ᠦᠨᠳᠦᠷ ᠬᠤᠪᠢ ᠰᠠᠶᠢᠨ ᠬᠡᠦᠬᠡᠳ ᠤᠨ ᠪᠠᠷᠢᠮᠵᠢᠶ᠎ᠡ ᠪᠢᠰᠢ
ᠨᠡᠶᠢᠲᠡᠯᠡᠭᠰᠡᠨ ᠴᠠᠭ᠄
2016/4/7
            ᠦᠨᠳᠦᠷ ᠬᠤᠪᠢ ᠰᠠᠶᠢᠨ ᠬᠡᠦᠬᠡᠳ ᠤᠨ ᠪᠠᠷᠢᠮᠵᠢᠶ᠎ᠡ ᠪᠢᠰᠢ                          ᠲᠤᠮᠳᠠᠳᠤ ᠪᠠᠭ᠎ᠠ ᠰᠤᠷᠭᠠᠭᠤᠯᠢ ᠶᠢᠨ ᠰᠤᠷᠤᠬᠴᠢᠳ ᠤᠨ ᠬᠤᠭᠤᠴᠠᠭᠠᠨ ᠡᠴᠤᠰ ᠤᠨ ᠰᠢᠯᠭᠠᠯᠳᠠ ᠥᠢᠷᠡᠳᠥᠯ᠎ᠠ ᠃            ᠪᠠᠭᠰᠢ ᠨᠠᠷ : ︽ᠬᠤᠪᠢ᠂ ᠬᠤᠪᠢ᠂ ᠬᠤᠪᠢ ᠪᠤᠯ ᠰᠤᠷᠤᠬᠴᠢ ᠶᠢᠨ ᠠᠮᠢ ᠨᠠᠰᠤ︾ ᠬᠡᠵᠥ ᠥᠷᠬᠦᠯᠵᠢ ᠶᠡᠷᠢᠳᠠᠬ᠃            ᠲᠡᠭᠡᠪᠡᠯ ᠪᠢᠳᠡ ᠰᠤᠷᠤᠬᠴᠢᠳ ᠤᠨ ᠤᠯᠤᠬᠰᠠᠨ ᠬᠤᠪᠢ ᠳᠠᠭᠠᠨ ᠶᠠᠭᠠᠬᠢᠵᠥ ᠵᠥᠪ ᠪᠠᠷ ᠬᠠᠨᠳᠤᠬᠤ ᠲᠤᠬᠠᠢ ᠬᠡᠷᠭᠢᠨ  ᠰᠤᠷᠭᠠᠪᠠᠯ ᠵᠤᠬᠢᠬᠤ᠂ ᠭᠡᠤᠭᠡᠳ ᠤᠳ ᠤᠨ ᠶᠠᠳᠠᠷᠠᠭ᠎ᠠ ᠴᠢᠯᠡᠭᠡ ᠶᠢ ᠬᠡᠷᠬᠢᠨ ᠲᠠᠶᠢᠯᠬᠤ ᠪᠢᠯᠡ︖ ᠡᠨᠡ ᠲᠤᠬᠠᠢ  ᠯᠢᠶᠥᠥᠨᠢᠩ ᠮᠤᠵᠢ ᠶᠢᠨ ᠰᠡᠳᠬᠢᠴᠡ ᠶᠢᠨ ᠵᠥᠢ ᠶᠢᠨ ᠤᠬᠠᠭᠠᠨ ᠤ ᠨᠡᠶᠢᠭᠡᠮᠯᠢᠭ ᠤᠨ ᠭᠡᠷᠡᠭ ᠮᠡᠳᠡᠭᠴᠢ᠂ ᠮᠥᠭᠳᠡᠨ  ᠬᠤᠳᠠ ᠶᠢᠨ ᠪᠠᠭᠰᠢ ᠶᠢᠨ ᠶᠡᠭᠡ ᠰᠤᠷᠭᠠᠭᠤᠯᠢ ᠶᠢᠨ ᠬᠥᠭᠵᠢᠬᠦᠯᠥᠯᠳᠡ ᠬᠢᠭᠡᠳ ᠰᠤᠷᠭᠠᠨ ᠬᠥᠮᠥᠵᠢᠯ ᠤᠨ ᠰᠡᠳᠬᠢᠴᠡ ᠶᠢᠨ  ᠵᠥᠢ ᠶᠢᠨ ᠫᠷᠥᠹᠧᠰᠰᠥᠷ ᠬᠥᠸᠧ ᠵᠠᠨ ᠢᠤᠢ ᠶᠢᠨ ᠥᠵᠡᠬᠦ ᠪᠠᠷ᠂ ᠰᠤᠷᠤᠬᠴᠢᠳ ᠤᠨ ᠬᠡᠷ ᠤᠨ ᠠᠬᠠᠮᠠᠳ ᠨᠢ ᠤᠯᠤᠬᠰᠠᠨ  ᠬᠤᠪᠢ ᠳᠤ ᠵᠥᠪ ᠢᠶᠠᠷ ᠬᠠᠨᠳᠤᠵᠥ᠂ ᠲᠤᠬᠢᠷᠠᠮᠵᠢᠳᠠᠢ ᠵᠢᠯᠥᠭᠤᠳᠤᠨ ᠰᠤᠷᠭᠠᠪᠠᠯ ᠵᠤᠬᠢᠨ᠎ᠠ ᠬᠡᠵᠡᠢ᠃            ᠬᠥᠸᠧ ᠵᠠᠨ ᠢᠤᠢ᠄ ᠡᠩ ᠲᠡᠷᠢᠬᠦᠨ ᠳᠤ᠂ ᠰᠢᠯᠭᠠᠯᠳᠠ ᠠᠴᠠ ᠡᠮᠥᠨ᠎ᠠ ᠭᠡᠤᠭᠡᠳ ᠲᠤ ᠬᠡᠳᠥᠢ ᠬᠤᠪᠢ ᠰᠢᠯᠭᠠᠬᠤ  ᠲᠤᠬᠠᠢ ᠬᠠᠷᠠᠯᠳᠠ ᠶᠢ ᠲᠤᠬᠳᠠᠭᠠᠬᠤ ᠳᠠᠭᠠᠨ᠂ ᠰᠤᠷᠤᠬᠴᠢ ᠲᠠᠢ ᠪᠠᠨ ᠵᠥᠪᠳᠡᠯᠴᠡᠵᠥ ᠪᠠᠶᠢᠭᠠᠳ ᠲᠤᠬᠳᠠᠭᠠᠬᠤ ᠬᠡᠷᠡᠭᠳᠡᠢ︔ ᠶᠡᠭᠠᠬᠢᠬᠰᠡᠨ ᠴᠤ ᠥᠪᠡᠷ ᠤᠨ ᠥᠵᠡᠯᠳᠡ ᠪᠠᠷ ᠢᠶᠠᠨ ᠤᠴᠢᠵᠤ ᠠᠯᠪᠠᠳᠠᠨ ᠲᠤᠬᠳᠠᠭᠠᠵᠤ ᠪᠤᠯᠬᠤ ᠥᠭᠡᠢ᠃ ᠬᠠᠷᠠᠯᠳᠠ  ᠲᠤᠬᠳᠠᠭᠠᠬᠤ ᠳᠠᠭᠠᠨ ᠵᠠᠪᠠᠯ ᠬᠡᠤᠭᠡᠳ ᠤᠨ ᠢᠶᠠᠨ ᠪᠤᠳᠠᠳᠤ ᠪᠠᠶᠢᠳᠠᠯ ᠢ ᠥᠨᠳᠥᠰᠥᠯᠡᠨ᠂ ᠶᠠᠷᠢᠯᠴᠠᠭᠠᠨ ᠤ ᠬᠡᠯᠪᠡᠷᠢ ᠪᠠᠷ  ᠲᠤᠬᠳᠠᠵᠤ᠂ ᠪᠢᠴᠢᠭ ᠤᠨ ᠬᠡᠯᠪᠡᠷᠢ ᠪᠠᠷ ᠲᠤᠬᠳᠠᠬᠰᠠᠨ ᠤ ᠬᠡᠷᠡᠭ ᠥᠭᠡᠢ᠃ ᠬᠠᠮᠤᠬ ᠤᠨ ᠰᠠᠶᠢᠨ ᠨᠢ ᠬᠡᠤᠭᠡᠳ ᠲᠡᠭᠡᠨ  ᠲᠤᠬᠢᠷᠠᠮᠵᠢᠳᠠᠢ ᠤᠷᠤᠨ ᠵᠠᠢ ᠲᠠᠯᠪᠢᠵᠤ ᠥᠭᠴᠤ᠂ ᠤᠤᠯ ᠤᠨ ᠲᠥᠯᠥᠪᠯᠡᠭᠡᠨ ᠤ ᠬᠠᠷᠠᠯᠳᠠ ᠠᠴᠠ ᠪᠠᠨ ᠲᠤᠤᠭᠤᠷ ᠰᠢᠬ  ᠪᠠᠶᠢᠯᠭᠠᠵᠤ᠂ ᠬᠡᠤᠬᠡᠳ ᠲᠡᠭᠡᠨ ᠠᠭᠤᠵᠢᠮ ᠬᠠᠨᠳᠤᠬᠤ ᠬᠡᠷᠡᠭᠳᠡᠢ ᠬᠡᠵᠡᠢ᠃            ᠬᠥᠸᠧ ᠵᠠᠨ ᠢᠤᠢ ᠶᠢᠨ ᠥᠵᠡᠬᠦ ᠪᠠᠷ᠂ ᠬᠡᠤᠭᠡᠳ ᠢᠶᠠᠨ ᠪᠤᠳᠠᠰ ᠤᠨ ᠲᠠᠯ᠎ᠠ ᠪᠠᠷ ᠲᠤᠬᠢᠷᠠᠮᠵᠢᠳᠠᠢ ᠱᠠᠩᠨᠠᠵᠤ  ᠪᠤᠯᠤᠨ᠎ᠠ᠃ ᠬᠡᠪᠡᠴᠤ ᠬᠡᠷ ᠤᠨ ᠠᠬᠠᠮᠠᠳ ᠵᠠᠪᠠᠯ ᠬᠡᠯᠡᠭᠰᠡᠨ ᠥᠭᠡᠨ ᠳᠡᠭᠡᠨ ᠰᠠᠭᠤᠵᠤ᠂ ᠠᠮᠠᠯᠠᠯᠳᠠ ᠪᠠᠨ ᠪᠡᠶᠡᠯᠡᠬᠦᠯᠬᠦ  ᠬᠡᠷᠡᠭᠳᠡᠢ᠃ ᠬᠡᠪᠡᠴᠤ ᠬᠠᠮᠤᠬ ᠰᠠᠶᠢᠨ ᠨᠢ ᠪᠡᠯᠡᠨ ᠵᠤᠭᠤᠰ ᠪᠠᠷ ᠱᠠᠩᠨᠠᠬᠤ ᠥᠭᠡᠢ ᠪᠠᠶᠢᠪᠠᠯ ᠵᠤᠬᠢᠨ᠎ᠠ᠂ ᠤᠨᠴᠠᠭᠠᠢᠢᠯᠠᠨ  ᠶᠡᠭᠡ ᠵᠤᠭᠤᠰ ᠪᠠᠷ ᠱᠠᠩᠨᠠᠵᠤ ᠪᠤᠯᠬᠤ ᠥᠭᠡᠢ᠃ ᠱᠠᠩᠨᠠᠬᠰᠠᠨ ᠤ ᠲᠠᠷᠠᠭ᠎ᠠ ᠰᠤᠷᠤᠬᠴᠢ ᠳᠠᠭᠠᠨ ᠡᠨᠡ ᠤᠳᠠᠭ᠎ᠠ ᠶᠢᠨ ᠬᠤᠪᠢ  ᠶᠠᠭᠠᠬᠢᠭᠠᠳ ᠥᠨᠳᠥᠷ ᠤᠯᠤᠬᠰᠠᠨ ᠲᠤᠬᠠᠢ ᠲᠤᠳᠤᠷᠬᠠᠢ ᠬᠡᠯᠡᠵᠥ ᠥᠭᠴᠤ᠂ ᠬᠤᠵᠢᠮ ᠬᠡᠷᠬᠢᠨ ᠥᠷᠬᠦᠯᠵᠢᠯᠡᠨ  ᠪᠠᠳᠠᠷᠠᠭᠤᠯᠬᠤ ᠲᠤᠬᠠᠢ ᠵᠤᠷᠢᠬᠵᠢᠭᠤᠯᠪᠠᠯ ᠵᠤᠬᠢᠨ᠎ᠠ᠃            ᠬᠡᠷᠪᠡ ᠰᠤᠷᠤᠬᠴᠢ ᠴᠢᠨᠢ ᠰᠠᠨᠠᠭᠠᠨ ᠠᠴᠠ ᠭᠠᠳᠠᠭᠤᠷ ᠶᠡᠭᠡ ᠰᠠᠶᠢᠨ ᠰᠢᠯᠭᠠᠬᠰᠠᠨ ᠪᠠᠶᠢᠪᠠᠯ ᠬᠡᠯᠡᠯᠭᠡᠨ ᠥᠭᠡᠢ  ᠰᠠᠶᠢᠰᠢᠶᠠᠨ ᠮᠠᠬᠳᠠᠬᠤ ᠬᠡᠷᠡᠭᠳᠡᠢ ᠪᠥᠭᠡᠳ ᠲᠤᠰ ᠤᠳᠠᠭ᠎ᠠ ᠶᠢᠨ ᠥᠨᠳᠤᠷ ᠬᠤᠪᠢ ᠳᠤ ᠰᠡᠳᠬᠢᠯ ᠬᠠᠨᠤᠵᠤ ᠰᠤᠷᠤᠯᠭ᠎ᠠ  ᠪᠠᠨ  ᠬᠠᠶᠠᠨ ᠳᠤᠨᠢ ᠬᠠᠶᠠᠬᠤ ᠠᠴᠠ ᠬᠢᠴᠢᠶᠡᠵᠥ᠂ ᠲᠡᠳᠡᠨ ᠳᠤ ᠰᠠᠶᠢᠨ ᠤ ᠲᠤᠳᠤᠷ᠎ᠠ ᠪᠠᠰᠠ ᠰᠠᠶᠢᠨ ᠪᠠᠶᠢᠬᠤ ᠲᠤᠬᠠᠢ  ᠥᠢᠯᠠᠭᠠᠭᠤᠯᠬᠤ ᠶᠢᠨ ᠬᠠᠮᠳᠤ ᠲᠡᠬᠦᠨ ᠤ ᠬᠥᠷᠥᠯᠴᠡᠬᠦ ᠥᠭᠡᠢ ᠲᠠᠯ᠎ᠠ ᠶᠢ ᠨᠢ ᠵᠢᠭᠠᠵᠤ ᠥᠭᠬᠦ ᠬᠡᠷᠡᠭᠳᠡᠢ᠃ ᠭᠡᠷᠪᠡ  ᠰᠤᠷᠤᠬᠴᠢᠳ ᠰᠠᠨᠠᠭᠠᠨ ᠠᠴᠠ ᠭᠠᠳᠠᠭᠤᠷ ᠮᠠᠭᠤ ᠰᠢᠯᠭᠠᠬᠰᠠᠨ ᠪᠠᠶᠢᠪᠠᠯ᠂ ᠰᠤᠷᠤᠬᠴᠢ ᠪᠠᠨ ᠲᠠᠶᠢᠳᠬᠤᠷᠠᠭᠤᠯᠵᠤ᠂ ᠭᠡᠷᠪᠡ  ᠴᠢᠷᠮᠡᠶᠢᠬᠰᠠᠨ ᠶᠤᠮ ᠪᠤᠯ ᠬᠢᠷᠢ ᠪᠥᠳᠥᠮᠵᠢ ᠴᠢᠨᠢ ᠶᠠᠮᠠᠷ ᠪᠠᠶᠢᠬᠰᠠᠨ ᠴᠤ ᠬᠠᠮᠢᠶ᠎ᠠ ᠥᠭᠡᠢ᠂ ᠪᠢᠳᠡ ᠵᠠᠩᠨᠠᠬᠤ ᠥᠭᠡᠢ ᠶᠤᠮ᠂ ᠬᠤᠵᠢᠮ ᠠᠩᠬᠠᠷᠪᠠᠯ ᠪᠤᠯᠴᠢᠬᠠᠨ᠎ᠠ᠂ ᠪᠢᠳᠡᠭᠡᠢ ᠵᠤᠷᠢᠬ ᠮᠤᠬᠤᠭᠠᠷᠠᠢ ᠬᠡᠵᠥ ᠢᠳᠬᠠᠪᠠᠯ ᠵᠤᠬᠢᠨ᠎ᠠ᠃            ᠬᠥᠸᠧ ᠵᠠᠨ ᠢᠤᠢ ᠭᠡᠷ ᠤᠨ ᠠᠬᠠᠮᠠᠳ ᠲᠤ᠂ ᠬᠡᠤᠬᠡᠳ  ᠤᠨ ᠰᠠᠶᠢᠨ ᠬᠢᠷᠢ ᠪᠥᠳᠥᠮᠵᠢ ᠤᠯᠬᠤ ᠨᠢ ᠶᠡᠷᠢᠶᠡᠨ  ᠥᠭᠡᠢ ᠲᠤᠩ ᠴᠢᠬᠤᠯᠠ᠂ ᠬᠡᠪᠡᠴᠤ ᠡᠨᠡ ᠨᠢ ᠰᠢᠯᠢᠳᠡᠭ ᠰᠤᠷᠤᠭᠴᠢ ᠪᠤᠯᠬᠤ  ᠶᠢᠨ ᠴᠤᠷ  ᠤᠨ ᠭᠠᠭᠴᠠ ᠪᠠᠷᠢᠮᠵᠢᠶ᠎ᠠ ᠪᠢᠰᠢ  ᠂ ᠪᠦᠬᠦ ᠲᠠᠯ᠎ᠠ ᠪᠠᠷ ᠬᠦᠭᠵᠢᠭᠦᠯᠬᠦ  ᠶᠢ ᠠᠩᠬᠠᠷᠬᠤ ᠬᠡᠷᠡᠭᠲᠡᠢ ᠭᠡᠮᠡᠨ ᠰᠠᠨᠠᠭᠤᠯᠵᠤ ᠪᠠᠶᠢᠨ᠎ᠠ᠃                                                                                                                     ︵ᠦᠷᠭᠡᠨ︶    
 
ᠢᠷᠡᠯᠲᠡ᠄ ᠲᠤᠳᠤᠷᠬᠠᠢ ᠦᠭᠡᠢ
 
 
ᠬᠠᠮᠢᠶ᠎ᠠ ᠪᠥᠬᠦᠢ ᠰᠤᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备14003692号