ᠢᠰᠫᠠᠨᠢᠴᠤᠳ ᠲᠤᠭᠤᠢ ᠲᠡᠷᠬᠡ ᠪᠠᠷ ᠬᠡᠷ ᠦᠷᠦᠭᠡ ᠪᠠᠨ ᠵᠠᠰᠠᠵᠤ ᠴᠢᠮᠡᠬᠦ ᠪᠤᠯᠵᠠᠢ
ᠨᠡᠶᠢᠲᠡᠯᠡᠭᠰᠡᠨ ᠴᠠᠭ᠄
2016/4/8
    ᠦᠢᠷ᠎ᠠ ᠶᠢᠨ ᠨᠢᠬᠡ ᠬᠤᠭᠤᠴᠠᠭᠠᠨ ᠳᠤ ᠢᠰᠫᠠᠨᠢ ᠶᠢᠨ ᠲᠤᠭᠤᠢ ᠲᠡᠷᠬᠡᠨ ᠤ ᠪᠤᠷᠤᠯᠠᠭᠤᠯᠭ᠎ᠠ ᠮᠠᠰᠢ ᠰᠠᠶᠢᠨ  ᠪᠤᠯᠵᠠᠢ᠃ ᠬᠡᠪᠡᠴᠤ ᠡᠶᠢᠮᠦᠷᠬᠡᠦ ᠲᠤᠭᠤᠢ ᠲᠡᠷᠬᠡ ᠶᠢ ᠬᠦᠮᠤᠰ ᠤᠨᠤᠬᠤ ᠪᠢᠰᠢ ᠬᠠᠷᠢᠨ ᠵᠠᠰᠠᠯ ᠴᠢᠮᠡᠭᠯᠡᠯ ᠤᠨ ᠡᠳ᠋  ᠪᠤᠯᠭᠠᠳᠠᠭ ᠪᠠᠶᠢᠨ᠎ᠠ᠃ ᠲᠤᠭᠤᠢ ᠲᠡᠷᠬᠡ ᠪᠠᠷ ᠬᠡᠷ ᠤᠨ ᠲᠤᠳᠤᠷᠡᠬᠢ ᠪᠠᠨ ᠵᠠᠰᠠᠵᠤ ᠴᠢᠮᠡᠭᠯᠡᠬᠦ ᠨᠢ ᠢᠰᠫᠠᠨᠢᠴᠤᠤᠨ ᠤᠨ  ᠵᠢᠷᠤᠵᠤ ᠲᠦᠯᠤᠪᠯᠡᠬᠦ ᠰᠡᠤᠡᠬᠢᠮᠵᠢ ᠪᠠᠨ ᠨᠡᠬᠡᠬᠡᠬᠦ ᠪᠠᠰᠠ ᠨᠢᠬᠡᠨ ᠰᠢᠨ᠎ᠠ ᠤᠷᠤᠰᠬᠠᠯ ᠪᠤᠯᠤᠬᠰᠠᠨ ᠪᠠᠶᠢᠨ᠎ᠠ᠃          ᠡᠶᠢᠮᠤᠷᠬᠡᠤ ᠵᠠᠰᠠᠯ ᠴᠢᠮᠡᠭᠯᠡᠯ ᠤᠨ ᠰᠢᠨ᠎ᠡ ᠰᠡᠤᠡᠬᠢᠮᠵᠢ ᠵᠦᠭ ᠬᠦᠳᠤᠯᠤᠨ ᠲᠠᠭᠠᠭᠤᠯᠤᠬᠰᠠᠨ ᠬᠦᠮᠤᠨ ᠪᠤᠯ  ᠮᠢᠭᠧᠦ᠋ᠯ ᠺᠠᠷᠧᠷᠠᠰ ︵Miguel Carreras︶ ᠪᠤᠯᠤᠨ᠎ᠠ᠂ ᠲᠡᠷᠨ ᠤᠤᠯ ᠨᠢ ᠨᠢᠬᠡ ᠲᠤᠰᠬᠠᠢ ᠮᠡᠷᠭᠡᠵᠢᠯ ᠤᠨ  ᠲᠤᠭᠤᠢᠢᠴᠢᠨ ᠪᠠᠶᠢᠵᠠᠢ᠃ ᠠᠷᠪᠠᠨ ᠬᠡᠳᠤᠨ ᠵᠢᠯ ᠤᠨ ᠲᠤᠰᠬᠠᠢ ᠮᠡᠷᠬᠡᠵᠢᠯ ᠤᠨ ᠳᠤᠭᠤᠢᠢᠴᠢᠨ ᠤ ᠠᠮᠢᠳᠤᠷᠠᠯ ᠤᠨ  ᠶᠠᠪᠤᠴᠠ ᠳᠠᠭᠠᠨ ᠤᠯᠠᠨ ᠤᠳᠠᠭ᠎ᠠ ᠮᠠᠩᠯᠠᠢ ᠱᠠᠩᠨᠠᠯ ᠢ ᠬᠦᠷᠳᠡᠭᠰᠡᠨ ᠪᠠᠶᠢᠨ᠎ᠠ᠃ ᠠᠵᠢᠯ ᠠᠴᠠ ᠪᠠᠨ ᠠᠮᠠᠷᠠᠬᠰᠠᠨ ᠤ  ᠲᠠᠷᠠᠭ᠎ᠠ ᠲᠡᠷᠨ ᠬᠡᠷ ᠲᠤᠳᠤᠷᠠᠬᠢ ᠶᠢ ᠵᠠᠰᠠᠵᠤ ᠴᠢᠮᠡᠬᠦ ᠠᠵᠢᠯ ᠢ ᠬᠢᠵᠦ ᠡᠬᠢᠯᠡᠪᠡ᠃ ᠮᠢᠭᠧᠦ᠋ᠯ ᠤᠨ ᠰᠡᠤᠡᠬᠢᠮᠵᠢ ᠪᠤᠯ  ᠠᠳᠠᠯᠢ ᠪᠤᠰᠤ ᠬᠡᠪ ᠵᠠᠭᠪᠤᠷ ᠤᠨ ᠲᠤᠭᠤᠢ ᠪᠠᠷ ᠠᠳᠠᠯᠢ ᠪᠤᠰᠤ ᠬᠡᠪ ᠨᠠᠮᠪᠠ ᠪᠦ᠋ᠬᠦᠢ ᠬᠡᠷ ᠢ ᠵᠠᠰᠠᠵᠤ ᠴᠢᠮᠡᠭᠯᠡᠨ᠎ᠡ᠃  ᠡᠬᠦᠨ ᠠᠴᠠ ᠭᠠᠳᠠᠨ᠎ᠠ᠂ ᠪᠦᠬᠦᠯᠢ ᠴᠤᠬᠴᠨ ᠶᠢᠨ ᠬᠡᠪ ᠨᠡᠮᠪᠡ ᠶᠢ ᠨᠢᠭᠡᠳᠬᠡᠬᠦ ᠶᠢᠨ ᠲᠦᠯᠤᠬᠡ ᠲᠤᠭᠤᠢ ᠲᠡᠷᠬᠡ ᠶᠢ  ᠲᠤᠭᠳᠠᠭᠠᠬᠤ ᠵᠢᠶᠠᠰᠠ ᠶᠢ ᠵᠢᠷᠤᠵᠤ ᠲᠦᠯᠤᠪᠯᠡᠬᠦ ᠳᠡᠭᠡᠨ ᠴᠤ ᠲᠤᠭᠤᠢ ᠲᠡᠷᠬᠡᠨ ᠤ ᠬᠡᠯᠪᠡᠷᠢ ᠮᠠᠶ᠋ᠢᠬ ᠬᠡᠪ ᠨᠠᠮᠪᠠ ᠶᠢ  ᠬᠠᠷᠠᠭᠠᠯᠵᠠᠨ ᠪᠤᠳᠤᠯᠬᠢᠯᠠᠳᠠᠭ᠃ ᠲᠡᠬᠦᠨ ᠤ ᠲᠠᠨᠢᠯᠴᠠᠭᠤᠯᠬᠤ ᠪᠠᠷ᠂ ᠮᠤᠳᠤᠨ ᠵᠢᠶᠠᠰᠨ ᠶᠢᠨ ᠵᠢᠷᠤᠭ ᠲᠦᠯᠤᠪᠯᠡᠯᠬᠡ ᠳᠤ  ᠤᠯᠠᠨ ᠤᠴᠢᠷ ᠤᠬᠠᠭᠠᠨ ᠪᠤᠢ᠂ ᠵᠢᠶᠠᠰᠠ ᠶᠢᠨ ᠦᠩᠬᠡ᠂ ᠬᠡᠷᠡᠭᠯᠡᠬᠦ ᠮᠡᠲ᠋ᠧᠷᠢᠶᠠᠯ᠂ ᠬᠡᠯᠪᠡᠷᠢ ᠲᠦᠷᠰᠤ᠂ ᠲᠤᠬᠳᠠᠭᠠᠬᠤ  ᠠᠷᠭ᠎ᠠ ᠬᠡᠯᠪᠡᠷᠢ ᠶᠢ ᠨᠢ ᠪᠦᠷ ᠮᠠᠰᠢ ᠨᠠᠷᠢᠨ ᠨᠢᠮᠪᠠᠢ ᠦᠢᠯᠡᠤᠡᠬᠦ ᠬᠡᠷᠡᠭᠳᠠᠢ ᠬᠡᠨ᠎ᠡ᠃ ᠤᠷᠳᠤ ᠬᠤᠭᠤᠴᠠᠭᠠᠨ ᠤ ᠲᠤᠷᠰᠢ  ᠵᠢᠷᠤᠵᠦ ᠲᠦᠯᠤᠪᠯᠡᠬᠦ ᠪᠤᠯᠤᠨ ᠦᠢᠯᠡᠤᠡᠬᠦ ᠪᠠᠷ ᠲᠠᠮᠵᠢᠭᠠᠳ᠂ ᠮᠢᠭᠧᠦ᠋ᠯ  ᠤᠨ ᠵᠤᠬᠢᠶᠠᠨ ᠪᠦᠳᠤᠬᠡᠭᠦ ᠰᠡᠤᠡᠬᠢᠮᠵᠢ ᠨᠢ  ᠪᠠᠰᠨ ᠨᠢᠬᠡᠨ ᠰᠢᠨ᠎ᠠ ᠨᠡᠬᠡᠬᠡᠯᠳᠡ ᠪᠠ ᠲᠡᠭᠡᠭᠰᠢᠯᠡᠯᠳᠡ ᠲᠠᠢ ᠪᠤᠯᠤᠬᠰᠠᠨ ᠪᠠᠶᠢᠨ᠎ᠠ᠃ ᠲᠡᠬᠦᠨ ᠤ ᠦᠵᠡᠬᠦ ᠪᠠᠷ᠂  ᠲᠡᠷᠬᠡᠨ ᠤ ᠵᠢᠶᠠᠰᠨ ᠲᠠᠢ ᠬᠠᠷᠠᠭᠠᠯᠵᠠᠬᠰᠠᠨ ᠵᠠᠢ ᠪᠤᠯ ᠲᠤᠭᠤᠢ ᠲᠡᠷᠬᠡᠨ ᠤ ᠲᠡᠬᠡᠳᠤ ᠬᠡᠰᠡᠭ ᠲᠠᠢ ᠬᠠᠪᠰᠤᠷᠭᠠᠬᠤ ᠵᠢᠷᠤᠭ  ᠪᠤᠯᠤᠨ᠎ᠠ᠂ ᠡᠨᠡᠬᠦ ᠵᠠᠢ ᠶᠢ ᠰᠠᠶᠢᠬᠠᠨ ᠠᠰᠢᠬᠯᠠᠵᠤ ᠰᠠᠶᠢᠬᠠᠨ ᠵᠢᠷᠤᠵᠤ ᠲᠦᠯᠤᠪᠯᠡᠵᠦ ᠴᠢᠳᠠᠪᠠᠯ ᠲᠡᠬᠡᠳᠤ ᠲᠤᠮᠳᠠ  ᠲᠤᠤᠷᠡᠳᠤ ᠬᠡᠰᠡᠭ ᠤᠨ ᠵᠢᠷᠤᠬ ᠲᠦᠯᠤᠪᠯᠡᠭᠡ ᠨᠢ ᠮᠠᠰᠢ ᠰᠠᠶᠢᠬᠠᠨ ᠤᠶᠠᠯᠳᠤᠵᠦ ᠠᠪᠴᠠᠯᠳᠤᠵᠦ ᠴᠢᠳᠠᠨ᠎ᠠ᠂ ᠬᠡᠪ  ᠨᠠᠮᠪᠠ᠂ ᠦᠩᠬᠡ ᠪᠤᠳᠤᠭ᠂ ᠬᠡᠯᠪᠡᠷᠢ ᠲᠦᠷᠰᠤ ᠶᠢᠨ ᠵᠢᠷᠤᠬ ᠲᠦᠯᠤᠪᠯᠡᠭᠡ ᠶᠢᠨ ᠰᠡᠤᠡᠬᠢᠮᠵᠢ ᠨᠢ ᠮᠦᠨ ᠨᠢᠬᠡ  ᠵᠦᠢᠯ ᠤᠨ ᠪᠤᠳᠤᠯᠢᠶᠠᠨᠳᠠᠢ ᠰᠡᠳᠦᠪ ᠭᠡᠨ᠎ᠡ᠃ ᠠᠩᠬ᠎ᠠ ᠡᠬᠢᠨ ᠤ ᠵᠢᠷᠤᠵᠤ ᠲᠦᠯᠤᠪᠯᠡᠭᠦ ᠰᠡᠤᠡᠬᠢᠮᠵᠢ ᠨᠢ ᠬᠠᠪᠰᠤᠷᠭᠠᠬᠤ  ᠵᠢᠷᠤᠭ ᠢ ᠵᠦᠪᠬᠡᠨ ᠲᠤᠭᠤᠢ ᠲᠡᠷᠬᠡᠨ ᠤ ᠲᠡᠬᠡᠷ᠎ᠠ ᠲᠠᠯ᠎ᠠ ᠳᠤ ᠡᠯᠬᠦᠳᠡᠭ ᠪᠠᠶᠢᠵᠠᠢ᠂ ᠬᠡᠪᠡᠴᠤ ᠰᠡᠬᠦᠯᠡᠷ ᠨᠢ ᠬᠡᠷᠡᠮ  ᠲᠡᠬᠡᠷ᠎ᠠ ᠡᠯᠬᠦᠬᠦ ᠨᠢ ᠨᠡᠯᠢᠶᠠᠤᠨ ᠬᠦᠰᠢᠬᠦᠨ ᠪᠠᠶᠢᠳᠠᠯ ᠲᠠᠢ ᠬᠠᠷᠠᠭᠳᠠᠳᠠᠭ ᠢ ᠤᠯᠵᠤ ᠮᠡᠳᠡᠬᠡᠤᠨ᠂ ᠮᠢᠭᠧᠦ᠋ᠯ  ᠰᠡᠤᠡᠬᠢᠮᠵᠢ ᠪᠠᠨ ᠦᠭᠡᠷᠡᠴᠢᠯᠡᠵᠦ ᠵᠢᠷᠤᠭ ᠪᠤᠯᠤᠨ ᠵᠠᠰᠠᠯ ᠤᠨ ᠡᠳ᠋ ᠢ ᠲᠤᠭᠤᠢ ᠲᠡᠷᠬᠡ ᠲᠠᠢ ᠰᠢᠭᠤᠳ ᠬᠤᠯᠪᠤᠬᠤ  ᠪᠤᠯᠵᠠᠢ᠃ ᠢᠩᠬᠢᠬᠦ ᠨᠢ ᠬᠡᠳᠦ᠋ᠢᠪᠡᠷ ︽ᠲᠡᠷᠬᠡᠨ ᠲᠡᠬᠡᠷ᠎ᠠ ᠡᠯᠬᠦᠭᠳᠡᠭᠰᠡᠨ ︾ ᠭᠡᠬᠦ ᠰᠡᠳᠬᠢᠭᠳᠡᠯ ᠦᠭᠬᠦ ᠪᠤᠯᠪᠠᠴᠤ ︽ ᠠᠩᠬᠠᠷᠴᠦ ᠦᠵᠡᠬᠦ ᠨᠤᠷᠮ᠎ᠠ︾ ᠪᠡ ︽ᠦᠵᠡᠮᠤᠷᠢ ᠶᠢᠨ ᠴᠢᠨᠡᠷ︾ ᠢ ᠲᠡᠭᠡᠭᠰᠢᠯᠡᠬᠦᠯᠵᠤ ᠲᠡᠶᠢᠯᠳᠡᠭ ᠪᠠᠶᠢᠨ᠎ᠠ᠂  ᠮᠡᠳᠡᠭᠡᠵᠢ ᠦᠢᠯᠡᠤᠡᠴᠤ ᠪᠦᠳᠤᠭᠡᠭᠦ ᠲᠠᠯ᠎ᠠ ᠶᠢᠨ ᠬᠦᠴᠢᠷᠳᠠᠯ ᠢ ᠨᠡᠮᠡᠭᠳᠠᠬᠦᠯᠬᠦ ᠨᠢ ᠶᠠᠷᠢᠶᠠᠨ ᠦᠭᠡᠢ᠃ ᠡᠨᠡ ᠵᠢᠯ ᠤᠨ  ᠡᠬᠢᠨ ᠳᠤ ᠪᠠᠷᠰᠧᠯᠤᠨᠠ ᠳᠤ ︽ᠮᠢᠭᠧᠦ᠋ᠯ ᠪᠤᠯᠤᠨ ᠲᠤᠭᠤᠢ ᠲᠡᠷᠬᠡ︾ ᠬᠡᠬᠦ ᠵᠢᠷᠤᠭ ᠲᠦᠯᠤᠪᠯᠡᠭᠡ ᠶᠢᠨ ᠦᠵᠡᠬᠦᠯᠤᠯᠬᠡ  ᠬᠢᠭᠰᠡᠨ ᠪᠠᠶᠢᠨ᠎ᠠ᠃      ᠰᠤᠨᠢᠷᠬᠠᠯᠳᠠᠢ ᠨᠢ᠂ ᠮᠢᠭᠧᠦ᠋ᠯ ᠤᠨ ᠲᠤᠭᠤᠢ ᠲᠡᠷᠬᠡᠨ ᠤ ᠵᠠᠰᠠᠯ ᠴᠢᠮᠡᠭᠯᠠᠯ ᠤᠨ ᠰᠡᠤᠡᠬᠢᠮᠵᠢ ᠨᠢ ᠴᠦᠬᠡᠨ ᠪᠤᠰᠤ  ᠠᠵᠢᠯ ᠨᠢᠬᠡᠳᠡᠳ ᠲᠤ ᠰᠠᠩᠬᠡᠷᠡᠭᠦᠯᠦᠯ ᠤᠯᠭᠤᠭᠰᠠᠨ ᠢᠶᠠᠷ᠂ ᠲᠤᠭᠤᠢ ᠲᠡᠷᠬᠡ ᠪᠠᠷ ᠭᠤᠤᠯ ᠪᠤᠯᠭᠠᠬᠰᠠᠨ ᠡᠯ᠎ᠡ  ᠵᠦᠢᠯ ᠤᠨ ᠵᠢᠷᠤᠭ ᠲᠦᠯᠤᠪᠯᠡᠭᠡ ᠶᠢᠨ ᠲᠦᠰᠤᠯ ᠤᠳ ᠬᠤᠶᠢᠨ᠎ᠠ ᠬᠤᠶᠢᠨ᠎ᠠ ᠠᠴᠠ ᠪᠠᠨ ᠤᠷᠤᠯᠳᠤᠨ ᠭᠠᠷᠴᠤ ᠢᠷᠡᠭᠡᠳ  ᠂ ᠵᠠᠷᠢᠮ ᠨᠢ ᠵᠦᠪᠬᠡᠨ ᠬᠦᠷᠳᠤ ᠶᠢ ᠨᠢ ᠬᠡᠷᠡᠭᠯᠡᠵᠤ᠂ ᠵᠠᠷᠢᠮ ᠨᠢ ᠵᠦᠪᠬᠡᠨ ᠪᠠᠷᠢᠭᠤᠯ ᠢ ᠨᠢ ᠬᠡᠷᠡᠭᠯᠡᠵᠤ᠂ ᠵᠠᠷᠢᠮ ᠨᠢ  ᠲᠧᠯᠧᠢᠰ ᠢᠶᠠᠨ ᠲᠤᠭᠤᠢ ᠲᠡᠷᠬᠡᠨ ᠤ ᠰᠠᠭᠤᠳᠠᠯ ᠲᠡᠬᠡᠷ᠎ᠠ ᠰᠢᠭᠤᠳ ᠲᠠᠭᠠᠷᠠᠭᠤᠯᠤᠬᠰᠠᠨ ᠪᠠᠶᠢᠯ᠎ᠠ᠃ ᠮᠠᠰᠢ ᠤᠯᠠᠨ  ᠢᠰᠫᠠᠨᠢᠴᠤᠤᠨ ᠲᠤᠭᠤᠢ ᠲᠡᠷᠬᠡ ᠪᠤᠯᠤᠨ ᠲᠤᠭᠤᠢ ᠲᠡᠷᠬᠡᠨ ᠤ ᠡᠷᠬᠢ ᠱᠤᠷᠠᠭ ᠢ ᠬᠤᠳᠠᠯᠳᠤᠨ ᠠᠪᠴᠦ ᠬᠠᠷᠢᠭᠠᠳ  ᠦᠪᠡᠷ ᠤᠨ ᠦᠷᠤᠬᠡ ᠪᠠᠨ ᠵᠠᠰᠠᠵᠤ ᠴᠢᠮᠡᠭᠯᠡᠳᠡᠭ᠃ ᠢᠩᠬᠢᠵᠤ ᠵᠠᠰᠠᠵᠤ ᠴᠢᠮᠡᠬᠦ ᠨᠢ ᠲᠦᠢᠯ ᠤᠨ ᠦᠪᠡᠷᠮᠢᠴᠨ  ᠤᠨᠴᠠᠯᠢᠬ ᠲᠠᠢ ᠬᠡᠵᠤ ᠬᠦᠮᠦᠰ ᠬᠡᠯᠡᠵᠡᠭᠡᠵᠦ ᠪᠤᠢ᠃ ᠲᠠᠮᠫᠤᠷᠠᠬᠤ ᠬᠡᠵᠤ ᠪᠠᠶᠢᠬᠰᠠᠨ ᠲᠤᠭᠤᠢ ᠲᠡᠷᠬᠡᠨ ᠤ  ᠦᠢᠯᠡᠤᠡᠪᠤᠷᠢ ᠨᠦᠭᠦᠳ ᠡᠭᠦᠨ ᠠᠴᠠ ᠬᠠᠮᠤᠭ ᠶᠡᠭᠡ ᠠᠰᠢᠭ ᠬᠤᠨᠵᠢᠪᠤᠷᠢ ᠤᠯᠵᠤ᠂ ᠤᠳᠤᠬᠠᠨ᠎ᠠ ᠲᠡᠳᠡᠨ ᠤ  ᠦᠢᠯᠡᠤᠡᠪᠤᠷᠢᠯᠡᠭᠰᠡᠨ ᠲᠤᠭᠤᠢ ᠲᠡᠷᠬᠡ ᠨᠢ ᠵᠦᠪᠬᠡᠨ ᠵᠠᠮ ᠬᠠᠷᠢᠯᠴᠠᠭᠠᠨ ᠤ ᠪᠠᠭᠠᠵᠢ ᠲᠡᠳᠦᠢ ᠪᠢᠰᠢ᠂ ᠵᠠᠰᠠᠯ  ᠴᠢᠮᠡᠭᠯᠡᠯ ᠤᠨ ᠡᠳ᠋ ᠪᠤᠯᠳᠠᠭ ᠨᠢ ᠴᠦ ᠶᠡᠭᠡ ᠤᠯᠠᠨ ᠪᠠᠶᠢᠨ᠎ᠠ᠃
 
ᠢᠷᠡᠯᠲᠡ᠄ ᠪᠦᠮᠪᠤᠷᠴᠡᠭ ᠤᠨ ᠴᠠᠭ ᠰᠤᠨᠢᠨ
 
 
ᠬᠠᠮᠢᠶ᠎ᠠ ᠪᠥᠬᠦᠢ ᠰᠤᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备14003692号