ᠮᠠᠰᠢᠨ ᠲᠡᠷᠭᠡᠨ ᠤ ᠭᠠᠯ ᠤᠨ ᠠᠶᠤᠯ ᠠᠴᠠ ᠰᠡᠷᠭᠡᠶᠢᠯᠡᠬᠦ ᠨᠢ
ᠨᠡᠶᠢᠲᠡᠯᠡᠭᠰᠡᠨ ᠴᠠᠭ᠄
2016/5/4
    ᠮᠠᠰᠢᠨ ᠲᠡᠷᠭᠡᠨ ᠤ ᠭᠠᠯ ᠤᠨ ᠠᠶᠤᠯ ᠭᠡᠳᠡᠭ ᠪᠤᠯ ᠮᠠᠰᠢᠨ ᠲᠡᠷᠭᠡ ᠵᠡᠷᠭᠡ ᠵᠠᠮ ᠬᠠᠷᠢᠯᠴᠠᠭᠠᠨ ᠤ  ᠪᠠᠭᠠᠵᠢ ᠳᠤ ᠴᠠᠬᠢᠯᠭᠠᠨ ᠵᠠᠮ᠂ ᠰᠢᠳᠠᠭᠠᠯᠭ᠎ᠠ᠂ ᠭᠡᠢ ᠵᠠᠯᠠᠬᠤ ᠰᠢᠰᠲ᠋ᠧᠮ ᠵᠡᠷᠭᠡ ᠨᠢ ᠰᠠᠭᠠᠳ ᠲᠤ ᠤᠴᠠᠷᠠᠭᠰᠠᠨ ᠪᠤᠶᠤ  ᠬᠥᠮᠥᠨ ᠤ ᠤᠷᠰᠢᠬ ᠠᠴᠠ ᠪᠤᠯᠤᠭᠰᠠᠨ ᠪᠤᠰᠤᠳ ᠵᠥᠢᠯ ᠤᠨ ᠭᠠᠯ ᠤᠨ ᠠᠶᠤᠯ ᠢ ᠵᠢᠭᠠᠵᠤ ᠪᠠᠶᠢᠨ᠎ᠠ᠃                    ᠪᠠᠴᠢᠮ ᠪᠠᠶᠢᠳᠠᠯ ᠢ ᠠᠷᠭᠠᠴᠠᠬᠤ ᠭᠤᠤᠯᠳᠠᠯᠭ᠎ᠠ                   ●ᠮᠠᠰᠢᠨ ᠲᠡᠷᠭᠡᠨ ᠤ ᠬᠥᠳᠡᠯᠭᠡᠬᠦᠷ ᠮᠠᠰᠢᠨ ᠨᠢ ᠰᠢᠳᠠᠭᠰᠠᠨ ᠥᠶᠡᠰ᠂ ᠵᠢᠯᠤᠭᠤᠴᠢ ᠨᠢ ᠲᠠᠷᠦ᠋ᠢᠬᠠᠨ  ᠲᠡᠷᠭᠡ ᠎ ᠪᠠᠨ ᠵᠤᠭᠰᠤᠭᠠᠵᠤ᠂ ᠲᠡᠷᠭᠡᠨ ᠳᠠᠬᠢ ᠬᠥᠮᠥᠰ ᠢ ᠲᠥᠷᠭᠡᠨ ᠪᠠᠭᠤᠯᠭᠠᠵᠤ᠂ ᠲᠠᠷᠠᠭ᠎ᠠ ᠪᠠᠷ ᠨᠢ ᠴᠠᠬᠢᠯᠭᠠᠨ  ᠡᠬᠦᠰᠭᠡᠭᠴᠢ ᠎ ᠶᠢ  ᠲᠠᠰᠤᠳᠠᠵᠤ᠂ ᠲᠡᠷᠭᠡᠨ ᠳᠠᠬᠢ ᠭᠠᠯ ᠤᠨᠳᠠᠷᠠᠭᠠᠬᠤ ᠪᠠᠭᠠᠵᠢ ᠪᠠᠨ ᠠᠪᠴᠤ᠂ ᠰᠢᠳᠠᠵᠤ ᠪᠠᠶᠢᠭ᠎ᠠ  ᠭᠡᠰᠡᠭ ᠲᠤ ᠴᠢᠭᠯᠡᠬᠦᠯᠥᠨ ᠬᠥᠴᠥᠳᠡᠢ ᠰᠥᠷᠴᠢᠵᠤ᠂ ᠭᠠᠯ ᠤᠨ ᠰᠤᠷ ᠢ ᠨᠢ  ᠤᠨᠳᠠᠷᠠᠭᠠᠨ᠎ᠠ᠃                     ●ᠮᠠᠰᠢᠨ ᠲᠡᠷᠭᠡᠨ ᠤ ᠤᠡᠭᠭᠤᠴᠠᠨ ᠳᠠᠬᠢ ᠪᠠᠷᠠᠭᠠᠨ ᠳᠤ ᠭᠠᠯ ᠭᠠᠷᠤᠭᠰᠠᠨ ᠪᠤᠯ ᠵᠢᠯᠤᠭᠤᠴᠢ ᠨᠢ  ᠮᠠᠰᠢᠨ ᠲᠡᠷᠭᠡ  ᠎ ᠪᠠᠨ ᠴᠢᠬᠤᠯᠠ ᠬᠡᠷᠰᠡᠤ ᠭᠠᠵᠠᠷ ︵ᠬᠥᠮᠥᠨ ᠬᠠᠷ᠎ᠠ ᠲᠥᠪᠯᠡᠷᠡᠭᠰᠡᠨ ᠭᠠᠵᠠᠷ ᠲᠠᠯᠠᠪᠤᠷ︶᠎ ᠠᠴᠠ  ᠬᠤᠯᠠᠬᠠᠨ ᠵᠠᠶᠢᠳᠠᠭᠤᠯᠵᠤ᠂  ᠲᠡᠷᠦ᠋ᠢᠬᠠᠨ ᠭᠠᠯ ᠤᠨᠳᠠᠷᠠᠭᠠᠬᠤ ᠠᠩᠬᠢ ᠳᠤ ᠮᠡᠳᠡᠬᠦᠯᠬᠦ ᠭᠡᠷᠡᠭᠳᠡᠢ᠃ ᠡᠬᠦᠨ ᠤ  ᠬᠠᠮᠳᠤ᠂ ᠵᠢᠯᠤᠭᠤᠴᠢ ᠨᠢ ᠲᠡᠷᠭᠡᠨ ᠳᠠᠬᠢ  ᠭᠠᠯ ᠤᠨᠳᠠᠷᠠᠭᠠᠬᠤ ᠪᠠᠭᠠᠵᠢ ᠪᠠᠨ ᠠᠪᠴᠤ ᠭᠠᠯ ᠢ ᠲᠠᠷᠤᠬᠤ ᠭᠡᠷᠡᠭᠳᠡᠢ᠂  ᠭᠠᠯ ᠢ ᠨᠢᠭᠡᠯᠡ ᠲᠡᠭᠡᠷ᠎ᠡ ᠲᠡᠷᠤᠵᠤ ᠲᠡᠶᠢᠯᠬᠦ  ᠥᠭᠡᠢ ᠥᠶᠡᠰ᠂ ᠲᠤᠭᠤᠷᠢᠨ ᠥᠵᠡᠬᠦ ᠬᠥᠮᠥᠰ ᠢ ᠲᠤᠬᠠᠢ ᠶᠢᠨ  ᠲᠠᠯᠠᠪᠤᠷ ᠎ ᠠᠴᠠ ᠢᠳᠬᠠᠨ ᠵᠠᠶᠢᠯᠠᠭᠤᠯᠵᠤ᠂ ᠲᠡᠯᠪᠡᠷᠡᠯᠳᠡ  ᠎ ᠶᠢᠨ ᠠᠳᠡᠯ ᠡᠬᠦᠰᠬᠦ ᠠᠴᠠ ᠰᠡᠷᠭᠡᠶᠢᠯᠡᠨ᠎ᠡ᠃                     ●ᠮᠠᠰᠢᠨ ᠲᠡᠷᠭᠡ ᠨᠢ ᠲᠤᠰᠤ ᠨᠡᠮᠡᠬᠦ ᠶᠠᠪᠤᠴᠠ ᠳᠤ ᠭᠠᠯ ᠭᠠᠷᠪᠠᠯ᠂ ᠲᠤᠰᠤ ᠨᠡᠮᠡᠬᠦ ᠪᠠᠨ ᠲᠡᠷᠦ᠋ᠢᠬᠠᠨ  ᠵᠤᠭᠰᠤᠭᠠᠵᠤ᠂ ᠲᠡᠷᠭᠡ ᠪᠠᠨ ᠲᠤᠰᠤ ᠨᠡᠮᠡᠬᠦ ᠥᠷᠳᠡᠭᠡ ︵ᠬᠥᠮᠥᠷᠭᠡ︶᠎ ᠠᠴᠠ ᠱᠠᠯᠠᠪᠬᠠᠨ ᠵᠠᠶᠢᠯᠠᠭᠤᠯᠵᠤ᠂ ᠲᠡᠷᠭᠡᠨ  ᠎ ᠳᠠᠬᠢ ᠭᠠᠯ ᠤᠨᠳᠠᠷᠠᠭᠠᠬᠤ ᠪᠠᠭᠠᠵᠢ ᠪᠤᠶᠤ ᠲᠤᠰᠤ ᠨᠡᠮᠡᠬᠦ ᠥᠷᠳᠡᠭᠡᠨ ᠤ ᠭᠠᠯ ᠤᠨᠳᠠᠷᠠᠭᠠᠬᠤ ᠪᠠᠭᠠᠵᠢ ᠵᠢᠴᠢ  ᠬᠤᠪᠴᠠᠰᠤ ᠵᠡᠷᠭᠡ ᠪᠠᠷ ᠢᠶᠠᠨ ᠲᠤᠰᠤᠨ ᠤ ᠬᠠᠶᠢᠷᠴᠠᠭ ᠲᠡᠭᠡᠷᠡᠬᠢ ᠭᠠᠯ ᠤᠨ ᠰᠤᠷ ᠢ ᠲᠡᠷᠤᠨ ᠤᠨᠳᠠᠷᠠᠭᠠᠬᠤ ᠭᠡᠷᠡᠭᠳᠡᠢ  ᠃ ᠭᠡᠷᠪᠡ ᠭᠠᠵᠠᠷ  ᠲᠡᠭᠡᠷ᠎ᠡ ᠲᠤᠰᠤ ᠲᠤᠰᠤᠯᠠᠵᠤ ᠠᠰᠬᠠᠭᠳᠠᠭᠰᠠᠨ ᠪᠠᠶᠢᠪᠠᠯ ᠭᠠᠯ ᠤᠨᠳᠠᠷᠠᠭᠠᠬᠤ ᠪᠠᠭᠠᠵᠢ ᠪᠤᠶᠤ  ᠡᠯᠡᠰᠥ ᠰᠢᠷᠤᠢ ᠪᠠᠷ ᠲᠡᠷᠤᠵᠤ ᠤᠨᠳᠠᠷᠠᠭᠠᠨ᠎ᠠ  ᠃                   ●ᠮᠠᠰᠢᠨ ᠲᠡᠷᠭᠡ ᠶᠢ ᠰᠡᠯᠪᠢᠨ ᠵᠠᠰᠠᠭᠤᠯᠵᠤ ᠪᠠᠶᠢᠭ᠎ᠠ ᠥᠶᠡᠰ ᠭᠠᠯ ᠭᠠᠷᠤᠭᠰᠠᠨ ᠪᠤᠯ ᠰᠡᠯᠪᠢᠨ  ᠵᠠᠰᠠᠭᠴᠢ  ᠬᠥᠮᠥᠰ ᠲᠡᠷᠭᠡᠨ ᠠᠴᠠ ᠲᠥᠷᠭᠡᠨ ᠪᠠᠭᠤᠬᠤ ᠪᠤᠶᠤ ᠵᠠᠶᠢᠯᠠᠵᠤ᠂ ᠴᠠᠬᠢᠯᠭᠠᠨ ᠡᠬᠦᠰᠭᠡᠭᠴᠢ ᠶᠢ ᠲᠠᠰᠤᠯᠵᠤ᠂ ᠭᠠᠯ ᠤᠨᠳᠠᠷᠠᠭᠠᠬᠤ ᠪᠠᠭᠠᠵᠢ ᠪᠤᠶᠤ ᠪᠤᠰᠤᠳ ᠵᠥᠢᠯ ᠤᠨ ᠭᠡᠷᠡᠭᠰᠡᠯ ᠢᠶᠠᠷ ᠭᠠᠯ ᠤᠨ ᠰᠤᠷ ᠢ ᠲᠠᠷᠤᠵᠤ ᠠᠪᠬᠤ  ᠭᠡᠷᠡᠭᠳᠡᠢ᠃                   ●ᠮᠠᠰᠢᠨ ᠲᠡᠷᠭᠡ ᠮᠥᠷᠬᠦᠯᠳᠥᠭᠡᠳ ᠭᠠᠯ ᠤᠨ ᠠᠶᠤᠯ ᠡᠬᠦᠰᠥᠭᠰᠡᠨ ᠪᠤᠯ ᠲᠡᠷᠦ᠋ᠢᠬᠠᠨ ᠡᠬᠦᠳᠡ ᠪᠠᠨ  ᠨᠡᠭᠡᠭᠡᠵᠤ ᠲᠡᠷᠭᠡᠨ ᠳᠠᠬᠢ ᠬᠥᠮᠥᠰ ᠢ ᠲᠥᠷᠭᠡᠨ ᠵᠠᠶᠢᠯᠠᠭᠤᠯᠤᠨ᠎ᠠ  ᠃                 ●ᠮᠠᠰᠢᠨ ᠲᠡᠷᠭᠡ ᠵᠤᠭᠰᠤᠭᠠᠬᠤ ᠲᠠᠯᠠᠪᠤᠷ ᠲᠤ ᠭᠠᠯ ᠤᠨ ᠠᠶᠤᠯ ᠡᠬᠦᠰᠥᠭᠰᠡᠨ ᠪᠤᠯ ᠶᠡᠷᠥᠩᠭᠡᠢ ᠳᠡᠭᠡᠨ  ᠭᠠᠯ ᠭᠠᠷᠤᠭᠰᠠᠨ ᠲᠡᠷᠭᠡᠨ ᠤ ᠪᠠᠶᠢᠷᠢᠰᠢᠯ ᠢ ᠥᠨᠳᠥᠰᠥᠯᠡᠨ ᠠᠪᠤᠷᠠᠯᠳᠠ ᠶᠢᠨ ᠠᠷᠭ᠎ᠠ ᠭᠡᠮᠵᠢᠶ᠎ᠡ ᠪᠠ ᠲᠠᠷᠬᠠᠭᠠᠨ  ᠵᠠᠶᠢᠯᠠᠭᠤᠯᠬᠤ ᠠᠷᠭ᠎ᠠ ᠭᠡᠮᠵᠢᠶ᠎ᠡ ᠶᠢ ᠠᠪᠬᠤ ᠭᠡᠷᠡᠭᠳᠡᠢ᠃ ᠭᠡᠷᠪᠡ ᠭᠠᠯ ᠭᠠᠷᠤᠭᠰᠠᠨ ᠮᠠᠰᠢᠨ ᠲᠡᠷᠭᠡ ᠨᠢ ᠲᠡᠷᠭᠡ  ᠵᠤᠭᠰᠤᠭᠠᠬᠤ ᠲᠠᠯᠠᠪᠤᠷ ᠤᠨ ᠲᠤᠮᠳᠠ ᠪᠠᠶᠢᠪᠠᠯ᠂ ᠭᠠᠯ ᠢ ᠨᠢ ᠤᠨᠳᠠᠷᠠᠭᠠᠬᠤ ᠶᠢᠨ ᠲᠠᠭᠠᠤ ᠬᠥᠮᠥᠰ ᠢ ᠵᠤᠬᠢᠶᠠᠨ  ᠪᠠᠶᠢᠭᠤᠯᠤᠨ ᠤᠢᠢᠷ᠎ᠠ ᠤᠷᠴᠢᠮ ᠳᠤᠨᠢ ᠵᠤᠭᠰᠤᠭᠠᠵᠤ ᠪᠠᠶᠢᠭ᠎ᠠ ᠲᠡᠷᠭᠡ ᠨᠦᠭᠦᠳ ᠢ ᠵᠠᠶᠢᠯᠠᠭᠤᠯᠬᠤ ᠭᠡᠷᠡᠭᠳᠡᠢ᠃ ᠭᠡᠷᠪᠡ  ᠭᠠᠯ ᠭᠠᠷᠤᠭᠰᠠᠨ ᠮᠠᠰᠢᠨ ᠲᠡᠷᠭᠡ ᠨᠢ ᠲᠡᠷᠭᠡ ᠵᠤᠭᠰᠤᠭᠠᠬᠤ ᠲᠠᠯᠠᠪᠤᠷ ᠤᠨ ᠨᠢᠭᠡ ᠲᠠᠯ᠎ᠠ ᠳᠤᠨᠢ ᠪᠠᠶᠢᠪᠠᠯ᠂ ᠭᠠᠯ ᠢ ᠨᠢ  ᠤᠨᠳᠠᠷᠠᠭᠠᠬᠤ ᠶᠢᠨ ᠲᠠᠭᠠᠤ ᠭᠠᠯ  ᠭᠠᠷᠤᠭᠰᠠᠨ ᠲᠡᠷᠭᠡ ᠲᠠᠢ ᠵᠠᠯᠭᠠᠯᠳᠤᠵᠤ ᠪᠠᠶᠢᠭ᠎ᠠ ᠲᠡᠷᠭᠡ ᠶᠢ ᠵᠠᠶᠢᠯᠠᠭᠤᠯᠤᠨ᠎ᠠ  ᠃                   ●ᠤᠯᠠᠨ ᠨᠡᠶᠢᠳᠡ ᠶᠢᠨ ᠮᠠᠰᠢᠨ ᠲᠡᠷᠭᠡᠨ ᠳᠤ ᠭᠠᠯ ᠭᠠᠷᠤᠭᠰᠠᠨ ᠪᠤᠯ ᠡᠩ ᠲᠡᠷᠢᠬᠦᠨ ᠳᠤ ᠬᠥᠮᠥᠰ ᠢ  ᠠᠪᠤᠷᠠᠬᠤ ᠪᠠ ᠴᠠᠭᠳᠠᠭ᠎ᠠ ᠳᠤ ᠮᠡᠳᠡᠬᠦᠯᠬᠦ ᠶᠢ ᠪᠤᠳᠤᠯᠬᠢᠯᠠᠬᠤ ᠭᠡᠷᠡᠭᠳᠡᠢ᠃ ᠭᠡᠷᠪᠡ ᠮᠠᠰᠢᠨ ᠲᠡᠷᠭᠡᠨ ᠤ ᠬᠥᠳᠡᠯᠭᠡᠬᠦᠷ  ᠮᠠᠰᠢᠨ ᠤ ᠬᠠᠪᠢ  ᠎ ᠳᠤ ᠭᠠᠯ ᠭᠠᠷᠤᠭᠰᠠᠨ ᠪᠤᠯ ᠵᠢᠯᠤᠭᠤᠴᠢ ᠨᠢ ᠪᠥᠬᠦ ᠡᠬᠦᠳᠡ ᠪᠠᠨ ᠨᠡᠭᠡᠭᠡᠵᠤ ᠲᠡᠷᠭᠡᠨ ᠳᠤ  ᠰᠠᠭᠤᠭᠰᠠᠳ ᠢ ᠲᠡᠷᠭᠡᠨ ᠠᠴᠠ  ᠪᠠᠭᠤᠯᠭᠠᠭᠠᠳ᠂ ᠲᠠᠷᠠᠭᠠᠪᠡᠷ ᠭᠠᠯ ᠢ ᠤᠨᠳᠠᠷᠠᠭᠠᠬᠤ ᠭᠡᠷᠡᠭᠳᠡᠢ᠃ ᠮᠠᠰᠢᠨ ᠲᠡᠷᠭᠡᠨ  ᠎ ᠤ ᠲᠤᠮᠳᠠ ᠭᠡᠰᠡᠭ ᠲᠤ ᠭᠠᠯ ᠭᠠᠷᠤᠭᠰᠠᠨ ᠪᠤᠯ ᠵᠢᠯᠤᠭᠤᠴᠢ ᠨᠢ ᠡᠬᠦᠳᠡ ᠪᠠᠨ ᠨᠡᠭᠡᠭᠡᠨ ᠬᠥᠮᠥᠰ ᠢ ᠬᠤᠶᠠᠷ ᠥᠵᠥᠬᠦᠷ  ᠎ ᠤᠨ ᠡᠬᠦᠳᠡ ᠪᠠᠷ ᠪᠠᠭᠤᠯᠭᠠᠨ᠂ ᠲᠠᠷᠠᠭᠠᠪᠡᠷ ᠨᠢ ᠭᠠᠯ ᠢ ᠤᠨᠳᠠᠷᠠᠭᠠᠨ᠂ ᠭᠠᠯ ᠤᠨ ᠬᠥᠴᠥᠨ ᠢ ᠲᠠᠷᠤᠬᠤ ᠭᠡᠷᠡᠭᠳᠡᠢ᠃  ᠭᠡᠷᠪᠡ ᠲᠡᠷᠭᠡᠨ ᠲᠡᠭᠡᠷᠡᠬᠢ ᠴᠠᠬᠢᠯᠭᠠᠨ ᠤᠳᠠᠰᠤ ᠨᠢ ᠰᠢᠳᠠᠭᠠᠳ᠂ ᠲᠡᠷᠭᠡᠨ ᠡᠬᠦᠳᠡ ᠨᠢ ᠨᠡᠭᠡᠭᠡᠭᠳᠡᠬᠦ ᠥᠭᠡᠢ ᠥᠶᠡᠰ᠂  ᠲᠡᠷᠭᠡᠨ ᠳᠤ ᠰᠠᠭᠤᠭᠰᠠᠳ ᠬᠠᠵᠠᠭᠤ ᠬᠠᠪᠢ ᠶᠢᠨ ᠲᠡᠷᠭᠡᠨ ᠴᠤᠩᠬᠤ ᠪᠠᠷ ᠪᠠᠭᠤᠵᠤ ᠪᠤᠯᠤᠨ᠎ᠠ᠃ ᠭᠡᠷᠪᠡ ᠭᠠᠯ ᠤᠨ  ᠰᠤᠷ ᠲᠡᠷᠭᠡᠨ ᠡᠬᠦᠳᠡ ᠶᠢ ᠪᠢᠳᠡᠬᠦᠮᠵᠢᠯᠡᠭᠡᠳ᠂ ᠲᠡᠷᠭᠡᠨ ᠴᠤᠩᠬᠤ ᠪᠠᠷ ᠴᠤ ᠪᠠᠭᠤᠵᠤ ᠲᠡᠶᠢᠯᠬᠦ ᠥᠭᠡᠢ ᠥᠶᠡᠰ᠂  ᠬᠤᠪᠴᠠᠰᠤ ᠬᠤᠨᠠᠷ ᠢᠶᠠᠷ ᠲᠤᠯᠤᠭᠠᠢ ᠪᠠᠨ ᠪᠥᠳᠡᠭᠡᠵᠤ ᠲᠡᠷᠭᠡᠨ ᠡᠬᠦᠳᠡ ᠪᠠᠷ ᠰᠢᠪᠳᠤᠯᠤᠨ ᠭᠠᠷᠴᠤ ᠪᠤᠯᠤᠨ᠎ᠠ᠃                    ᠲᠤᠰᠬᠠᠢ ᠮᠡᠷᠭᠡᠵᠢᠯᠳᠡᠨ ᠤ ᠰᠠᠨᠠᠭᠤᠯᠤᠮᠵᠢ                ◇ᠲᠡᠷᠭᠡ ᠪᠠᠨ ᠡᠳᠥᠷ ᠲᠤᠳᠤᠮ ᠰᠠᠶᠢᠳᠤᠷ ᠪᠠᠶᠢᠴᠠᠭᠠᠨ ᠥᠵᠡᠵᠤ᠂ ᠲᠡᠷᠭᠡ ᠪᠠᠨ ᠪᠠᠳᠤᠯᠠᠭ᠎ᠠ ᠲᠠᠢ  ᠪᠠᠶᠢᠯᠭᠠᠵᠤ᠂ ᠭᠡᠢ ᠭᠠᠷᠬᠤ᠂ ᠲᠤᠰᠤ ᠭᠤᠭᠤᠵᠢᠬᠤ ᠥᠵᠡᠭᠳᠡᠯ ᠢ  ᠰᠡᠷᠭᠡᠶᠢᠯᠡᠨ᠎ᠡ  ᠃          ◇ᠭᠡᠷᠪᠡ ᠭᠤᠮ ᠰᠢᠳᠠᠭᠰᠠᠨ ᠥᠨᠥᠷ ᠭᠠᠷᠬᠤ ᠪᠤᠶᠤ ᠤᠳᠤᠭ᠎ᠠ ᠭᠠᠷᠬᠤ ᠵᠡᠷᠭᠡ ᠶᠡᠷᠥ ᠪᠤᠰᠤ ᠶᠢᠨ  ᠥᠵᠡᠭᠳᠡᠯ ᠭᠠᠷᠪᠠᠯ᠂ ᠲᠡᠷᠭᠡ ᠪᠠᠨ ᠲᠡᠷᠦ᠋ᠢᠬᠠᠨ ᠵᠤᠭᠰᠤᠭᠠᠵᠤ ᠪᠠᠶᠢᠴᠠᠭᠠᠵᠤ  ᠵᠠᠰᠠᠨ᠎ᠠ  ᠃                    ◇ᠲᠡᠷᠭᠡᠨ ᠳᠡᠭᠡᠨ ᠵᠠᠪᠠᠯ ᠬᠢᠷᠢ ᠳᠤ ᠲᠡᠩᠴᠡᠭᠰᠡᠨ ᠭᠠᠯ ᠤᠨᠳᠠᠷᠠᠭᠠᠬᠤ ᠪᠠᠭᠠᠵᠢ ᠪᠡᠯᠡᠳᠭᠡᠵᠤ᠂ ᠲᠡᠬᠦᠨ  ᠎ ᠢᠶᠠᠨ ᠲᠤᠭᠳᠠᠮᠠᠯ ᠬᠤᠭᠤᠴᠠᠭ᠎ᠠ ᠪᠠᠷ ᠬᠠᠯᠠᠨ ᠰᠤᠯᠢᠵᠤ᠂ ᠭᠡᠷᠡᠭᠯᠡᠬᠦ ᠠᠷᠭ᠎ᠠ ᠶᠢ ᠨᠢ ᠰᠤᠷᠴᠤ ᠡᠵᠡᠮᠰᠢᠬᠦ ᠭᠡᠷᠡᠭᠳᠡᠢ᠃                  ◇ᠭᠠᠯ ᠰᠡᠷᠭᠡᠶᠢᠯᠡᠬᠦ ᠨᠠᠷᠢᠨ ᠪᠠᠶᠢᠳᠠᠯ ᠢ ᠬᠡᠵᠢᠶᠡᠳᠡ ᠠᠩᠬᠠᠷᠴᠤ᠂ ᠲᠡᠮᠡᠬᠢᠨ ᠨᠤᠴᠢᠭᠠᠭᠤᠷ ᠢ ᠢᠯᠡ  ᠲᠡᠯᠪᠢᠵᠤ  ᠪᠤᠯᠬᠤ ᠥᠭᠡᠢ᠂ ᠲᠡᠯᠪᠡᠷᠡᠬᠦ ᠠᠴᠠ ᠰᠡᠷᠭᠡᠶᠢᠯᠡᠨ᠎ᠡ︔ ᠲᠡᠷᠭᠡᠨ ᠲᠤᠳᠤᠷ᠎ᠠ ᠲᠡᠮᠡᠬᠢᠨ ᠶᠤᠵᠤᠭᠤᠷ ᠢ ᠲᠤᠷ᠎ᠠ  ᠎ ᠪᠠᠷ ᠢᠶᠠᠨ ᠬᠠᠶᠠᠵᠤ ᠪᠤᠯᠬᠤ ᠥᠭᠡᠢ︔ ᠥᠨᠥᠷᠳᠤ ᠤᠰᠤ᠂ ᠱᠥᠷᠬᠦᠬᠦᠯ ᠰᠢᠷᠭᠡᠭ ᠵᠡᠷᠭᠡ ᠬᠢᠯᠪᠠᠷ ᠨᠤᠴᠤᠬᠤ ᠪᠤᠳᠠᠰ ᠢ  ᠲᠡᠷᠭᠡᠨ ᠲᠤᠳᠤᠷ᠎ᠠ ᠪᠠᠨ ᠲᠠᠯᠪᠢᠵᠤ ᠪᠤᠯᠬᠤ ᠥᠭᠡᠢ᠃                    ◇ᠮᠠᠰᠢᠨ ᠲᠡᠷᠭᠡ ᠭᠡᠨᠡᠳᠳᠡ ᠥᠪᠡᠷᠳᠡᠭᠡᠨ ᠰᠢᠳᠠᠬᠤ ᠳᠤ ᠬᠥᠷᠪᠡᠯ ᠲᠡᠷᠦ᠋ᠢᠬᠠᠨ ᠭᠠᠷ ᠲᠤᠷᠤᠮᠰᠤᠭᠤᠷ  ᠎ ᠢᠶᠠᠨ ᠲᠠᠳᠠᠵᠤ᠂ ᠴᠠᠬᠢᠯᠭᠠᠨ ᠡᠬᠦᠰᠭᠡᠭᠴᠢ ᠶᠢ ᠬᠠᠭᠠᠵᠤ᠂ ᠭᠠᠯ ᠤᠨᠳᠠᠷᠠᠭᠠᠬᠤ ᠪᠠᠭᠠᠵᠢ ᠪᠠᠷ ᠲᠤᠰᠤᠨ ᠰᠠᠪᠠ ᠪᠤᠯᠤᠨ  ᠨᠤᠴᠤᠵᠤ  ᠪᠠᠶᠢᠭ᠎ᠠ ᠭᠡᠰᠡᠭ ᠤᠨ ᠬᠠᠯᠠᠭᠤᠨ ᠢ ᠪᠠᠭᠤᠷᠠᠭᠤᠯᠤᠨ ᠭᠠᠯ ᠢ ᠤᠨᠳᠠᠷᠠᠭᠠᠬᠤ ᠶᠢᠨ ᠲᠠᠭᠠᠤ ᠲᠠᠷᠦ᠋ᠢᠬᠠᠨ  ᠴᠠᠭᠳᠠᠭ᠎ᠠ ᠳᠤ ᠮᠡᠳᠡᠬᠦᠯᠬᠦ ᠭᠡᠷᠡᠭᠳᠡᠢ᠃  
 
ᠢᠷᠡᠯᠲᠡ᠄ ᠦᠪᠦᠷ ᠮᠣᠩᠭᠤᠯ ᠤᠨ ᠵᠠᠰᠠᠭ ᠤᠨ ᠣᠷᠳᠤᠨ
 
 
ᠬᠠᠮᠢᠶ᠎ᠠ ᠪᠥᠬᠦᠢ ᠰᠤᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备14003692号