᠢᠵᠦ ᠬᠦᠷᠭᠡᠲᠡᠭ ᠴᠣ᠋ ᠣᠲᠠᠭ᠎ᠠ ᠲᠠᠢ᠃ ᠭᠠᠯ ᠤᠨ ᠪᠣᠲᠠᠭ᠎ᠠ ᠶᠢ ᠭᠤᠷᠪᠠ ᠬᠤᠨᠤᠬ ᠢᠲᠡᠵᠦ | ᠬᠦᠷᠬᠦ ᠬᠡᠮᠵᠢᠶ᠎ᠡ ᠪᠠᠷ ᠴᠢᠨᠠᠲᠠᠬ ᠪᠦᠭᠡᠳ ᠴᠦᠭᠡᠩᠬᠢ ᠠᠶᠢᠯ ᠨᠢ ᠪᠠᠰᠠ ᠪᠢᠲᠡᠬᠦᠨ ᠤ ᠡᠳᠦᠷ ᠪᠣᠯᠲᠠᠯ᠎ᠠ ᠭᠠᠯ ᠤᠨ | ᠪᠣᠲᠠᠭ᠎ᠠ ᠢᠲᠡᠲᠡᠭ ᠵᠠᠩᠰᠢᠯ ᠲᠠᠢ ᠃ ᠲᠡᠭᠡᠬᠦ ᠳᠡᠭᠡᠨ ᠭᠠᠯ ᠤᠨ ᠪᠣᠲᠠᠭ᠎ᠠ ᠶᠢ ᠡᠷᠦᠢ ᠬᠤᠷᠣᠢ ᠦᠬᠡᠢ ᠬᠠᠶᠠᠬᠤ ᠪᠣᠶᠣ | ᠭᠠᠭ᠋ᠠᠢ ᠨᠣᠬᠠᠢ ᠳᠤ ᠦᠭᠬᠦ ᠶᠢ ᠣᠨᠴᠠᠭᠠᠢᠢᠯᠠᠨ ᠴᠡᠭᠡᠷᠯᠡᠲᠡᠭ᠃ | | 【 ᠶ᠊ · ᠬᠠᠰᠪᠠᠭᠠᠨ᠎ᠠ 】 |