ᠶᠠᠪᠠᠭᠠᠨ ᠬᠥᠮᠥᠨ ᠤ ᠵᠠᠮ ᠬᠠᠷᠢᠯᠴᠠᠭᠠᠨ ᠤ ᠡ᠊ᠨᠳᠡᠯ ᠤᠨ ᠲᠤᠬᠠᠢ ᠦᠢᠯᠠᠭᠠᠯᠳᠠ
ᠨᠡᠶᠢᠲᠡᠯᠡᠭᠰᠡᠨ ᠴᠠᠭ᠄
2016/5/4
    ᠶᠠᠪᠠᠭᠠᠨ ᠬᠥᠮᠥᠨ ᠪᠤᠯ ᠵᠠᠮ ᠬᠠᠷᠢᠯᠴᠠᠭᠠᠨ ᠤ ᠡ᠊ᠨᠳᠡᠯ ᠤᠨ ᠲᠤᠳᠤᠷ᠎ᠠ ᠪᠠᠭᠤᠷᠠᠶᠢᠴᠤᠳ ᠪᠤᠯᠬᠤ  ᠪᠥᠭᠡᠳ ᠲᠤᠩ ᠠᠮᠠᠷᠬᠠᠨ ᠬᠥᠨᠥᠭᠡᠯ ᠠᠮᠰᠠᠳᠠᠭ᠃                   ᠪᠠᠴᠢᠮ ᠪᠠᠶᠢᠳᠠᠯ ᠢ ᠠᠷᠭᠠᠴᠠᠬᠤ ᠭᠤᠤᠯᠳᠠᠯᠭ᠎ᠠ               ● ᠶᠠᠪᠠᠭᠠᠨ ᠬᠥᠮᠥᠨ ᠮᠠᠰᠢᠨᠳᠤ ᠲᠡᠷᠭᠡ ᠯᠦᠭᠡ ᠡ᠊ᠨᠳᠡᠯ ᠡᠬᠦᠰᠥᠭᠰᠡᠨ ᠤ ᠰᠡᠬᠦᠯᠡᠷ ᠵᠥᠪᠳᠡᠯᠴᠡᠨ  ᠰᠢᠢᠳᠪᠥᠷᠢᠯᠡᠵᠤ ᠴᠢᠳᠠᠬᠤ ᠥᠭᠡᠢ ᠥᠶᠡᠰ᠂ ᠲᠡᠷᠦ᠋ᠢᠬᠠᠨ ᠴᠠᠭᠳᠠᠭ᠎ᠠ ᠳᠤ ᠮᠡᠳᠡᠬᠦᠯᠬᠦ ᠶᠢᠨ ᠲᠠᠭᠠᠤ ᠭᠡᠷᠡᠭ  ᠭᠠᠷᠭᠠᠭᠰᠠᠨ ᠮᠡᠰᠢᠨ ᠲᠡᠷᠭᠡᠨ ᠤ ᠲᠡᠮᠳᠡᠭ ᠳ᠋ᠤᠭᠠᠷ ᠢ ᠲᠡᠮᠳᠡᠭᠯᠡᠨ ᠠᠪᠴᠤ᠂ ᠵᠠᠮ ᠬᠠᠷᠢᠯᠴᠠᠭᠠᠨ ᠤ ᠴᠠᠭᠳᠠᠭ᠎ᠠ  ᠬᠥᠷᠥᠯᠴᠡᠨ ᠢᠷᠡᠵᠤ ᠰᠢᠢᠳᠪᠥᠷᠢᠯᠡᠬᠦ ᠶᠢ ᠬᠥᠯᠢᠶᠡᠬᠦ ᠭᠡᠷᠡᠭᠳᠡᠢ᠃               ● ᠶᠠᠪᠠᠭᠠᠨ ᠬᠥᠮᠥᠨ ᠮᠠᠰᠢᠨᠳᠤ ᠲᠡᠷᠭᠡᠨ ᠳᠤ ᠬᠥᠨᠳᠤ ᠨᠤᠴᠢᠳᠠᠢ ᠮᠥᠷᠬᠦᠭᠳᠡᠨ ᠰᠢᠷᠬᠠᠳᠤᠭᠰᠠᠨ ᠪᠤᠯ  ᠵᠢᠯᠤᠭᠤᠴᠢ ᠨᠢ ᠲᠡᠷᠦ᠋ᠢᠬᠠᠨ 122᠎ ᠳᠤ ᠤᠳᠠᠰᠤᠳᠠᠨ ᠴᠠᠭᠳᠠᠭ᠎ᠠ ᠳᠤ ᠮᠡᠳᠡᠬᠦᠯᠵᠤ᠂ 120᠎ ᠳᠤ ᠤᠳᠠᠰᠤᠳᠠᠨ  ᠠᠪᠤᠷᠠᠨ  ᠲᠤᠰᠠᠯᠠᠭᠤᠯᠬᠤ ᠶᠢᠨ ᠬᠠᠮᠳᠤ ᠴᠢᠰᠤ ᠲᠤᠭᠳᠠᠭᠠᠬᠤ᠂ ᠪᠤᠭᠤᠬᠤ ᠪᠤᠶᠤ ᠲᠤᠭᠳᠠᠪᠤᠷᠢᠵᠢᠭᠤᠯᠬᠤ ᠵᠡᠷᠭᠡ  ᠠᠩᠬ᠎ᠠ ᠠᠯᠬᠤᠮ  ᠎ ᠤᠨ ᠠᠪᠤᠷᠠᠯᠳᠠ ᠶᠢᠨ ᠠᠷᠭ᠎ᠠ ᠭᠡᠮᠵᠢᠶ᠎ᠡ ᠶᠢ ᠠᠪᠴᠤ᠂ ᠰᠢᠷᠬᠠᠳᠤᠭᠰᠠᠳ ᠤᠨ ᠠᠮᠢᠰᠬᠤᠯ ᠤᠨ  ᠵᠠᠮ ᠢ ᠰᠢᠯᠤᠭᠤᠳᠬᠠᠨ ᠪᠠᠶᠢᠯᠭᠠᠬᠤ ᠶᠢ ᠠᠩᠬᠠᠷᠬᠤ ᠭᠡᠷᠡᠭᠳᠡᠢ᠂ ᠭᠡᠷᠪᠡ ᠠᠮᠢᠰᠬᠤᠯ ᠪᠠ ᠵᠢᠷᠥᠭᠡᠨ ᠴᠤᠬᠢᠯᠭ᠎ᠠ ᠨᠢ  ᠵᠤᠭᠰᠤᠭᠰᠠᠨ ᠪᠤᠯ ᠲᠡᠷᠡᠦ᠋ᠢᠬᠠᠨ  ᠠᠭᠤᠰᠬᠢ ᠵᠢᠷᠥᠭᠡ ᠶᠢ ᠨᠢ ᠰᠡᠷᠬᠦᠭᠡᠬᠦ ᠠᠷᠭ᠎ᠠ ᠪᠠᠷ ᠲᠥᠷᠭᠡᠨ ᠠᠪᠤᠷᠠᠯᠳᠠ ᠬᠢᠨ᠎ᠠ  ᠃                 ● ᠶᠠᠪᠠᠭᠠᠨ ᠬᠥᠮᠥᠨ ᠮᠠᠰᠢᠨᠳᠤ ᠪᠤᠰᠤ ᠲᠡᠷᠭᠡ ᠯᠦᠭᠡ ᠵᠠᠮ ᠬᠠᠷᠢᠯᠴᠠᠭᠠᠨ ᠤ ᠡ᠊ᠨᠳᠡᠯ ᠡᠬᠦᠰᠥᠭᠰᠡᠨ ᠤ  ᠰᠡᠬᠦᠯᠡᠷ  ᠥᠪᠡᠷᠳᠡᠭᠡᠨ ᠵᠥᠪᠳᠡᠯᠴᠡᠨ ᠰᠢᠢᠳᠪᠥᠷᠢᠯᠡᠵᠤ ᠴᠢᠳᠠᠬᠤ ᠥᠭᠡᠢ ᠪᠠᠶᠢᠳᠠᠯ ᠲᠤᠤᠷ᠎ᠠ᠂ ᠲᠡᠷᠦ᠋ᠢᠬᠠᠨ  ᠴᠠᠭᠳᠠᠭ᠎ᠠ ᠳᠤ  ᠮᠡᠳᠡᠭᠦᠯᠦᠨ᠎ᠡ᠃         ● ᠬᠥᠮᠥᠨ ᠲᠠᠭᠠᠷᠢᠴᠢᠬᠠᠭᠠᠳ ᠲᠡᠷᠭᠡ ᠵᠢᠯᠤᠭᠤᠳᠤᠨ ᠲᠤᠳᠠᠭᠠᠭᠰᠠᠨ ᠪᠠᠶᠢᠳᠠᠯ ᠳᠤ ᠲᠤᠬᠢᠶᠠᠯᠳᠤᠪᠠᠯ᠂  ᠠᠯᠢ  ᠴᠢᠳᠠᠬᠤ ᠪᠠᠷ ᠭᠡᠷᠡᠭ ᠭᠠᠷᠭᠠᠭᠰᠠᠳ ᠢ ᠨᠡᠭᠡᠮᠵᠢᠯᠡᠬᠦ ᠭᠡᠷᠡᠭᠳᠡᠢ᠃ ᠰᠢᠷᠬᠠᠳᠤᠭᠰᠠᠨ ᠪᠠᠶᠢᠳᠠᠯ ᠲᠤᠤᠷ᠎ᠠ᠂  ᠬᠠᠵᠠᠭᠤ ᠬᠠᠪᠢ  ᠎ ᠶᠢᠨ ᠬᠥᠮᠥᠰ ᠢ ᠭᠤᠶᠤᠨ ᠭᠡᠷᠡᠭ ᠭᠠᠷᠭᠠᠭᠰᠠᠳ ᠢ ᠲᠤᠰᠤᠨ ᠵᠤᠭᠰᠤᠭᠠᠬᠤ ᠪᠤᠶᠤ ᠬᠠᠮᠢᠶ᠎ᠠ  ᠪᠥᠬᠦᠢ ᠤᠨᠴᠠᠯᠢᠬ ᠢ ᠨᠢ  ᠴᠡᠭᠡᠵᠢᠯᠡᠬᠦᠯᠥᠨ ᠠᠪᠬᠤ ᠭᠡᠷᠡᠭᠳᠡᠢ᠃               ● ᠵᠠᠮ ᠬᠠᠷᠢᠯᠴᠠᠭᠠᠨ ᠤ ᠬᠥᠨᠳᠤ ᠨᠤᠴᠢᠳᠠᠢ ᠡ᠊ᠨᠳᠡᠯ ᠡᠬᠦᠰᠥᠭᠰᠡᠨ ᠥᠶᠡᠰ᠂ ᠰᠢᠷᠬᠠᠳᠤᠭᠰᠠᠳ ᠤᠨ  ᠨᠢᠷᠤᠭᠤ  ᠰᠡᠭᠡᠷ ᠤᠨ ᠶᠠᠰᠤ ᠨᠢ ᠬᠤᠭᠤᠷᠠᠭᠰᠠᠨ ᠪᠠᠶᠢᠵᠤ ᠮᠡᠳᠡᠬᠦ ᠲᠤᠯᠠ᠂ ᠡᠨᠡ ᠥᠶᠡᠰ ᠲᠡᠬᠦᠨ ᠢ ᠶᠠᠭᠠᠬᠢᠭᠰᠠᠨ  ᠴᠤ ᠤᠷᠪᠠᠭᠤᠯᠵᠤ  ᠬᠥᠷᠪᠡᠬᠦᠯᠵᠤ ᠪᠤᠯᠬᠤ ᠥᠭᠡᠢ᠃ ᠨᠢᠷᠤᠭᠤ ᠰᠡᠭᠡᠷ ᠤᠨ ᠶᠠᠰᠤ ᠨᠢ ᠬᠤᠭᠤᠷᠠᠭᠰᠠᠨ ᠡᠰᠡᠬᠦ ᠶᠢ  ᠮᠠᠭᠠᠳᠯᠠᠨ ᠲᠤᠳᠤᠯᠵᠤ  ᠴᠢᠳᠠᠬᠤ ᠥᠭᠡᠢ ᠪᠤᠯ ᠮᠥᠨᠬᠦ ᠨᠢᠷᠤᠭᠤ ᠰᠡᠭᠡᠷ ᠤᠨ ᠶᠠᠰᠤ ᠬᠤᠭᠤᠷᠠᠭᠰᠠᠨ ᠢᠶᠠᠷ  ᠰᠢᠢᠳᠪᠥᠷᠢᠯᠡᠬᠦ ᠭᠡᠷᠡᠭᠳᠡᠢ᠃                   ᠲᠤᠰᠬᠠᠢ ᠮᠡᠷᠭᠡᠵᠢᠯᠳᠡᠨ ᠤ ᠰᠠᠨᠠᠭᠤᠯᠤᠮᠵᠢ                     ◇ ᠶᠠᠪᠠᠭᠠᠨ ᠬᠥᠮᠥᠨ ᠵᠠᠰᠠᠮᠠᠯ ᠵᠠᠮ ᠢ ᠤᠭᠳᠤᠯᠤᠨ ᠭᠠᠷᠬᠤ ᠳᠠᠭᠠᠨ ᠶᠠᠪᠠᠭᠠᠨ ᠬᠥᠮᠥᠨ ᠤ ᠵᠠᠮ᠂  ᠱᠠᠳᠤᠳᠤ  ᠬᠥᠬᠦᠷᠭᠡ᠂ ᠨᠥᠭᠡᠨ ᠵᠠᠮ ᠢᠶᠠᠷ ᠶᠠᠪᠤᠬᠤ ᠭᠡᠷᠡᠭᠳᠡᠢ᠃ ᠶᠠᠪᠠᠭᠠᠨ ᠬᠥᠮᠥᠨ ᠤ ᠵᠠᠮ ᠢᠶᠠᠷ ᠶᠠᠪᠤᠬᠤ ᠳᠠᠭᠠᠨ  ᠴᠤ ᠵᠡᠬᠦᠨᠰᠢ  ᠪᠠᠷᠠᠭᠤᠨᠰᠢ ᠪᠠᠨ ᠰᠠᠶᠢᠳᠤᠷ ᠯᠠᠪᠯᠠᠨ ᠬᠠᠷᠠᠵᠤ᠂ ᠠᠶᠤᠯ ᠥᠭᠡᠢ ᠪᠠᠶᠢᠳᠠᠯ ᠲᠤᠤᠷ᠎ᠠ ᠰᠠᠶ᠋ᠢ ᠲᠥᠷᠭᠡᠭᠡᠨ  ᠥᠡᠭᠭᠡᠷᠡᠨ ᠭᠠᠷᠬᠤ  ᠭᠡᠷᠡᠭᠳᠡᠢ᠃                 ◇ ᠶᠠᠪᠠᠭᠠᠨ ᠬᠥᠮᠥᠨ ᠵᠠᠮ ᠲᠡᠭᠡᠷᠡᠬᠢ ᠲᠤᠰᠠᠭᠠᠷᠯᠠᠬᠤ ᠬᠠᠰᠢᠯᠭ᠎ᠠ ᠶᠢ ᠲᠠᠪᠠᠨ ᠭᠠᠷᠬᠤ ᠪᠠ ᠵᠠᠶᠢᠳᠠᠯᠠᠨ  ᠰᠠᠭᠤᠵᠤ  ᠪᠤᠯᠬᠤ ᠥᠭᠡᠢ᠃ ᠲᠡᠷᠭᠡᠨ ᠳᠤ ᠠᠪᠢᠷᠠᠬᠤ᠂ ᠲᠡᠷᠭᠡ ᠶᠢ ᠠᠯᠪᠠᠳᠠᠨ ᠬᠤᠷᠢᠭᠯᠠᠬᠤ ᠪᠠ ᠵᠠᠮ ᠱᠤᠭᠤᠮ  ᠎ ᠤᠨ ᠠᠮᠤᠷ  ᠲᠥᠪᠰᠢᠨ ᠢ ᠬᠠᠷᠰᠢᠯᠠᠬᠤ ᠪᠤᠰᠤᠳ ᠵᠥᠢᠯ ᠤᠨ ᠠᠵᠢᠯᠯᠠᠭ᠎ᠠ ᠠᠪᠴᠤ ᠪᠤᠯᠬᠤ ᠥᠭᠡᠢ᠃               ◇ ᠰᠤᠷᠭᠠᠭᠤᠯᠢ ᠶᠢᠨ ᠨᠠᠰᠤᠨ ᠠᠴᠠ ᠡᠮᠥᠨᠡᠬᠢ ᠭᠡᠥᠭᠡᠳ᠂ ᠮᠡᠳᠡᠷᠡᠯ ᠤᠨ ᠡᠪᠡᠳᠴᠢᠨ ᠲᠠᠢ ᠬᠥᠮᠥᠨ᠂  ᠤᠬᠠᠭᠠᠨ  ᠰᠠᠨᠠᠭ᠎ᠠ ᠲᠤᠳᠠᠮᠠᠭ ᠬᠥᠮᠥᠰ ᠭᠠᠳᠠᠭᠰᠢ ᠭᠠᠷᠬᠤ ᠳᠤ ᠵᠠᠪᠠᠯ ᠬᠥᠮᠥᠨ ᠲᠠᠭᠠᠭᠤᠯᠬᠤ ᠭᠡᠷᠡᠭᠳᠡᠢ᠃                 ◇ ᠮᠠᠰᠢᠨᠳᠤ ᠲᠡᠷᠭᠡᠨ ᠤ ᠵᠠᠮ ᠲᠡᠭᠡᠷ᠎ᠡ ᠡᠳ᠋ ᠪᠠᠷᠠᠭ᠎ᠠ ᠬᠤᠳᠠᠯᠳᠤᠬᠤ᠂ ᠰᠤᠨᠢᠨ ᠰᠡᠳᠬᠦᠯ  ᠬᠤᠳᠠᠯᠳᠤᠬᠤ᠂ ᠵᠠᠷ  ᠮᠡᠳᠡᠭᠡ ᠲᠡᠷᠬᠠᠭᠠᠬᠤ ᠶᠢ ᠴᠠᠭᠠᠵᠠᠯᠠᠬᠤ ᠮᠥᠷᠳᠡᠭᠡᠨ ᠭᠡᠥᠭᠡᠳ ᠤᠳ ᠮᠠᠰᠢᠨᠳᠤ ᠲᠡᠷᠭᠡᠨ ᠤ  ᠵᠠᠮ ᠲᠡᠭᠡᠷ᠎ᠡ ᠨᠠᠭᠠᠳᠴᠤ  ᠲᠤᠭᠯᠠᠬᠤ ᠶᠢ  ᠴᠠᠭᠠᠵᠠᠯᠠᠨ᠎ᠠ᠃
 
ᠢᠷᠡᠯᠲᠡ᠄ ᠦᠪᠦᠷ ᠮᠣᠩᠭᠤᠯ ᠤᠨ ᠵᠠᠰᠠᠭ ᠤᠨ ᠣᠷᠳᠤᠨ
 
 
ᠬᠠᠮᠢᠶ᠎ᠠ ᠪᠥᠬᠦᠢ ᠰᠤᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备14003692号