ᠬᠡᠤᠬᠡᠳ ᠤᠨ ᠦᠰᠦᠯᠳᠠ ᠶᠢᠨ ᠶᠠᠪᠤᠴᠠ ᠳᠤ | ᠴᠢᠬᠤᠯᠠ ᠦᠢᠯᠡᠳᠤᠯ ᠦᠵᠡᠬᠦᠯᠳᠡᠭ ᠰᠠᠳᠬᠢᠴᠠ ᠶᠢᠨ ᠲᠤᠬᠢᠶ᠎ᠠ | | ᠡᠷᠳᠡᠨ ᠤ ᠦᠬᠡᠨ ᠳᠤ᠄ ᠬᠦᠮᠦᠨ ᠪᠤᠷᠬᠠᠨ ᠰᠠᠬᠢᠭᠤᠯᠰᠤᠨ ᠪᠢᠰᠢ᠂ ᠬᠡᠨ ᠬᠦᠮᠦᠨ ᠠᠯᠳᠠᠭ᠎ᠠ ᠭᠠᠷᠭᠠᠬᠤ ᠦᠬᠡᠢ | ᠪᠤᠢ︖ ᠭᠡᠵᠡᠢ᠃ ᠳᠤᠮᠤᠴᠤᠤᠯ ᠪᠠᠶᠢᠳᠠᠯ᠎ᠠ ᠪᠤᠷᠤᠭᠤ ᠭᠠᠷᠭᠠᠵᠥ ᠪᠠᠶᠢᠳᠠᠯ᠎ᠠ ᠰᠡᠳᠬᠢᠬᠦᠢ ᠨᠢ ᠬᠠᠷᠠᠬᠠᠨ ᠪᠤᠯᠪᠠᠰᠤᠷᠠᠭᠠ | ᠦᠬᠡᠢ ᠬᠡᠦᠬᠡᠳ ᠢ ᠨᠡᠩ ᠶᠠᠭᠤᠨ ᠦᠭᠦᠯᠡᠭᠦ ᠪᠢᠯᠡ︖ ᠠᠯᠳᠠᠭ᠎ᠠ ᠪᠤᠷᠤᠭᠤ ᠭᠠᠷᠭᠠᠭᠰᠠᠨ ᠬᠡᠦᠬᠡᠳ ᠲᠤ ᠮᠠᠨ ᠤ | ᠤᠯᠠᠩᠬᠢ ᠬᠡᠷ ᠤᠨ ᠠᠬᠠᠮᠠᠳ ᠶᠡᠷᠦᠳᠡᠭᠡᠨ ᠲᠡᠷᠡ ᠲᠤᠤᠷ᠎ᠠ ᠨᠢ ᠠᠭᠤᠷᠯᠠᠵᠤ ᠰᠢᠬᠦᠮᠵᠢᠯᠡᠬᠦ ᠠᠷᠭ᠎ᠠ ᠬᠡᠮᠵᠢᠶ᠎ᠠ ᠠᠪᠳᠠᠭ᠃ | | ᠲᠡᠬᠡᠪᠡᠯ᠂ ᠬᠡᠦᠬᠡᠳ ᠬᠠᠷᠢᠶᠠᠭᠳᠠᠭᠠᠳ ᠦᠩᠭᠡᠷᠡᠪᠡᠯ ᠤᠬᠠᠭᠠᠷᠠᠴᠢᠬᠠᠳᠠᠭ ᠤᠤ︖ ᠪᠤᠳᠠᠳᠤ ᠠᠬᠤᠢ | ᠬᠠᠷᠠᠭᠤᠯᠤᠭᠰᠠᠨ ᠢᠶᠠᠷ᠂ ᠭᠡᠷᠪᠡ ᠤᠯᠠᠨᠳᠠ ᠬᠠᠷᠢᠶᠠᠭᠳᠠᠵᠦ ᠰᠢᠭᠦᠮᠵᠢᠯᠡᠭᠳᠡᠭᠡᠳ ᠪᠠᠶᠢᠪᠠᠯ᠂ ᠬᠡᠦᠬᠡᠳ ᠬᠠᠷᠢᠨ ᠶᠠᠪᠤᠬᠤ | ᠲᠤᠳᠤᠮ ᠲᠤᠮᠤᠴᠤᠤᠯ ᠤᠨ ᠢᠶᠠᠨ ᠬᠦᠰᠡᠵᠤ ᠪᠤᠳᠤᠭᠰᠠᠨ ᠠᠴᠠ ᠲᠡᠷᠰᠯᠡᠵᠤ ᠬᠤᠯᠠᠳᠠᠳᠠᠭ ᠠᠵᠢ᠃ ᠲᠡᠬᠡᠪᠠᠯ ᠪᠢᠳᠡ | ᠶᠠᠭᠤᠨ ᠳᠤ ᠲᠤᠤ ᠰᠢᠩ ᡁᠢ ᠶᠢᠨ ︽ᠲᠦᠷᠪᠡᠨ ᠰᠢᠬᠢᠷ︾ ᠢᠶᠠᠷ ᠰᠢᠬᠦᠮᠵᠢᠯᠡᠭᠰᠡᠡ ᠤᠷᠠᠯᠢᠭ ᠢ ᠰᠤᠷᠤᠯᠴᠠᠬᠤ ᠦᠬᠡᠢ | ᠪᠤᠢ︖ | ᠲᠤᠬᠠᠢ ᠶᠢᠨ ᠵᠢᠯ ᠳᠤ ᠲᠤᠤ ᠰᠢᠩ ᡁᠢ ᠪᠠᠭ᠎ᠠ ᠰᠤᠷᠭᠠᠭᠤᠯᠢ ᠶᠢᠨ ᠵᠠᠬᠢᠷᠤᠯ ᠤᠨ ᠲᠤᠰᠢᠶᠠᠯ ᠢ ᠡᠬᠦᠷᠬᠡᠯᠡᠵᠤ | ᠪᠠᠶᠢᠵᠠᠢ ᠃ ᠨᠢᠬᠡᠨ ᠡᠳᠦᠷ ᠲᠡᠷᠡ ᠰᠤᠷᠭᠠᠭᠤᠯᠢ ᠶᠢᠨ ᠬᠦᠷᠢᠶᠡᠨ ᠳᠤ ᠸᠠᠩ ᠢᠦ ᠬᠡᠳᠡᠭ ᠡᠷᠡᠭᠳᠡᠢ ᠰᠤᠷᠤᠭᠴᠢ ᠰᠢᠪᠡᠷ | ᠢᠶᠠᠷ ᠠᠩᠬᠢ ᠶᠢᠨ ᠢᠶᠠᠨ ᠨᠢᠬᠡ ᠡᠷᠡᠭᠳᠡᠢ ᠰᠤᠷᠤᠭᠴᠢ ᠶᠢ ᠴᠤᠭᠢᠵᠦ ᠪᠠᠶᠢᠭᠰᠠᠨ ᠢ ᠤᠯᠵᠤ ᠦᠵᠡᠬᠡᠳ ᠬᠤᠷᠢᠬᠯᠠᠬᠤ | ᠶᠢᠨ ᠢᠶᠠᠨ ᠵᠠᠷᠬᠡᠪᠡᠷ᠂ ᠲᠡᠬᠦᠨ ᠢ ᠰᠤᠷᠭᠠᠭᠤᠯᠢ ᠲᠠᠷᠬᠠᠭᠰᠠᠨ ᠤ ᠲᠠᠷᠠᠭ᠎ᠠ ᠰᠤᠷᠭᠠᠭᠤᠯᠢ ᠶᠢᠨ ᠵᠡᠬᠢᠷᠤᠯ ᠤᠨ ᠠᠯᠪᠠᠨ | ᠬᠡᠷ ᠲᠤ ᠤᠴᠢᠬᠤ ᠶᠢ ᠱᠠᠭᠠᠷᠳᠠᠵᠠᠢ᠃ ᠰᠤᠷᠭᠠᠭᠤᠯᠢ ᠲᠠᠷᠬᠠᠬᠰᠠᠨ ᠤ ᠲᠠᠷᠠᠭ᠎ᠠ ᠲᠤᠤ ᠰᠢᠩ ᡁᠢ ᠠᠯᠪᠠᠨ ᠬᠡᠷ | ᠲᠡᠭᠡᠨ ᠤᠴᠢᠬᠤ ᠳᠤ᠂ ᠸᠠᠩ ᠢᠦ ᠨᠢᠬᠡᠨᠳᠡ ᠠᠯᠪᠠᠨ ᠬᠡᠷ ᠤᠨ ᠬᠢᠨᠢ ᠡᠬᠦᠳᠡᠨ ᠳᠤ ᠢᠷᠡᠴᠢᠭᠡᠭᠡᠳ ᠰᠢᠬᠦᠮᠵᠢᠯᠡᠭᠳᠡᠬᠦ | ᠪᠠᠷ ᠬᠦᠯᠢᠶᠡᠵᠤ ᠪᠠᠶᠢᠯ᠎ᠠ᠃ ᠬᠡᠳᠡᠯ᠎ᠡ ᠲᠡᠬᠦᠨ ᠢ ᠬᠠᠷᠠᠬᠰᠠᠨ ᠲᠤᠤ ᠰᠢᠩ ᡁᠢ ᠨᠢᠬᠡ ᠰᠢᠬᠢᠷ ᠭᠠᠷᠭᠠᠵᠤ᠄ ︽ᠡᠨᠡ | ᠰᠢᠬᠢᠷ ᠢ ᠴᠢᠮ᠎ᠠ ᠳᠤ ᠱᠠᠩᠨᠠᠶ᠎ᠠ᠂ ᠤᠴᠢᠷ ᠨᠢ ᠴᠢ ᠮᠢᠨᠦ ᠬᠡᠯᠡᠭᠰᠡᠨ ᠶᠤᠰᠤᠭᠠᠷ ᠲᠤᠬᠳᠠᠭᠰᠠᠨ ᠴᠠᠭ ᠲᠠᠭᠠᠨ ᠠᠳᠡ | ᠢᠷᠡᠭᠰᠡᠨ᠂ ᠬᠡᠳᠡᠯ᠎ᠡ ᠪᠢ ᠬᠠᠷᠢᠨ ᠤᠷᠦ᠋ᠢᠳᠠᠴᠢᠬᠠᠯᠠ︾ ᠬᠡᠪᠡ᠃ | ᠸᠠᠩ ᠢᠦ ᠰᠤᠴᠢᠨ ᠭᠠᠶᠢᠬᠠᠵᠤ ᠰᠢᠬᠢᠷ ᠢ ᠲᠤᠰᠴᠤ ᠠᠪᠤᠪᠠ᠃ ᠵᠠᠯᠭᠠᠭᠠᠳ ᠲᠤᠤ ᠰᠢᠩ ᡁᠢ ᠪᠡᠰᠡ ᠨᠢᠬᠡ | ᠰᠢᠬᠢᠷ ᠭᠠᠷᠭᠠᠵᠤ᠄ ︽ᠡᠨᠡ ᠨᠢᠬᠡ ᠰᠢᠬᠢᠷ ᠢ ᠪᠠᠰᠠ ᠴᠢᠮ᠎ᠠ ᠳᠤ ᠱᠠᠩᠨᠠᠶ᠎ᠠ᠂ ᠤᠴᠢᠷ ᠨᠢ ᠪᠢ ᠴᠢᠮ᠎ᠠ ᠶᠢ ᠬᠦᠮᠦᠨ ᠢ | ᠴᠤᠬᠢᠵᠤ ᠪᠤᠯᠬᠤ ᠦᠬᠡᠢ ᠬᠡᠬᠦ ᠦᠶ᠎ᠠ ᠳᠤ ᠴᠢ ᠲᠤᠤᠷ᠎ᠠ ᠨᠢ ᠴᠤᠬᠢᠬᠤ ᠪᠠᠨ ᠪᠠᠶᠢᠬᠰᠠᠨ᠂ ᠡᠨᠡ ᠪᠤᠯ ᠴᠢᠨᠦ ᠨᠡᠳᠡ ᠶᠢ | ᠬᠦᠨᠳᠦᠯᠡᠵᠤ ᠪᠠᠶᠢᠭ᠎ᠠ ᠶᠢ ᠬᠠᠷᠠᠭᠤᠯᠵᠤ ᠪᠤᠢ᠂ ᠪᠢ ᠴᠢᠮ᠎ᠠ ᠶᠢ ᠱᠠᠩᠨᠠᠬᠤ ᠶᠤᠰᠤᠳᠠᠢ︾ ᠬᠡᠬᠦ ᠳᠤ ᠸᠠᠩ ᠢᠦ ᠨᠡᠩ | ᠭᠠᠶᠢᠬᠠᠵᠤ ᠨᠢᠳᠦ ᠨᠢ ᠪᠦᠯᠳᠠᠶᠢᠪᠠ᠃ | ᠲᠤᠤ ᠰᠢᠩ ᡁᠢ ᠭᠤᠷᠪᠠᠳᠡᠬᠢ ᠰᠢᠬᠢᠷ ᠢᠶᠠᠨ ᠭᠠᠷᠭᠠᠵᠤ ᠸᠠᠩ ᠢᠦ ᠶᠢᠨ ᠭᠠᠷ ᠲᠤ ᠠᠳᠬᠤᠭᠤᠯᠤᠭᠠᠳ᠄ ︽ | ᠪᠢ ᠨᠢᠬᠡᠨᠳᠡ ᠪᠠᠶᠢᠴᠠᠭᠠᠵᠤ ᠦᠩᠬᠡᠷᠡᠭᠰᠡᠨ᠂ ᠴᠢ ᠰᠢᠪᠡᠷ ᠢᠶᠠᠷ ᠲᠡᠷᠡ ᠡᠷᠡᠭᠳᠡᠢ ᠰᠤᠷᠤᠬᠴᠢ ᠶᠢ ᠴᠤᠬᠢᠭᠰᠠᠨ ᠨᠢ | ᠲᠡᠷᠡ ᠲᠤᠬᠯᠠᠭᠠᠮ ᠤᠨ ᠲᠦᠷᠢᠮ ᠢ ᠵᠢᠷᠤᠮᠯᠠᠬᠤ ᠦᠬᠡᠢ᠂ ᠡᠮᠡᠭᠳᠡᠢ ᠰᠤᠷᠤᠬᠴᠢ ᠶᠢ ᠮᠠᠭᠤᠴᠢᠯᠠᠭᠰᠠᠠ ᠶᠤᠮ ᠪᠠᠶᠢᠨ᠎ᠠ︔ | ᠢᠡᠭᠬᠢᠬᠡᠳ ᠴᠢ ᠲᠡᠬᠦᠨ ᠢ ᠴᠤᠬᠢᠬᠰᠠᠨ᠂ ᠡᠨᠡ ᠨᠢ ᠴᠢᠨᠦ ᠠᠰᠪᠦᠷᠢ ᠰᠢᠯᠤᠭᠤᠨ᠂ ᠮᠠᠭᠤ ᠬᠦᠮᠦᠨ ᠮᠠᠭᠤ ᠶᠠᠪᠤᠳᠠᠯ | ᠲᠠᠢ ᠲᠡᠮᠡᠴᠡᠬᠦ ᠵᠤᠷᠢᠭ ᠰᠦᠰᠦ ᠲᠠᠢ ᠶᠢ ᠬᠠᠷᠠᠭᠤᠯᠵᠤ ᠪᠤᠢ᠂ ᠪᠢ ᠴᠢᠮ᠎ᠠ ᠶᠢ ᠱᠠᠩᠨᠠᠬᠤ ᠶᠤᠰᠤᠳᠠᠢ︕︾ ᠬᠡᠬᠦ ᠳᠤ | ᠸᠠᠩ ᠢᠦ ᠲᠦᠢᠯ ᠢᠶᠠᠷ ᠰᠡᠳᠬᠢᠯ ᠲᠤᠭᠳᠤᠯᠤᠨ ᠨᠢᠯᠪᠦᠰᠦ ᠪᠦᠮᠪᠦᠷᠢᠬᠦᠯᠦᠨ ᠬᠠᠰᠬᠢᠷᠬᠤ ᠰᠢᠬᠠᠭᠤ᠄ ︽ᠵᠠᠬᠢᠷᠤᠯ ᠡ᠂ | ᠲᠠ ᠨᠠᠳᠠ ᠶᠢ ᠨᠢᠬᠡ ᠬᠤᠶᠠᠷ ᠠᠯᠠᠭᠠᠳᠠᠴᠢᠬᠠ︕ ᠪᠢ ᠪᠤᠷᠤᠭᠤ ᠪᠤᠯᠤᠭᠰᠠᠨ᠂ ᠪᠢ ᠦᠪᠡᠷ ᠤᠨ ᠬᠠᠮᠳᠤ | ᠰᠤᠷᠤᠭᠴᠢ ᠪᠠᠨ ᠴᠤᠬᠢᠬᠰᠠᠨ ᠨᠢ ᠪᠤᠷᠤᠭᠤ︕︾ ᠬᠡᠵᠡᠢ᠃ | ᠲᠤᠤ ᠰᠢᠩ ᡁᠢ ᠢᠨᠢᠶᠡᠴᠢᠬᠡᠯᠡ᠂ ᠲᠡᠷᠡ ᠲᠦᠷᠪᠡᠳᠡᠬᠢ ᠰᠢᠬᠢᠷ ᠢᠶᠠᠨ ᠭᠠᠷᠭᠠᠵᠤ ᠲᠡᠬᠦᠨ ᠳᠤ ᠦᠭᠬᠦᠬᠡᠳ᠄ ︽ | ᠴᠢ ᠦᠪᠡᠷ ᠤᠨ ᠪᠤᠷᠤᠭᠤ ᠪᠠᠨ ᠵᠦᠪ ᠢᠶᠠᠷ ᠲᠠᠨᠢᠭᠰᠠᠨ ᠪᠠᠶᠢᠨ᠎ᠠ᠂ ᠪᠢ ᠴᠢᠮ᠎ᠠ ᠳᠤ ᠪᠠᠰᠠ ᠨᠢᠬᠡ ᠰᠢᠬᠢᠷ ᠱᠠᠩᠨᠠᠶ᠎ᠠ᠂ | ᠬᠠᠷᠠᠮᠰᠠᠯᠳᠠᠢ ᠨᠢ ᠨᠠᠳᠠᠳᠤ ᠦᠬᠡᠷ᠎ᠠ ᠰᠢᠬᠢᠷ ᠦᠬᠡᠢ ᠪᠤᠯᠴᠢᠬᠠᠯ᠎ᠠ᠂ ᠲᠡᠬᠡᠪᠠᠯ ᠮᠠᠠ ᠤ ᠶᠠᠷᠢᠯᠴᠠᠭ᠎ᠠ ᠴᠤ ᠠᠳᠠ | ᠬᠦᠷᠦᠬᠡᠳ ᠵᠠᠪᠰᠠᠷᠯᠠᠶ᠎ᠠ︾ ᠬᠡᠵᠡᠢ᠃ | ᠲᠤᠤ ᠰᠢᠩ ᡁᠢ ᠶᠢᠨ ᠡᠨᠡᠬᠦ ᠬᠢᠳᠡᠯ ᠨᠢ᠂ ᠵᠠᠷᠢᠮ ᠪᠠᠭᠰᠢ ᠪᠤᠯᠤᠨ ᠬᠡᠷ ᠤᠨ ᠠᠬᠠᠮᠠᠳ ᠤᠨ ᠬᠡᠷ ᠤᠨ ᠡᠵᠡᠨ | ᠵᠠᠷᠤᠴᠠ ᠳᠠᠭᠠᠨ ᠬᠠᠨᠳᠤᠬᠤ ᠤᠪᠤᠷ ᠢᠶᠠᠷ ᠭᠡᠦᠭᠡᠳ ᠢ ᠬᠠᠷᠢᠶᠠᠵᠤ ᠰᠢᠬᠦᠮᠵᠢᠯᠡᠬᠦ ᠲᠠᠢ ᠠᠳᠠᠯᠢ ᠦᠬᠡᠢ᠃ ᠬᠠᠷᠢᠨ | ᠬᠡᠦᠬᠡᠳ ᠢ ᠦᠪᠡᠷ ᠤᠨ ᠪᠠᠶ᠎ᠠ ᠲᠠᠢ ᠪᠠᠨ ᠡᠷᠬᠡ ᠲᠡᠭᠰᠢ ᠪᠠᠶᠢᠷᠢᠨ ᠳᠤ ᠲᠠᠯᠪᠢᠵᠤ᠂ ᠠᠭᠤᠳᠠᠮᠴᠢ ᠪᠠᠭᠳᠠᠭᠠᠮᠵᠢᠳᠠᠢ | ᠰᠡᠳᠬᠢᠯᠬᠡ ᠪᠠᠷ ᠬᠡᠦᠬᠡᠳ ᠤᠨ ᠠᠯᠳᠠᠭ᠎ᠠ ᠪᠤᠷᠤᠭᠤ ᠳᠤ ᠬᠠᠨᠳᠤᠵᠤ᠂ ᠪᠠᠭ᠋ᠠᠷᠬᠠᠵᠤ ᠮᠠᠬᠳᠠᠬᠤ ᠰᠡᠳᠬᠢᠯᠭᠡ ᠪᠠᠷ | ᠬᠡᠦᠬᠡᠳ ᠤᠨ ᠪᠡᠶ᠎ᠠ ᠳᠠᠬᠢ ᠲᠠᠪᠠᠭᠤᠯᠢᠭ ᠢ ᠬᠦᠬᠢᠬᠦᠯᠦᠨ ᠱᠠᠩᠨᠠᠪᠠ᠃ ᠲᠡᠬᠦᠨ ᠤ ᠬᠢᠳᠡᠯ ᠨᠢ ᠬᠡᠦᠬᠡᠳ ᠲᠤ᠄ ᠪᠢ | ᠲᠡᠨ ᠤ ᠪᠡᠶ᠎ᠠ ᠳᠠᠬᠢ ᠰᠠᠶᠢᠨ ᠲᠠᠢ ᠲᠠᠯ᠎ᠠ ᠶᠢ ᠪᠠᠭ᠋ᠠᠷᠬᠠᠵᠤ ᠪᠠᠶᠢᠨ᠎ᠠ᠂ ᠪᠢ ᠲᠠᠨ ᠤ ᠪᠤᠷᠤᠭᠤ ᠪᠠᠨ ᠵᠠᠯᠠᠷᠠᠭᠤᠯᠵᠤ ᠨᠡᠩ | ᠰᠢᠯᠢᠳᠡᠭ ᠪᠤᠯᠬᠤ ᠶᠢ ᠬᠦᠰᠡᠵᠤ ᠪᠠᠶᠢᠨ᠎ᠠ ᠬᠡᠵᠤ ᠲᠡᠮ ᠢᠶᠠᠷ ᠲᠤᠬᠢᠬᠰᠠᠠ ᠶᠠᠪᠤᠳᠠᠯ ᠪᠤᠯᠤᠨ᠎ᠠ᠃ ᠡᠶᠢᠮᠦ ᠪᠠᠭᠰᠢ ᠶᠢᠨ | ᠡᠮᠦᠨ᠎ᠡ ᠬᠡᠦᠬᠡᠳ ᠶᠠᠮᠠᠷ ᠰᠢᠯᠳᠠᠭᠠᠨ ᠢᠶᠠᠷ ᠦᠪᠡᠷ ᠤᠨ ᠠᠯᠳᠠᠭ᠎ᠠ ᠪᠤᠷᠤᠭᠤ ᠪᠠᠨ ᠵᠠᠯᠠᠷᠠᠭᠤᠯᠬᠤ ᠦᠬᠡᠢ ᠪᠠᠶᠢᠬᠤ ᠪᠤᠢ︖ | ᠤᠳᠠᠭ᠎ᠠ ᠪᠤᠯᠭᠠᠨ ᠤ ᠬᠦᠬᠢᠬᠦᠯᠦᠨ ᠱᠠᠩᠨᠠᠬᠤ ᠴᠢᠭᠯᠡᠯ ᠲᠤᠳᠤᠷᠬᠠᠢ ᠪᠠᠶᠢᠬᠤ ᠬᠡᠷᠡᠭᠳᠡᠢ᠃ | ᠡᠨᠡ ᠦᠯᠢᠬᠡᠷ ᠲᠤ ᠲᠤᠤ ᠵᠡᠬᠢᠷᠤᠯ ᠤᠨ ᠰᠢᠬᠢᠷ ᠨᠢᠬᠡᠪᠦᠷᠢ ᠶᠢᠨ ᠱᠠᠩᠨᠠᠬᠤ ᠵᠤᠷᠢᠯᠭ᠎ᠠ ᠨᠢ ᠴᠦᠮ ᠢᠯᠡ | ᠲᠤᠳᠤᠷᠬᠠᠢ ᠄ ᠨᠢᠬᠡᠳᠦᠬᠡᠷ ᠰᠢᠬᠢᠷ ᠨᠢ ᠸᠠᠩ ᠢᠦ ᠶᠢᠨ ᠴᠠᠭ ᠲᠠᠭᠠᠨ ᠬᠦᠷᠴᠤ ᠢᠷᠡᠭᠰᠡᠨ ᠢ ᠬᠦᠬᠢᠬᠦᠯᠦᠨ ᠱᠠᠩᠨᠠᠵᠤ᠂ | ᠬᠤᠶᠠᠳᠤᠭᠠᠷ ᠰᠢᠬᠢᠷ ᠨᠢ ᠸᠠᠩ ᠢᠦ ᠶᠢᠨ ᠲᠡᠷᠡ ᠲᠤᠤᠷ᠎ᠠ ᠨᠢ ᠬᠦᠮᠦᠨ ᠢ ᠴᠤᠬᠢᠬᠤ ᠪᠠᠨ ᠪᠠᠶᠢᠵᠤ ᠪᠠᠭᠰᠢ ᠶᠢᠨ ᠢᠶᠠᠨ | ᠦᠬᠡ ᠶᠢ ᠰᠤᠨᠤᠰᠤᠬᠰᠠᠨ ᠢ ᠬᠦᠬᠢᠬᠦᠯᠦᠨ ᠱᠠᠩᠨᠠᠵᠤ᠂ ᠭᠤᠷᠪᠠᠳᠤᠭᠠᠷ ᠰᠢᠬᠢᠷ ᠨᠢ ᠸᠠᠩ ᠢᠦ ᠶᠢᠨ ᠠᠰᠪᠤᠷᠢ | ᠰᠢᠯᠤᠭᠤᠨ ᠢ ᠬᠦᠬᠢᠬᠦᠯᠦᠨ ᠱᠠᠩᠨᠠᠵᠤ᠂ ᠲᠦᠷᠪᠡᠳᠦᠭᠡᠷ ᠰᠢᠬᠢᠷ ᠨᠢ ᠸᠠᠩ ᠢᠦ ᠶᠢᠨ ᠪᠤᠷᠤᠭᠤ ᠪᠠᠨ ᠵᠦᠪ ᠢᠶᠠᠷ | ᠮᠡᠳᠡᠷᠡᠭᠰᠡᠨ ᠢ ᠬᠦᠬᠢᠬᠦᠯᠦᠨ ᠱᠠᠩᠨᠠᠵᠠᠢ᠃ ᠰᠢᠬᠢᠷ ᠪᠦᠷᠢ ᠨᠢ ᠸᠠᠩ ᠢᠦ ᠳᠤ ᠦᠪᠠᠷ ᠢᠶᠠᠨ ᠶᠠᠭᠤᠨ ᠳᠤ | ᠱᠠᠩᠨᠠᠬᠳᠠᠭᠰᠠᠨ ᠭᠡᠳᠡᠭ ᠢ ᠲᠤᠳᠤᠷᠬᠠᠢ ᠮᠡᠳᠡᠬᠦᠯᠵᠡᠢ᠃ ᠡᠩ ᠤᠨ ᠦᠶ᠎ᠠ ᠳᠤ ᠪᠢᠳᠡ ᠡᠨᠡ ᠡᠳᠦᠷ ᠬᠡᠦᠬᠡᠳ ᠤᠨ | ᠢᠯᠡᠷᠡᠯ ᠲᠤᠩ ᠰᠠᠶᠢᠨ᠂ ᠡᠰᠡᠬᠦᠯ᠎ᠡ ᠢᠯᠡᠷᠡᠯ ᠰᠠᠶᠢᠨ ᠪᠢᠰᠢ ᠬᠡᠵᠤ ᠬᠡᠯᠡᠬᠦ ᠲᠤᠷᠠᠳᠠᠢ ᠠᠴᠠ ᠪᠢᠰᠢ᠂ ᠬᠡᠦᠬᠡᠳ ᠤᠨ | ᠢᠯᠡᠷᠡᠯ ᠰᠠᠶᠢᠨ ᠪᠤᠶᠤ ᠰᠠᠶᠢᠨ ᠪᠢᠰᠢ ᠨᠢ ᠶᠠᠮᠠᠷᠰᠢᠦ ᠪᠤᠳᠠᠳᠠᠢ ᠠᠵᠢᠯᠯᠠᠭ᠎ᠠ ᠶᠢ ᠵᠢᠭᠠᠵᠤ ᠪᠠᠶᠢᠬᠤ ᠶᠢ | ᠲᠤᠳᠤᠷᠬᠠᠢᠢᠯᠠᠵᠤ ᠦᠭᠬᠦ ᠦᠬᠡᠢ ᠦᠩᠭᠡᠷᠡᠳᠡᠭ᠃ ᠡᠨᠡ ᠨᠢ ᠬᠡᠦᠬᠡᠳ ᠲᠤ ︽ᠪᠢ ᠠᠯᠢ ᠲᠠᠯ᠎ᠠ ᠳᠤ ᠢᠯᠡᠷᠡᠯ ᠰᠠᠶᠢᠨ | ᠂ ᠠᠯᠢ ᠲᠠᠯ᠎ᠠ ᠳᠤ ᠬᠦᠷᠦᠯᠴᠡᠬᠦ ᠦᠬᠡᠢ ᠪᠤᠢ︖ ᠪᠢ ᠠᠯᠢ ᠠᠵᠢᠯᠯᠠᠭ᠎ᠠ ᠪᠠᠨ ᠦᠷᠬᠦᠯᠵᠢᠯᠡᠬᠦᠯᠪᠡᠯ ᠵᠤᠬᠢᠬᠤ ᠪᠤᠢ︖ | ︾ ᠬᠡᠬᠦ ᠲᠦᠢᠯ ᠤᠨ ᠪᠡᠯᠡᠷᠬᠠᠢ ᠮᠡᠳᠡᠭᠡ ᠵᠠᠩᠬᠢ ᠶᠢ ᠲᠠᠮᠵᠢᠭᠤᠯᠬᠤ ᠪᠤᠯᠤᠨ᠎ᠠ᠃ ᠬᠡᠦᠬᠡᠳ ᠤᠨ ᠲᠠᠰᠬᠠᠯ ᠬᠢᠬᠦ ᠪᠠᠷ | ᠵᠢᠱᠢᠶᠡᠯᠡᠶ᠎ᠡ᠂ ᠬᠡᠦᠬᠡᠳ ᠤᠨ ᠲᠤᠭᠳᠠᠬᠰᠠᠨ ᠴᠠᠭ ᠲᠠᠭᠠᠨ ᠲᠠᠰᠬᠠᠯ ᠢᠶᠠᠨ ᠬᠢᠵᠤ ᠪᠠᠷᠠᠬᠰᠠᠨ ᠳᠤ ᠲᠡᠬᠦᠨ ᠢ ︽ | ᠢᠯᠡᠷᠡᠯ ᠰᠠᠶᠢᠨ︾ ᠬᠡᠵᠤ ᠬᠦᠬᠢᠬᠦᠯᠦᠨ᠎ᠠ ᠤᠤ︖ ᠡᠰᠡᠬᠦᠯ᠎ᠡ ᠬᠡᠦᠬᠡᠳ ᠤᠨ ᠦᠰᠦᠭ ᠢᠶᠠᠨ ᠲᠡᠷᠢ ᠲᠡᠭᠰᠢ ᠪᠢᠴᠢᠭᠰᠡᠨ | ᠂ ᠡᠰᠡᠬᠦᠯ᠎ᠡ ᠲᠦᠷᠭᠡᠨ ᠪᠢᠴᠢᠵᠤ ᠰᠠᠶᠢᠨ ᠪᠡᠶᠡᠯᠡᠬᠦᠯᠪᠡᠯ ᠰᠠᠶᠢ ︽ ᠢᠯᠡᠷᠡᠯ ᠰᠠᠶᠢᠨ︾ ᠬᠡᠵᠤ ᠬᠦᠬᠢᠬᠦᠯᠪᠡᠯ | ᠲᠠᠭᠠᠷᠠᠨ᠎ᠠ ᠤᠤ︖ ᠡᠶᠢᠮᠦ ᠠᠴᠠ ᠪᠢᠳᠡ ᠬᠡᠦᠬᠡᠳ ᠲᠤ ᠡᠷᠬᠡᠪᠰᠢ ᠢᠯᠡ ᠲᠤᠳᠤᠷᠬᠠᠢ ᠲᠤᠬᠢᠶ᠎ᠠ ᠦᠭᠬᠦ ᠬᠡᠷᠡᠭᠳᠡᠢ᠄ | ︽ᠴᠢ ᠡᠨᠡ ᠡᠳᠦᠷ ᠲᠠᠰᠬᠠᠯ ᠢᠶᠠᠨ ᠬᠢᠬᠦ ᠳᠡᠭᠡᠨ ᠦᠰᠦᠭ ᠢᠶᠠᠨ ᠲᠤᠳᠤᠷᠬᠠᠢ ᠪᠢᠴᠢᠭᠰᠡᠨ ᠲᠤᠯᠡ ᠨᠢᠬᠡ ᠤᠳᠠᠭ᠎ᠠ | ᠰᠠᠶᠢᠰᠢᠶᠠᠨ᠎ᠠ︾᠂ ᠢᠩᠬᠢᠬᠦ ᠨᠢ ᠬᠡᠦᠬᠡᠳ ᠤᠨ ᠰᠠᠶᠢᠨ ᠠᠵᠢᠯᠯᠠᠭ᠎ᠠ ᠶᠢ ᠵᠤᠷᠢᠭᠵᠢᠭᠤᠯᠵᠦ᠂ ᠨᠠᠵᠠᠭᠠᠢ ᠠᠵᠢᠯᠯᠠᠭ᠎ᠠ ᠶᠢ | ᠨᠢ ᠵᠠᠯᠠᠷᠠᠭᠤᠯᠬᠤ ᠪᠤᠯᠤᠨ᠎ᠠ᠃ | ︽ᠲᠡᠬᠦᠨ ᠤ ᠨᠢᠬᠡ ᠤᠳᠠᠭᠠᠨ ᠤ ᠪᠤᠷᠤᠭᠤ ᠶᠢ ᠰᠢᠬᠦᠮᠵᠢᠯᠡᠬᠦ ᠶᠢᠨ ᠤᠷᠤᠨ ᠳᠤ ᠨᠢᠬᠡ ᠰᠠᠶᠢᠨ ᠲᠠᠢ ᠲᠠᠯ᠎ᠠ ᠶᠢ | ᠨᠢ ᠰᠠᠶᠢᠰᠢᠶᠠᠬᠤ ᠶᠢ ᠬᠦᠷᠬᠦ ᠦᠬᠡᠢ︾᠃ ᠬᠡᠷᠪᠡ ᠪᠢᠳᠡ ᠬᠡᠦᠬᠡᠳ ᠲᠤ ᠵᠤᠷᠢᠭᠤᠯᠤᠭᠰᠠᠠ ᠰᠢᠬᠦᠮᠵᠢᠯᠡᠯ ᠢᠶᠠᠨ ᠨᠢᠬᠡᠨ | ᠲᠠᠪᠬᠤᠷ ︽ᠰᠢᠬᠢᠷ︾ ᠢᠶᠠᠷ ᠪᠠᠭᠯᠠᠬᠤ ᠳᠤ ᠬᠦᠷᠪᠡᠯ᠂ ᠬᠡᠦᠬᠡᠳ ᠬᠦᠰᠠᠯ ᠰᠠᠨᠠᠭ᠎ᠠ ᠪᠠᠷ ᠴᠢᠨᠢ ᠡᠷᠡᠬᠦᠯ ᠴᠢᠬᠢᠷᠠᠭ | ᠪᠠᠶᠠᠷ ᠵᠢᠷᠭᠠᠯ ᠲᠠᠢ ᠦᠰᠦᠨ ᠪᠤᠶᠢᠵᠢᠬᠤ ᠴᠢᠳᠠᠬᠤ ᠨᠢ ᠯᠠᠪᠳᠠᠢ᠃ | | ︵ᠰᠢᠤ ᠬᠤᠸ᠋ᠨ ᠤᠷᠴᠢᠭᠤᠯᠪᠠ︶ |