ᠥᠶᠡᠷ ᠤᠨ ᠲᠤᠬᠠᠢ
ᠨᠡᠶᠢᠲᠡᠯᠡᠭᠰᠡᠨ ᠴᠠᠭ᠄
2016/5/4
    ᠥᠶᠡᠷ ᠭᠡᠳᠡᠭ ᠪᠤᠯ ᠨᠢᠭᠡ ᠵᠥᠢᠯ ᠤᠨ ᠪᠠᠶᠢᠭᠠᠯᠢ ᠶᠢᠨ ᠥᠵᠡᠭᠳᠡᠯ ᠮᠥᠨ᠂ ᠰᠢᠷᠥᠬᠦᠨ ᠪᠤᠷᠤᠭᠠᠨ ᠤ  ᠤᠰᠤ  ᠥᠶᠡᠷᠯᠡᠬᠦ ᠪᠤᠯ ᠬᠠᠮᠤᠭ ᠠᠷᠪᠢᠨ ᠲᠤᠬᠢᠶᠠᠯᠳᠤᠳᠠᠭ ᠮᠥᠷᠳᠡᠭᠡᠨ ᠠᠶᠤᠯ ᠢᠶᠠᠷ ᠬᠠᠮᠤᠭ ᠶᠡᠭᠡ ᠪᠠᠶᠢᠳᠠᠭ᠃  ᠨᠢᠭᠡ ᠤᠳᠠᠭᠠᠨ  ᠎ ᠤ ᠰᠢᠷᠥᠬᠦᠨ ᠪᠤᠷᠤᠭᠠᠨ ᠪᠤᠶᠤ ᠤᠰᠤᠨ ᠴᠥᠬᠦᠷᠥᠮ ᠰᠡᠳᠡᠷᠡᠬᠦ᠂ ᠤᠰᠤᠨ ᠬᠠᠰᠢᠯᠠᠭ᠎ᠠ ᠶᠡᠬᠦᠷᠡᠬᠦ  ᠵᠡᠷᠭᠡ ᠎ ᠨᠢ ᠴᠥᠮ  ᠰᠢᠷᠥᠬᠦᠨ ᠥᠶᠡᠷ ᠪᠤᠯᠳᠠᠭ᠂ ᠡᠶᠢᠮᠥᠷᠬᠦ ᠥᠶᠡᠷ ᠤᠨ ᠤᠰᠤᠨ ᠤ ᠤᠷᠤᠰᠬᠠᠯ ᠨᠢ ᠲᠥᠷᠭᠡᠨ᠂  ᠤᠰᠤᠨ ᠎ ᠤ ᠭᠡᠮᠵᠢᠶ᠎ᠡ ᠨᠢ  ᠶᠡᠭᠡ᠂ ᠲᠠᠭᠠᠷᠢᠬᠤ ᠬᠥᠴᠥᠨ ᠢᠶᠠᠷ ᠲᠤᠯᠬᠢᠨ᠂ ᠡᠪᠳᠡᠯᠡᠬᠦ ᠴᠢᠨᠠᠷ ᠢᠶᠠᠷ ᠰᠥᠷᠡᠭᠡᠢ  ᠪᠠᠶᠢᠵᠤ᠂ ᠥᠶᠡᠷ ᠥᠡᠭᠭᠡᠷᠡᠭᠰᠡᠨ ᠭᠠᠵᠠᠷ  ᠎ ᠢᠶᠠᠷ ᠭᠡᠷ ᠪᠠᠶᠢᠰᠢᠩ ᠨᠤᠷᠠᠵᠤ᠂ ᠵᠠᠮ ᠬᠠᠷᠢᠯᠴᠠᠭ᠎ᠠ᠂ ᠴᠢᠮᠡᠭᠡ  ᠨᠡᠪᠳᠡᠷᠡᠯᠭᠡ ᠬᠢᠭᠡᠳ ᠴᠠᠬᠢᠯᠭᠠᠨ ᠬᠥᠴᠥᠨ ᠲᠠᠰᠤᠷᠠᠵᠤ᠂  ᠠᠷᠠᠳ ᠲᠥᠮᠡᠨ ᠤ ᠠᠮᠢ ᠨᠠᠰᠤ ᠪᠠ ᠡᠳ᠋ ᠬᠥᠷᠥᠩᠭᠡ ᠳᠤ  ᠯᠤᠳᠤ ᠶᠡᠭᠡ ᠬᠤᠬᠢᠷᠠᠯ ᠤᠴᠠᠷᠠᠭᠤᠯᠳᠠᠭ᠃                 ※ ᠪᠠᠴᠢᠮ ᠪᠠᠶᠢᠳᠠᠯ ᠢ ᠠᠷᠭᠠᠴᠠᠬᠤ ᠭᠤᠤᠯᠳᠠᠯᠭ᠎ᠠ                  ○ᠥᠶᠡᠷ ᠤᠨ ᠭᠠᠮᠰᠢᠬ ᠲᠤ ᠭᠡᠨᠡᠳᠳᠡ ᠲᠤᠯᠭᠠᠷᠠᠭᠰᠠᠨ ᠥᠶ᠎ᠡ ᠳᠤ ᠥᠨᠳᠥᠷ ᠭᠠᠵᠠᠷ᠂ ᠭᠡᠷ ᠤᠨ  ᠤᠷᠤᠢ ᠪᠤᠶᠤ  ᠲᠤᠮᠤ ᠮᠤᠳᠤ ᠵᠡᠷᠭᠡ ᠥᠨᠳᠥᠷᠭᠡᠨ ᠭᠠᠵᠠᠷ ᠲᠤ ᠥᠳᠳᠡᠷ ᠲᠥᠷᠭᠡᠨ ᠢᠶᠠᠷ ᠰᠢᠯᠵᠢᠵᠤ᠂ ᠠᠷᠭ᠎ᠠ  ᠰᠥᠪᠡᠭᠴᠢᠯᠡᠨ ᠠᠪᠤᠷᠠᠯᠳᠠ  ᠬᠥᠰᠡᠭᠰᠡᠨ ᠴᠢᠮᠡᠭᠡ ᠲᠤᠬᠢᠶ᠎ᠠ ᠥᠭᠴᠤ᠂ ᠠᠪᠤᠷᠠᠨ ᠲᠤᠰᠠᠯᠠᠬᠤ ᠶᠢ ᠬᠥᠯᠢᠶᠡᠬᠦ  ᠭᠡᠷᠡᠭᠳᠡᠢ ᠃        ○ᠥᠶᠡᠷ ᠤᠨ ᠰᠡᠷᠡᠮᠵᠢ ᠶᠢᠨ ᠲᠤᠬᠢᠶ᠎ᠠ ᠶᠢ ᠰᠤᠨᠤᠰᠤᠭᠰᠠᠨ ᠲᠠᠷᠤᠢ ᠳᠠᠭᠠᠨ ᠲᠤᠬᠠᠢ ᠶᠢᠨ  ᠭᠠᠵᠠᠷ ᠤᠨ ᠵᠠᠰᠠᠭ  ᠎ ᠤᠨ ᠤᠷᠳᠤᠨ ᠤ ᠵᠤᠬᠢᠶᠠᠨ ᠪᠠᠶᠢᠭᠤᠯᠤᠭᠰᠠᠨ ᠰᠢᠯᠵᠢᠯᠳᠡ ᠶᠢᠨ ᠱᠤᠭᠤᠮ ᠢᠶᠠᠷ ᠤᠷᠢᠳᠠᠪᠡᠷ  ᠬᠥᠮᠥᠨ ᠲᠠᠷᠠᠭ᠎ᠠ ᠳᠤᠨᠢ ᠡᠳ᠋  ᠬᠥᠷᠥᠩᠭᠡ᠂ ᠤᠷᠢᠳᠠᠪᠡᠷ ᠨᠠᠰᠤᠳᠠᠶᠢᠴᠤᠳ ᠭᠡᠥᠭᠡᠳ ᠡᠪᠡᠳᠴᠢᠳᠡᠨ ᠵᠡᠮᠳᠡᠭᠴᠤᠳ  ᠪᠥᠰᠡᠬᠦ᠋ᠢᠴᠤᠳ ᠲᠠᠷᠠᠭ᠎ᠠ ᠎ ᠳᠤᠨᠢ ᠢᠳᠡᠷ  ᠵᠠᠯᠠᠭᠤᠴᠤᠳ ᠢ ᠰᠢᠯᠵᠢᠬᠦᠯᠬᠦ ᠭᠡᠷᠡᠭᠳᠡᠢ᠃                ○ᠠᠭᠤᠯᠠᠨ ᠥᠶᠡᠷ ᠲᠤ ᠲᠤᠯᠭᠠᠷᠠᠵᠤ᠂ ᠤᠰᠤᠨ ᠤ ᠬᠥᠨ ᠢ ᠮᠡᠳᠡᠬᠦ ᠶᠢᠨ ᠠᠷᠭ᠎ᠠ ᠥᠭᠡᠢ ᠪᠠᠶᠢᠳᠠᠯ  ᠲᠤᠤᠷ᠎ᠠ᠂  ᠭᠠᠳᠤᠯᠬᠤ ᠪᠤᠶᠤ ᠤᠰᠤᠨ ᠳᠤ ᠤᠷᠤᠬᠤ ᠶᠢ ᠶᠠᠭᠠᠷᠠᠵᠤ ᠪᠤᠯᠬᠤ ᠥᠭᠡᠢ᠂ ᠥᠨᠳᠥᠷ ᠭᠠᠵᠠᠷ ᠲᠤ  ᠬᠥᠯᠢᠶᠡᠵᠤ᠂ ᠥᠶᠡᠷ  ᠎ ᠤᠨ ᠤᠰᠤ ᠲᠠᠳᠠᠭᠤᠷᠠᠭᠰᠠᠨ ᠤ ᠰᠡᠬᠦᠯᠡᠷ ᠰᠠᠶ᠋ᠢ ᠭᠠᠳᠤᠯᠬᠤ ᠭᠡᠷᠡᠭᠳᠡᠢ᠃                  ○ᠨᠠᠮ ᠲᠤᠤᠷ᠎ᠠ ᠭᠠᠵᠠᠷ ᠪᠤᠶᠤ ᠥᠶᠡᠷ ᠤᠨ ᠤᠰᠤᠨ ᠤ ᠰᠤᠪᠠᠭ ᠲᠤ ᠠᠵᠢᠯᠯᠠᠭᠰᠠᠳ ᠥᠶᠡᠷ ᠤᠨ  ᠤᠰᠤᠨ ᠤ  ᠲᠠᠭᠤ ᠶᠢ ᠰᠤᠨᠤᠰᠤᠮᠠᠭᠴᠠ ᠪᠠᠨ ᠥᠳᠳᠡᠷ ᠲᠥᠷᠭᠡᠨ ᠢᠶᠠᠷ ᠥᠨᠳᠥᠷ ᠭᠠᠵᠠᠷ ᠲᠤ  ᠰᠢᠯᠵᠢᠨ᠎ᠡ᠃                        ○ᠥᠨᠳᠥᠷ ᠬᠥᠴᠥᠳᠡᠯᠳᠤ ᠴᠠᠬᠢᠯᠭᠠᠨ ᠤᠳᠠᠰᠤᠨ ᠤ ᠲᠡᠮᠥᠷ  ᠵᠢᠶᠠᠰᠠ ᠬᠡᠯᠪᠠᠶᠢᠢᠵᠤ ᠤᠨᠠᠬᠤ᠂ ᠴᠠᠬᠢᠯᠭᠠᠨ  ᠤᠳᠠᠰᠤ ᠤᠨᠵᠠᠶᠢᠵᠤ ᠭᠠᠵᠠᠷ ᠰᠢᠬᠦᠷᠡᠬᠦ ᠪᠤᠶᠤ ᠲᠠᠰᠤᠷᠠᠭᠰᠠᠨ ᠥᠶ᠎ᠡ  ᠎ ᠳᠤ ᠬᠤᠯᠠ ᠵᠠᠶᠢᠯᠠᠵᠤ᠂ ᠴᠠᠬᠢᠯᠭᠠᠨ ᠳᠤ  ᠴᠤᠬᠢᠭᠳᠠᠬᠤ ᠠᠴᠠ ᠰᠡᠷᠭᠡᠶᠢᠯᠡᠬᠦ  ᠎ ᠨᠢ ᠵᠤᠬᠢᠰᠳᠠᠢ᠃                 &ᠲᠤᠰᠬᠠᠢ ᠮᠡᠷᠭᠡᠵᠢᠯᠳᠡᠨ ᠤ ᠰᠠᠨᠠᠭᠤᠯᠤᠮᠵᠢ                 ◇ᠥᠶᠡᠷ ᠤᠨ ᠤᠰᠤ ᠨᠢ 6 ~ 9 ᠳ᠋ᠤᠭᠡᠷ ᠰᠠᠷ᠎ᠠ ᠶᠢᠨ ᠬᠤᠭᠤᠷᠤᠨᠳᠤ ᠠᠷᠪᠢᠨ ᠡᠬᠦᠰᠳᠡᠭ ᠲᠤᠯᠠ  ᠲᠤᠬᠠᠢ  ᠎ ᠶᠢᠨ ᠭᠠᠵᠠᠷ ᠤᠨ ᠴᠠᠭ ᠠᠭᠤᠷ ᠤᠨ ᠮᠡᠳᠡᠭᠡ ᠶᠢ ᠠᠩᠬᠠᠷᠤᠨ ᠰᠤᠨᠤᠰᠴᠤ᠂ ᠪᠤᠷᠤᠭᠠᠨ ᠬᠤᠷ᠎ᠠ ᠶᠢᠨ  ᠪᠠᠶᠢᠳᠠᠯ ᠢ ᠴᠠᠭ  ᠲᠤᠬᠠᠢ ᠳᠤᠨᠢ ᠤᠢᠢᠯᠠᠭᠠᠵᠤ᠂ ᠰᠡᠷᠭᠡᠶᠢᠯᠡᠯᠳᠡ ᠪᠠᠨ ᠰᠠᠶᠢᠳᠤᠷ ᠬᠢᠬᠦ ᠭᠡᠷᠡᠭᠳᠡᠢ᠃                 ◇ᠤᠰᠤᠨ ᠤ ᠬᠥᠨ ᠨᠢ 0.7 ᠮᠧᠲᠷ ᠪᠤᠯᠬᠤ ᠥᠶ᠎ᠡ ᠳᠤ᠂ ᠬᠥᠮᠥᠨ ᠤᠰᠤᠨ ᠲᠤᠳᠤᠷ᠎ᠠ ᠠᠶᠠᠯᠠᠬᠤ  ᠎ ᠳᠤ ᠲᠤᠩ  ᠬᠥᠴᠢᠷᠳᠡᠳᠡᠭ ᠲᠤᠯᠠ ᠠᠭᠤᠯᠠᠨ ᠥᠶᠡᠷ ᠲᠤᠯᠭᠠᠷᠠᠭᠰᠠᠨ ᠥᠶ᠎ᠡ ᠳᠤ ᠭᠤᠤᠯ ᠭᠠᠳᠤᠯᠵᠤ ᠪᠤᠯᠬᠤ  ᠥᠭᠡᠢ᠃           ◇ ᠶᠡᠭᠡ ᠥᠶᠡᠷ ᠥᠡᠭᠭᠡᠷᠡᠭᠰᠡᠨ ᠤ ᠲᠠᠷᠠᠭ᠎ᠠ ᠤᠤᠭᠤᠬᠤ ᠤᠰᠤᠨ ᠤ ᠪᠠᠨ ᠴᠢᠨᠠᠷ  ᠎ ᠢ ᠪᠠᠶᠢᠴᠠᠭᠠᠵᠤ᠂ ᠤᠤᠭᠤᠬᠤ  ᠤᠰᠤᠨ ᠤ ᠴᠢᠨᠠᠷ ᠨᠢ ᠬᠤᠪᠢᠷᠠᠯᠳᠠ ᠲᠠᠢ ᠪᠤᠯᠤᠭᠰᠠᠨ ᠪᠤᠯ ᠤᠤᠭᠤᠵᠤ ᠪᠤᠯᠬᠤ  ᠥᠭᠡᠢ᠃    
 
ᠢᠷᠡᠯᠲᠡ᠄ ᠦᠪᠦᠷ ᠮᠣᠩᠭᠤᠯ ᠤᠨ ᠵᠠᠰᠠᠭ ᠤᠨ ᠣᠷᠳᠤᠨ
 
 
ᠬᠠᠮᠢᠶ᠎ᠠ ᠪᠥᠬᠦᠢ ᠰᠤᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备14003692号