ᠠ᠊ ᠰᠦᠬᠤᠮᠯᠢᠨᠰᠺᠢ ᠶᠢᠨ ᠰᠤᠷᠭᠠᠨ ᠬᠦᠮᠦᠵᠢᠭᠦᠯᠬᠦ ᠰᠡᠳᠬᠢᠮᠵᠢ ᠠᠴᠠ
ᠨᠡᠶᠢᠲᠡᠯᠡᠭᠰᠡᠨ ᠴᠠᠭ᠄
2016/4/7
        ᠠ᠊ ᠰᠦᠬᠤᠮᠯᠢᠨᠰᠺᠢ ᠶᠢᠨ ᠰᠤᠷᠭᠠᠨ ᠬᠦᠮᠦᠵᠢᠭᠦᠯᠬᠦ ᠰᠡᠳᠬᠢᠮᠵᠢ ᠠᠴᠠ                  ※ ᠬᠡᠴᠡᠭᠦᠦ ᠭᠡᠳᠡᠭ ᠦᠭᠡ ᠶᠢ ᠪᠢᠳᠡᠭᠡᠢ ᠬᠡᠯᠡᠵᠦ ᠪᠠᠢ᠃ ᠬᠡᠴᠡᠭᠦᠦ ᠦᠭᠡᠢ ᠶᠠᠭᠤᠮ᠎ᠠ ᠭᠡᠵᠦ ᠬᠠᠮᠢᠭ᠎ᠠ ᠪᠠᠶᠢᠨ᠎ᠠ᠃ ᠰᠤᠷᠤᠯᠴᠠᠬᠤ ᠳᠤ ᠬᠡᠴᠡᠭᠦᠦ᠂ ᠬᠦᠳᠡᠯᠮᠦᠷᠢᠯᠡᠬᠦ ᠳᠤ ᠬᠡᠴᠡᠭᠦᠦ᠃ ᠬᠡᠴᠡᠭᠦᠦ ᠭᠡᠳᠡᠭ ᠪᠤᠯ ᠠᠮᠢᠳᠤᠷᠠᠯ ᠦᠪᠡᠷ ᠢᠶᠠᠨ  ᠪᠠᠶᠢᠭ᠎ᠠ ᠶᠤᠮ᠃            ※ ᠬᠢᠭᠰᠡᠨ ᠪᠤᠷᠤᠭᠤ ᠪᠠᠨ ᠤᠶᠢᠯᠠᠭᠠᠵᠦ ᠭᠡᠮᠰᠢᠨ᠎ᠡ ᠭᠡᠳᠡᠭ ᠲᠡᠭᠦᠨ ᠢ ᠪᠠᠨ ᠢᠯᠠᠨ ᠲᠡᠶᠢᠯᠵᠦ ᠪᠠᠶᠢᠭ᠎ᠠ ᠭᠡᠷᠡᠭ  ᠶᠤᠮ᠃            ※ ᠬᠦᠮᠦᠨ ᠤ ᠰᠡᠳᠬᠢᠯ ᠰᠠᠠᠨᠠᠭᠠᠨ ᠤ ᠬᠦᠭᠵᠢᠯᠳᠡ ᠶᠢᠨ ᠡᠷᠬᠢᠮ ᠳᠡᠭᠡᠳᠦ ᠴᠢᠨᠠᠷ ᠤᠨ ᠬᠡᠮᠵᠢᠭᠦᠷ ᠨᠢ ᠡᠬᠡᠴᠦᠳ   ᠲᠤ᠂ ᠦᠬᠢᠳ ᠲᠤ ᠶᠠᠭᠠᠬᠢᠵᠦ ᠬᠠᠨᠳᠦᠵᠦ ᠪᠠᠶᠢᠭ᠎ᠠ ᠪᠠᠷ ᠢᠯᠡᠷᠡᠳᠡᠭ ᠶᠤᠮ᠃ ᠴᠤᠬᠤᠮ ᠡᠭᠦᠨ ᠳᠤ ᠯᠡ ᠬᠦᠮᠦᠨ ᠤ  ᠮᠦᠰᠦ᠂ ᠨᠦᠮᠦᠵᠦᠭ ᠠᠷᠢᠭᠤᠨ ᠰᠡᠳᠬᠢᠯ᠂ ᠠᠭᠤᠵᠢᠮ ᠤᠬᠠᠭᠠᠨ᠂ ᠡᠷᠳᠡᠮ ᠰᠤᠶᠤᠯ ᠴᠦᠮ ᠪᠠᠭᠳᠠᠭᠰᠡᠨ ᠪᠠᠶᠢᠳᠠᠭ ᠢ  ᠰᠠᠨᠠᠭᠳᠤᠨ᠃          ※ ᠦᠬᠦᠯ᠂ ᠦᠳᠡᠯᠬᠦ ᠨᠠᠰᠦ᠂ ᠪᠦᠳᠦᠯ ᠦᠭᠡᠢ ᠬᠡᠦᠬᠡᠳ ᠭᠡᠳᠡᠭ ᠭᠤᠷᠪᠠᠨ ᠵᠤᠪᠠᠯᠠᠩ ᠬᠦᠮᠦᠨ ᠳᠤ ᠪᠠᠶᠢᠳᠠᠭ᠃  ᠡᠬᠢᠨ ᠤ ᠬᠤᠶᠠᠷ ᠵᠠᠶᠢᠯᠠᠰᠢ ᠦᠭᠡᠢ ᠢᠷᠡᠨ᠎ᠡ᠃ ᠬᠠᠷᠢᠨ ᠭᠤᠷᠪᠠᠳᠡᠬᠢ ᠠᠴᠠ ᠨᠢ ᠪᠤᠯᠭᠤᠮᠵᠢᠯᠠ᠃          ※ ᠬᠡᠦᠬᠡᠳ ᠢ ᠡᠯᠪᠡᠭ ᠳᠡᠯᠪᠡᠭ ᠪᠠᠶᠠᠨ ᠲᠠᠩᠰᠤᠭ ᠲᠤ ᠰᠤᠷᠭᠠᠬᠤ ᠬᠡᠷᠡᠭ ᠦᠭᠡᠢ᠃ ᠲᠡᠳᠡ ᠬᠤᠵᠢᠮ ᠠᠮᠢᠳᠤᠷᠠᠯ   ᠤᠨ ᠰᠠᠶᠢᠬᠠᠨ ᠢ ᠤᠶᠢᠯᠠᠭᠠᠬᠤ ᠮᠡᠳᠡᠷᠡᠮᠵᠢ ᠦᠭᠡᠢ ᠪᠤᠯᠵᠦ ᠮᠡᠳᠡᠨ᠎ᠡ᠃          ※ ᠬᠦᠮᠦᠵᠢᠯ ᠤᠨ ᠴᠠᠭᠠᠨ ᠲᠤᠯᠤᠭᠠᠢ ᠶᠠᠭᠤᠨ ᠠᠴᠠ ᠡᠬᠢᠯᠡᠨ᠎ᠡ ᠪᠤᠢ︖ ᠨᠢᠭᠡ ᠳᠤ᠂ ᠬᠤᠳᠠᠯ ᠬᠡᠯᠡᠵᠦ  ᠪᠢᠳᠡᠬᠡᠢ ᠰᠤᠷᠭ᠎ᠠ᠃ ᠬᠤᠶᠠᠷ ᠲᠤ᠂ ᠬᠤᠪ ᠬᠡᠯᠡᠵᠦ ᠪᠢᠳᠡᠬᠡᠢ ᠰᠤᠷᠭ᠎ᠠ᠃ ᠭᠤᠷᠪᠠ ᠳᠤ᠂ ᠪᠤᠰᠤᠳ ᠢ ᠮᠠᠭᠤᠯᠠᠵᠦ ᠪᠢᠳᠡᠭᠡᠢ  ᠰᠤᠷᠭ᠎ᠠ᠃       ※ ᠬᠡᠦᠬᠡᠳ ᠢ ᠬᠦᠮᠦᠨ ᠤ᠂ ᠦᠪᠡᠷ ᠤᠨ ᠭᠡᠵᠦ ᠢᠯᠭᠠᠬᠤ ᠦᠭᠡᠢ ᠬᠠᠶᠢᠷᠠᠯᠠᠵᠦ ᠰᠤᠷᠪᠠᠯ ᠴᠢ ᠵᠢᠩᠬᠢᠨᠢ  ᠦᠭᠭᠢᠶᠠᠮᠤᠷ ᠪᠦᠭᠡᠳ ᠠᠷᠢᠭᠤᠨ ᠰᠡᠳᠬᠢᠯ ᠢ ᠡᠵᠡᠮᠰᠢᠵᠦ ᠪᠠᠶᠢᠭ᠎ᠠ ᠬᠡᠷᠡᠭ᠃         ※ ᠬᠡᠦᠬᠡᠳ ᠲᠤ ᠮᠡᠷᠭᠡᠵᠢᠯ ᠤᠨ ᠰᠠᠶᠢᠬᠠᠨ ᠢ ᠬᠠᠶ᠋ᠢᠭ ᠢᠶᠠᠷ ᠨᠢ ᠪᠢᠰᠢ ᠲᠡᠭᠦᠨ ᠤ ᠴᠠᠭᠠᠨ᠎ᠠ ᠪᠠᠶᠢᠭ᠎ᠠ ᠬᠦᠯᠦᠰᠦ  ᠠᠰᠠᠬᠠᠷᠠᠭᠤᠯᠤᠭᠰᠡᠨ ᠬᠦᠳᠡᠯᠮᠦᠷᠢ ᠪᠠᠷ ᠨᠢ ᠲᠠᠨᠢᠭᠤᠯ᠃           ※ ᠡᠷᠳᠡᠮᠳᠡᠢ ᠪᠤᠯᠤᠯ᠎ᠠ ᠴᠦ᠂ ᠰᠠᠶᠢᠳ ᠪᠤᠯᠤᠯ᠎ᠠ ᠴᠦ ᠭᠡᠰᠡᠨ ᠪᠠᠭᠰᠢ ᠪᠠᠨ ᠪᠤᠤ ᠮᠠᠷᠳᠠ᠃ ᠲᠡᠷᠡ ᠬᠦᠮᠦᠨ ᠤ  ᠵᠢᠭᠠᠭᠰᠡᠨ ᠡᠷᠳᠡᠮ᠂ ᠵᠠᠬᠢᠭᠰᠡᠨ ᠰᠤᠷᠭᠠᠯ ᠬᠤᠪᠢ ᠵᠠᠶᠠᠭᠠᠨ ᠤ ᠴᠢᠨᠢ ᠲᠤᠪᠵᠢᠶ᠎ᠠ ᠶᠢ ᠲᠠᠯᠪᠢᠯᠴᠠᠭᠰᠡᠨ ᠰᠢᠦ ᠳ᠋ᠠ᠃       ※ ᠬᠦᠮᠦᠵᠢᠯ᠎ᠠ ᠭᠡᠳᠡᠭ ᠶᠠᠭᠤ ᠭᠡᠰᠡᠨ ᠦᠭᠡ ᠪᠤᠢ︖ ᠡᠨᠡ ᠪᠤᠯ ᠠᠮᠢᠳᠤᠷᠠᠯ ᠤᠨ ᠠᠴᠢᠶ᠎ᠠ ᠶᠢ ᠳᠠᠭᠠᠭᠠᠵᠦ  ᠨᠤᠶᠠᠨ ᠨᠢᠷᠤᠭᠤ ᠲᠠᠢ ᠪᠤᠯᠵᠦ ᠪᠠᠶᠢᠭ᠎ᠠ ᠬᠡᠷᠡᠭ ᠰᠢᠦ ᠳ᠋ᠡ᠃         ※ ᠡᠪᠦᠭᠡᠳ ᠬᠦᠭᠰᠢᠳ ᠢ ᠡᠷᠬᠢᠮ ᠤᠨ ᠳᠡᠭᠡᠳᠦ ᠪᠠᠷ ᠬᠦᠨᠳᠦᠯᠡᠵᠦ ᠡᠷᠬᠦᠵᠦ ᠠᠰᠠᠷᠠᠵᠦ ᠪᠠᠢ᠃ ᠡᠨᠡ ᠨᠢ  ᠵᠦᠪᠬᠡᠨ ᠳᠡᠳᠡᠨ ᠤ ᠠᠴᠢ ᠶᠢ ᠬᠠᠷᠢᠭᠤᠯᠵᠦ ᠪᠠᠶᠢᠭ᠎ᠠ ᠳᠡᠳᠦᠢ ᠦᠭᠡᠢ ᠦᠪᠡᠷᠰᠡᠳ ᠢ ᠪᠠᠨ ᠢᠩᠬᠢᠵᠦ ᠠᠰᠠᠷᠠᠵᠦ  ᠬᠠᠶᠢᠷᠠᠯᠠᠵᠦ ᠪᠠᠶᠢᠬᠤ ᠶᠢ ᠵᠢᠭᠠᠵᠦ ᠰᠤᠷᠭᠠᠵᠦ ᠪᠠᠶᠢᠭ᠎ᠠ ᠬᠡᠷᠡᠭ ᠪᠢᠯᠡ᠃    
 
ᠢᠷᠡᠯᠲᠡ᠄ ᠲᠤᠳᠤᠷᠬᠠᠢ ᠦᠭᠡᠢ
 
 
ᠬᠠᠮᠢᠶ᠎ᠠ ᠪᠥᠬᠦᠢ ᠰᠤᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备14003692号