ᠰᠢᠷᠥᠬᠦᠨ ᠪᠤᠷᠤᠭᠠᠨ ᠤ ᠲᠤᠬᠠᠢ ᠦᠢᠯᠠᠭᠠᠯᠳᠠ
ᠨᠡᠶᠢᠲᠡᠯᠡᠭᠰᠡᠨ ᠴᠠᠭ᠄
2016/5/4
     24 ᠴᠠᠭ ᠤᠨ ᠲᠤᠳᠤᠷᠠᠬᠢ ᠪᠤᠷᠤᠭᠠᠨ ᠤ ᠤᠰᠤᠨ ᠤ ᠭᠡᠮᠵᠢᠶ᠎ᠡ ᠨᠢ 50 ᠮᠢᠯᠢᠮᠧᠲᠷ ᠠᠴᠠ ᠶᠡᠭᠡ  ᠪᠤᠶᠤ  ᠲᠡᠩᠴᠡᠬᠦᠥ ᠪᠠᠶᠢᠵᠤ᠂ 100 ᠮᠢᠯᠢᠮᠧᠲᠷ ᠠᠴᠠ ᠪᠠᠭ᠎ᠠ ᠪᠠᠶᠢᠬᠤ ᠶᠢ ᠰᠢᠷᠥᠬᠦᠨ ᠪᠤᠷᠤᠭᠠᠨ ᠭᠡᠳᠡᠭ᠃  100 ᠮᠢᠯᠢᠮᠧᠲᠷ  ᠎ ᠠᠴᠠ ᠶᠡᠭᠡ ᠪᠤᠶᠤ ᠲᠡᠩᠴᠡᠬᠦᠥ ᠪᠠᠶᠢᠵᠤ᠂ 250 ᠮᠢᠯᠢᠮᠧᠲᠷ ᠠᠴᠠ ᠪᠠᠭ᠎ᠠ ᠪᠠᠶᠢᠬᠤ ᠶᠢ ᠶᠡᠭᠡ  ᠰᠢᠷᠥᠬᠦᠨ ᠪᠤᠷᠤᠭᠠᠨ  ᠭᠡᠳᠡᠭ᠃ 250 ᠮᠢᠯᠢᠮᠧᠲᠷ ᠠᠴᠠ ᠶᠡᠭᠡ ᠪᠤᠶᠤ ᠲᠡᠩᠴᠡᠬᠦᠥ ᠪᠠᠶᠢᠬᠤ ᠶᠢ ᠤᠨᠴᠠ ᠶᠡᠭᠡ  ᠰᠢᠷᠥᠬᠦᠨ ᠪᠤᠷᠤᠭᠠᠨ ᠭᠡᠳᠡᠭ᠃                    ※ ᠪᠠᠴᠢᠮ ᠪᠠᠶᠢᠳᠠᠯ ᠢ ᠠᠷᠭᠠᠴᠠᠬᠤ ᠭᠤᠤᠯᠳᠠᠯᠭ᠎ᠠ                  ○ ᠭᠡᠷ ᠤᠨ ᠭᠠᠳᠠᠨᠠᠬᠢ ᠨᠠᠮ ᠲᠤᠤᠷ᠎ᠠ ᠭᠠᠵᠠᠷ ᠲᠠᠬᠢ ᠠᠶᠤᠯᠳᠠᠢ ᠪᠠᠶᠢᠬᠤ ᠴᠠᠬᠢᠯᠭᠠᠨ ᠤᠳᠠᠰᠤ ᠶᠢ  ᠲᠠᠰᠤᠯᠵᠤ᠂  ᠭᠡᠷ ᠤᠨ ᠭᠠᠳᠠᠨᠠᠬᠢ ᠠᠵᠢᠯᠯᠠᠭ᠎ᠠ ᠶᠢ ᠲᠥᠷ ᠵᠤᠭᠰᠤᠭᠠᠵᠤ᠂ ᠠᠶᠤᠯᠳᠠᠢ ᠭᠠᠵᠠᠷ ᠤᠨ ᠬᠥᠮᠥᠰ  ᠬᠢᠭᠡᠳ ᠠᠶᠤᠯᠳᠠᠢ ᠭᠡᠷ  ᠪᠠᠷᠢᠯᠭ᠎ᠠ ᠳᠠᠬᠢ ᠰᠠᠭᠤᠭᠠᠯᠢ ᠠᠷᠠᠳ ᠢ ᠠᠮᠤᠷ ᠲᠥᠪᠰᠢᠨ ᠭᠠᠵᠠᠷ ᠲᠠᠯᠠᠪᠢ ᠳᠤ  ᠰᠢᠯᠵᠢᠬᠦᠯᠥᠨ ᠪᠤᠷᠤᠭᠠᠨ ᠠᠴᠠ  ᠲᠠᠯᠳᠠᠯᠠᠬᠤ ᠭᠡᠷᠡᠭᠳᠡᠢ᠃                    ○ ᠠᠶᠤᠯᠳᠠᠢ ᠭᠠᠵᠠᠷ ᠤᠷᠤᠨ ᠳᠠᠬᠢ ᠰᠤᠷᠭᠠᠭᠤᠯᠢ ᠪᠤᠯᠤᠨ ᠨᠢᠭᠡᠴᠡ ᠨᠦᠭᠦᠳ ᠬᠢᠴᠢᠶᠡᠯᠯᠡᠬᠦ ᠪᠠ  ᠠᠵᠢᠯᠯᠠᠬᠤ  ᠎ ᠪᠠᠨ ᠵᠤᠭᠰᠤᠭᠠᠵᠤ᠂ ᠨᠢᠭᠡᠨᠳᠡ ᠰᠤᠷᠭᠠᠭᠤᠯᠢ ᠪᠤᠯᠤᠨ ᠭᠡᠥᠭᠡᠳ ᠤᠨ ᠴᠡᠴᠡᠷᠯᠢᠭ ᠲᠡᠭᠡᠨ ᠤᠴᠢᠭᠰᠠᠨ  ᠰᠤᠷᠤᠭᠴᠢ ᠪᠤᠶᠤ  ᠠᠵᠢᠯ ᠳᠠᠭᠠᠨ ᠭᠠᠷᠤᠭᠰᠠᠨ ᠪᠤᠰᠤᠳ ᠬᠥᠮᠥᠰ ᠤᠨ ᠠᠮᠤᠷ ᠲᠥᠪᠰᠢᠨ ᠢ ᠲᠤᠰᠬᠠᠢ ᠠᠷᠭ᠎ᠠ  ᠭᠡᠮᠵᠢᠶ᠎ᠡ ᠠᠪᠴᠤ   ᠬᠠᠮᠠᠭᠠᠯᠠᠨ᠎ᠠ᠃                    ○ ᠵᠠᠮ ᠬᠠᠷᠢᠯᠴᠠᠭᠠᠨ ᠤ ᠬᠠᠮᠢᠶᠠᠷᠤᠯᠳᠠ ᠶᠢᠨ ᠰᠠᠯᠠᠭ᠎ᠠ ᠮᠥᠴᠢᠷ ᠤᠳ ᠵᠠᠮ ᠤᠨ ᠪᠠᠶᠢᠳᠠᠯ ᠢᠶᠠᠨ   ᠥᠨᠳᠥᠰᠥᠯᠡᠵᠤ᠂ ᠰᠢᠷᠥᠬᠦᠨ ᠪᠤᠷᠤᠭᠠᠨ ᠤᠷᠤᠵᠤ ᠪᠠᠶᠢᠭ᠎ᠠ ᠵᠠᠮ ᠤᠨ ᠭᠡᠰᠡᠭ ᠲᠤ ᠵᠠᠮ ᠬᠠᠷᠢᠯᠴᠠᠭᠠᠨ ᠤ ᠵᠠᠬᠢᠷᠤᠨ   ᠬᠠᠮᠢᠶᠠᠷᠬᠤ ᠠᠷᠭ᠎ᠠ ᠭᠡᠮᠵᠢᠶ᠎ᠡ ᠶᠢ ᠠᠪᠴᠤ᠂ ᠤᠰᠤ ᠲᠤᠨᠤᠵᠤ ᠬᠤᠷᠠᠭᠰᠠᠨ ᠵᠠᠮ ᠤᠨ ᠭᠡᠰᠡᠭ ᠲᠠᠬᠢ ᠵᠠᠮ  ᠬᠠᠷᠢᠯᠴᠠᠭ᠎ᠠ ᠶᠢ  ᠵᠢᠯᠤᠭᠤᠳᠤᠨ  ᠲᠠᠭᠠᠭᠤᠯᠠᠨ᠎ᠠ  ᠃                   & ᠲᠤᠰᠬᠠᠢ ᠮᠡᠷᠭᠡᠵᠢᠯᠳᠡᠨ ᠤ ᠰᠠᠨᠠᠭᠤᠯᠤᠮᠵᠢ                   ◇ ᠵᠠᠰᠠᠭ ᠤᠨ ᠤᠷᠳᠤᠨ ᠬᠢᠭᠡᠳ ᠬᠤᠯᠪᠤᠭᠳᠠᠯ ᠪᠥᠬᠦᠢ ᠰᠠᠯᠠᠭ᠎ᠠ ᠮᠥᠴᠢᠷ ᠤᠳ ᠡᠬᠦᠷᠭᠡ  ᠬᠠᠷᠢᠭᠤᠴᠠᠯᠭ᠎ᠠ ᠎ ᠪᠠᠷ  ᠎ ᠢᠶᠠᠨ ᠰᠢᠷᠥᠬᠦᠨ ᠪᠤᠷᠤᠭᠠᠨ ᠠᠴᠠ ᠪᠠᠴᠢᠮ ᠠᠷᠭᠠᠴᠠᠭᠠᠬᠤ ᠪᠠ ᠠᠶᠤᠯ ᠠᠴᠠ ᠠᠪᠤᠷᠠᠬᠤ  ᠠᠵᠢᠯ ᠢᠶᠠᠨ ᠰᠠᠶᠢᠳᠤᠷ  ᠬᠢᠨ᠎ᠠ  ᠃                   ◇ ᠬᠤᠳᠠ᠂ ᠲᠡᠷᠢᠶᠠᠨ ᠭᠠᠵᠠᠷ᠂ ᠵᠢᠭᠠᠰᠤᠨ ᠲᠠᠯᠠᠪᠠᠢ ᠶᠢᠨ ᠤᠰᠤ ᠵᠠᠯᠠᠬᠤ ᠰᠢᠰᠲ᠋ᠧᠮ ᠢ  ᠪᠠᠶᠢᠴᠠᠭᠠᠵᠤ᠂  ᠤᠰᠤᠳᠤᠯ ᠢ ᠵᠠᠯᠠᠬᠤ ᠴᠢᠬᠤᠯᠠ ᠪᠥᠬᠦᠢ ᠠᠷᠭ᠎ᠠ ᠭᠡᠮᠵᠢᠶ᠎ᠡ ᠨᠦᠭᠦᠳ ᠢ  ᠠᠪᠴᠤ ᠪᠤᠯᠤᠨ᠎ᠠ᠃                     ◇ ᠡᠬᠦᠰᠴᠤ ᠮᠡᠳᠡᠬᠦ ᠠᠭᠤᠯᠠᠨ ᠥᠶᠡᠷ᠂ ᠠᠭᠤᠯᠨ ᠶᠡᠬᠦᠷᠡᠬᠦ᠂ ᠰᠢᠪᠡᠷ ᠴᠢᠯᠠᠭᠤᠨ ᠤ ᠤᠷᠤᠰᠬᠠᠯ  ᠵᠡᠷᠭᠡ ᠭᠠᠮᠰᠢᠬ  ᠎ ᠢ ᠠᠩᠬᠠᠷᠤᠨ  ᠰᠡᠷᠭᠡᠶᠢᠯᠡᠨ᠎ᠡ᠃  
 
ᠢᠷᠡᠯᠲᠡ᠄ ᠦᠪᠦᠷ ᠮᠣᠩᠭᠤᠯ ᠤᠨ ᠵᠠᠰᠠᠭ ᠤᠨ ᠣᠷᠳᠤᠨ
 
 
ᠬᠠᠮᠢᠶ᠎ᠠ ᠪᠥᠬᠦᠢ ᠰᠤᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备14003692号