ᠬᠥᠮᠥᠨ ᠬᠠᠷ᠎ᠠ ᠲᠥᠪᠯᠡᠷᠡᠭᠰᠡᠨ ᠭᠠᠵᠠᠷ ᠲᠠᠯᠠᠪᠤᠷ ᠤᠨ  ᠭᠠᠯ ᠎ ᠤᠨ  ᠠᠶᠤᠯ ᠎ ᠠᠴᠠ  ᠰᠡᠷᠭᠡᠶᠢᠯᠡᠬᠦ ᠎ ᠨᠢ
ᠨᠡᠶᠢᠲᠡᠯᠡᠭᠰᠡᠨ ᠴᠠᠭ᠄
2016/5/4
     ᠬᠥᠮᠥᠨ ᠬᠠᠷ᠎ᠠ ᠲᠥᠪᠯᠡᠷᠡᠭᠰᠡᠨ ᠭᠠᠵᠠᠷ ᠲᠠᠯᠠᠪᠤᠷ ᠤᠨ ᠭᠠᠯ ᠤᠨ ᠠᠶᠤᠯ ᠭᠡᠳᠡᠭ ᠨᠢ ᠬᠥᠮᠥᠰ ᠤᠨ ᠠᠵᠢᠯᠯᠠᠬᠤ  ᠂  ᠠᠮᠢᠳᠤᠷᠠᠬᠤ᠂ ᠰᠤᠷᠤᠯᠴᠠᠬᠤ᠂ ᠴᠡᠩᠭᠡᠯᠳᠥᠬᠦ ᠬᠤᠳᠠᠯᠳᠤᠭ᠎ᠠ᠂ ᠵᠠᠬ᠎ᠠ ᠲᠡᠯᠭᠡᠬᠦᠷ᠂ ᠲᠠᠭᠤᠤ ᠪᠥᠵᠢᠭ ᠤᠨ ᠲᠠᠩᠬᠢᠮ  ᠂ ᠺᠢᠨᠤ᠋  ᠵᠥᠴᠥᠭᠡ ᠶᠢᠨ ᠲᠠᠯᠠᠪᠤᠷ᠂ ᠪᠡᠶ᠎ᠡ ᠶᠢᠨ ᠲᠠᠮᠢᠷ ᠤᠨ ᠤᠷᠳᠤᠨ᠂ ᠰᠡᠯᠡᠬᠦᠴᠡᠵᠤ ᠲᠤᠭᠤᠷᠢᠬᠤ ᠭᠠᠵᠠᠷ ᠲᠠᠯᠠᠪᠤᠷ  ᠵᠡᠷᠭᠡ  ᠬᠥᠮᠥᠨ ᠤᠯᠠᠨ ᠲᠥᠪᠯᠡᠷᠡᠵᠤ ᠨᠢᠭᠳᠠᠷᠠᠬᠤ ᠭᠠᠵᠠᠷ ᠲᠠᠯᠠᠪᠤᠷ ᠲᠠᠬᠢ ᠭᠠᠯ ᠤᠨ ᠠᠶᠤᠯ ᠢ ᠵᠢᠭᠠᠵᠤ ᠪᠤᠢ᠃  ᠬᠥᠮᠥᠨ ᠤᠯᠠᠨ  ᠲᠥᠪᠯᠡᠷᠡᠬᠦ ᠭᠠᠵᠠᠷ ᠲᠠᠯᠠᠪᠤᠷ ᠨᠢ ᠬᠥᠮᠥᠨ ᠬᠠᠷ᠎ᠠ᠂ ᠡᠳ᠋ ᠪᠤᠳᠠᠰ ᠨᠢᠭᠳᠠ ᠲᠥᠪᠯᠡᠷᠡᠭᠰᠡᠨ ᠪᠠ ᠭᠠᠯ  ᠎ ᠤᠨ ᠠᠶᠤᠯ ᠤᠯᠠᠨᠳᠠ  ᠡᠬᠦᠰᠳᠡᠭ ᠤᠨᠴᠠᠯᠢᠬ ᠲᠠᠢ ᠪᠤᠯᠬᠤᠷ᠂ ᠬᠡᠨᠡᠳᠳᠡ ᠭᠠᠯ ᠭᠠᠷᠬᠤ ᠳᠤ ᠬᠥᠷᠪᠡᠯ ᠤᠯᠠᠨ ᠬᠥᠮᠥᠨ  ᠠᠮᠠᠷᠬᠠᠨ ᠥᠬᠦᠵᠤ  ᠰᠢᠷᠬᠠᠳᠤᠨ ᠬᠥᠨᠳᠤ ᠨᠤᠴᠢᠳᠠᠢ ᠭᠠᠯ ᠤᠨ ᠠᠶᠤᠯ ᠤᠨ ᠠᠳᠠᠯ ᠪᠤᠯᠤᠨ᠎ᠠ᠃                  ᠪᠠᠴᠢᠮ ᠪᠠᠶᠢᠳᠠᠯ ᠢ ᠠᠷᠭᠠᠴᠠᠬᠤ ᠭᠤᠤᠯᠳᠠᠯᠭ᠎ᠠ                     ● ᠭᠠᠯ ᠤᠨ ᠠᠶᠤᠯ ᠭᠠᠷᠪᠠᠯ ᠲᠠᠷᠦ᠋ᠢᠬᠠᠨ ᠬᠥᠳᠡᠯᠥᠯᠴᠡᠬᠦ ᠭᠡᠷᠡᠭᠳᠡᠢ᠂ ᠲᠤᠳᠠᠭᠠᠵᠤ ᠵᠠᠶᠢᠯᠠᠬᠤ ᠪᠤᠯ ᠴᠠᠭ   ᠮᠥᠴᠡ ᠶᠢ ᠵᠠᠪᠳᠤᠬᠤ ᠠᠵᠢᠯᠯᠠᠭ᠎ᠠ ᠮᠥᠨ᠃ ᠭᠡᠷᠪᠡ ᠷᠠᠳᠢᠤ᠋ ᠪᠠᠷ ᠨᠡᠪᠳᠡᠷᠡᠬᠦᠯᠪᠡᠯ᠂ ᠠᠭᠤᠯᠭ᠎ᠠ ᠶᠢ ᠨᠢ ᠨᠠᠷᠢᠨ  ᠲᠤᠳᠤᠷᠬᠠᠢ  ᠰᠤᠨᠤᠰᠴᠤ᠂ ᠷᠠᠳᠢᠤ᠋ ᠪᠠᠷ ᠵᠢᠯᠤᠭᠤᠳᠤᠭᠰᠠᠨ ᠲᠤᠳᠠᠭᠠᠵᠤ ᠵᠠᠶᠢᠯᠠᠬᠤ ᠵᠠᠮ ᠱᠤᠭᠤᠮ ᠪᠠ ᠠᠩᠬᠠᠷᠬᠤ  ᠵᠥᠢᠯ ᠢ ᠶᠤᠰᠤᠴᠢᠯᠠᠨ  ᠲᠠᠭᠠᠬᠤ ᠭᠡᠷᠡᠭᠳᠡᠢ᠃ ᠭᠡᠷᠪᠡ ᠷᠡᠳᠢᠤ᠋ ᠨᠡᠪᠳᠡᠷᠡᠬᠦᠯᠭᠡ ᠥᠭᠡᠢ ᠪᠤᠶᠤ ᠬᠥᠮᠥᠨ ᠵᠢᠯᠤᠭᠤᠳᠤᠨ  ᠲᠤᠳᠠᠭᠠᠵᠤ ᠵᠠᠶᠢᠯᠠᠬᠤ ᠥᠶᠡᠰ᠂ ᠤᠢᠢᠷ᠎ᠠ ᠲᠥᠳᠡ ᠪᠥᠭᠡᠳ ᠰᠢᠭᠤᠳ ᠠᠰᠠᠷ ᠤᠨ ᠭᠠᠳᠠᠨ᠎ᠠ ᠨᠡᠪᠳᠡᠷᠡᠬᠦ ᠠᠶᠤᠯᠬᠦᠢ  ᠵᠠᠮ ᠱᠤᠭᠤᠮ ᠢᠶᠠᠷ ᠲᠠᠷᠬᠠᠭᠠᠵᠤ   ᠵᠠᠶᠢᠯᠠᠭᠤᠯᠤᠨ᠎ᠠ᠃                 ● ᠭᠡᠷᠪᠡ ᠭᠤᠯᠳᠤᠩ ᠪᠤᠶᠤ ᠠᠰᠠᠷ ᠤᠨ ᠱᠠᠳᠤ ᠪᠠᠷ ᠤᠳᠤᠭ᠎ᠠ ᠤᠨᠢᠶᠠᠷ ᠲᠤᠨᠤᠵᠤ ᠪᠠᠶᠢᠪᠠᠯ᠂ ᠬᠠᠮᠤᠭ ᠤᠨ   ᠰᠠᠶᠢᠨ ᠨᠢ ᠬᠤᠪᠴᠠᠰᠤ ᠬᠤᠨᠠᠷ ᠪᠠ ᠠᠯᠴᠢᠭᠤᠷ ᠢ ᠤᠰᠤᠨ ᠳᠤ ᠲᠡᠪᠳᠥᠭᠡᠨ ᠠᠮᠠ ᠬᠠᠮᠠᠷ ᠢᠶᠠᠨ ᠪᠥᠭᠯᠡᠵᠤ᠂ ᠪᠡᠶ᠎ᠡ  ᠎ ᠪᠠᠨ  ᠪᠥᠬᠦ᠋ᠢᠵᠤ᠂ ᠠᠶᠤᠯᠬᠦᠢ ᠵᠠᠮ ᠱᠤᠭᠤᠮ ᠢ ᠡᠷᠢᠵᠤ ᠤᠯᠵᠤ ᠵᠠᠶᠢᠯᠠᠬᠤ  ᠎ ᠶᠢ ᠪᠤᠳᠤᠯᠬᠢᠯᠠᠨ᠎ᠠ  ᠃                   ● ᠠᠰᠠᠷ ᠤᠨ ᠱᠠᠳᠤ ᠶᠢᠨ ᠠᠮᠠ ᠪᠤᠶᠤ ᠨᠥᠭᠡᠨ ᠵᠠᠮ ᠨᠢ ᠭᠠᠯ ᠤᠳᠤᠭᠠᠨ ᠳᠤ ᠠᠪᠳᠠᠭᠰᠠᠨ ᠥᠶᠡᠰ᠂  ᠭᠡᠷᠪᠡ  ᠡᠷᠭᠡᠪᠰᠢ ᠥᠡᠭᠭᠡᠷᠡᠬᠦ ᠭᠠᠯ ᠤᠳᠤᠭᠠᠨ ᠤ ᠵᠠᠢ ᠨᠢ ᠤᠬᠤᠷ᠂ ᠭᠠᠯ ᠤᠨ ᠢᠳᠡ ᠨᠢ ᠰᠤᠯᠠ ᠪᠠᠶᠢᠪᠠᠯ᠂  ᠨᠦᠢᠳᠠᠨ  ᠬᠤᠪᠴᠠᠰᠤ ᠬᠤᠨᠠᠷ ᠢᠶᠠᠷ ᠠᠮᠠ ᠬᠠᠮᠠᠷ ᠢᠶᠠᠨ ᠲᠠᠷᠤᠵᠤ ᠡᠷᠡᠰ ᠰᠢᠭᠤᠷᠬᠠᠢ ᠰᠢᠪᠳᠤᠯᠤᠨ ᠭᠠᠷᠬᠤ ᠭᠡᠷᠡᠭᠳᠡᠢ  ᠃ ᠪᠠᠰᠠᠴᠤ  ᠠᠰᠠᠷ ᠲᠤᠳᠤᠷᠠᠬᠢ ᠭᠠᠯ ᠤᠨᠳᠠᠷᠠᠭᠠᠬᠤ ᠪᠠᠭᠠᠵᠢ ᠶᠢ ᠠᠰᠢᠭᠯᠠᠨ ᠤᠰᠤ ᠰᠥᠷᠴᠢᠵᠤ ᠪᠠᠶᠢᠭᠠᠳ ᠬᠥᠮᠥᠰ  ᠎ ᠢ ᠲᠥᠷᠭᠡᠨ  ᠵᠠᠶᠢᠯᠠᠭᠤᠯᠤᠨ᠎ᠠ  ᠃                 ● ᠭᠠᠯ ᠭᠠᠷᠤᠭᠰᠠᠨ ᠠᠰᠠᠷ ᠤᠨ ᠲᠠᠪᠬᠤᠷᠭ᠎ᠠ ᠶᠢᠨ ᠲᠡᠭᠡᠷᠡᠬᠢ ᠲᠡᠪᠬᠤᠷᠭ᠎ᠠ ᠨᠤᠭᠤᠳ ᠪᠠ ᠲᠤᠤᠷᠠᠬᠢ   ᠲᠠᠪᠬᠤᠷᠭ᠎ᠠ ᠨᠤᠭᠤᠳ ᠤᠨ ᠬᠢᠨ ᠢ ᠴᠥᠮ ᠨᠢᠭᠡᠯᠡ ᠵᠠᠮ ᠱᠤᠭᠤᠮ ᠢᠶᠠᠷ ᠵᠠᠶᠢᠯᠠᠭᠤᠯᠬᠤ ᠴᠢᠬᠤᠯᠠ ᠲᠠᠢ ᠥᠶᠡᠰ᠂   ᠤᠷᠢᠳᠠᠪᠡᠷ ᠭᠠᠯ ᠭᠠᠷᠤᠭᠰᠠᠨ ᠲᠠᠪᠬᠤᠷᠭ᠎ᠠ ᠶᠢᠨ ᠬᠥᠮᠥᠰ ᠢ ᠵᠠᠶᠢᠯᠠᠭᠤᠯᠵᠤ᠂ ᠲᠠᠷᠠᠭ᠎ᠠ ᠪᠠᠷ ᠨᠢ ᠭᠠᠯ ᠭᠠᠷᠤᠭᠰᠠᠨ   ᠲᠠᠪᠬᠤᠷᠭ᠎ᠠ ᠠᠴᠠ ᠲᠡᠭᠡᠷᠡᠬᠢ ᠲᠠᠪᠬᠤᠷᠭ᠎ᠠ ᠨᠤᠭᠤᠳ ᠤᠨ ᠬᠥᠮᠥᠰ ᠢ ᠵᠠᠶᠢᠯᠠᠭᠤᠯᠵᠤ᠂ ᠲᠠᠬᠢᠭᠠᠳ ᠭᠠᠯ ᠭᠠᠷᠤᠭᠰᠠᠨ   ᠲᠠᠪᠬᠤᠷᠭ᠎ᠠ ᠶᠢᠨ ᠲᠤᠤᠷᠠᠬᠢ ᠲᠠᠪᠬᠤᠷᠭ᠎ᠠ ᠨᠤᠭᠤᠳ ᠤᠨ ᠬᠥᠮᠥᠰ ᠢ ᠵᠠᠶᠢᠯᠠᠭᠤᠯᠬᠤ ᠭᠡᠷᠡᠭᠳᠡᠢ᠃ ᠢᠡᠭᠬᠢᠵᠤ  ᠵᠠᠶᠢᠯᠠᠭᠤᠯᠬᠤ  ᠎ ᠶᠢᠨ ᠤᠴᠢᠷ ᠨᠢ ᠭᠡᠪᠡᠯ᠂ ᠭᠠᠯ ᠤᠨ ᠰᠤᠷ ᠲᠡᠭᠡᠭᠰᠢ ᠮᠠᠨᠳᠤᠬᠤ ᠨᠢ ᠮᠠᠰᠢ ᠲᠥᠷᠭᠡᠨ ᠪᠠᠶᠢᠳᠠᠭ  ᠪᠤᠯᠬᠤᠷ ᠲᠡᠭᠡᠷᠡᠬᠢ ᠭᠡᠰᠡᠭ  ᠎ ᠨᠢ ᠡᠩ ᠲᠡᠷᠢᠬᠦᠨ ᠳᠤ ᠭᠠᠯ ᠤᠨ ᠬᠥᠴᠥᠨ ᠳᠤ ᠰᠥᠷᠳᠡᠬᠦᠯᠥᠭᠳᠡᠳᠡᠭ ᠠᠴᠠ ᠪᠤᠯᠤᠭᠰᠠᠨ  ᠶᠤᠮ᠃                 ● ᠶᠡᠷᠥ ᠶᠢᠨ ᠠᠶᠤᠯᠬᠦᠢ ᠪᠠᠷ ᠵᠠᠶᠢᠯᠠᠭᠤᠯᠬᠤ ᠵᠠᠮ ᠱᠤᠭᠤᠮ ᠨᠢ ᠨᠢᠭᠡᠨᠳᠡ ᠭᠠᠯ ᠳᠤ ᠪᠥᠰᠡᠯᠡᠭᠳᠡᠭᠰᠡᠨ ᠢ   ᠪᠠᠳᠤᠳᠠᠢ ᠤᠯᠵᠤ ᠮᠡᠳᠡᠭᠰᠡᠨ ᠥᠶᠡᠰ᠂ ᠠᠰᠠᠷ ᠤᠨ ᠲᠤᠳᠤᠷᠠᠬᠢ ᠡᠯ᠎ᠡ ᠵᠥᠢᠯ ᠤᠨ ᠲᠤᠰᠠᠯᠠᠮᠵᠢ ᠪᠡᠯᠡᠳᠭᠡᠮᠵᠢ  ᠲᠤᠬᠠᠢᠢᠯᠠᠪᠠᠯ  ᠤᠳᠤᠭ᠎ᠠ ᠰᠡᠷᠭᠡᠶᠢᠯᠡᠬᠦ ᠱᠠᠳᠤ᠂ ᠪᠠᠴᠢᠮ ᠵᠠᠶᠢᠯᠠᠭᠤᠯᠬᠤ ᠵᠠᠮ ᠱᠤᠭᠤᠮ᠂ ᠪᠠᠴᠢᠮ ᠴᠠᠬᠢᠯᠭᠠᠨ ᠱᠠᠳᠤ᠂  ᠭᠡᠷ ᠤᠨ ᠭᠠᠳᠠᠨᠠᠬᠢ  ᠱᠠᠳᠤ ᠵᠢᠴᠢ ᠭᠠᠯ ᠤᠨᠳᠠᠷᠠᠭᠠᠬᠤ ᠱᠠᠳᠤ ᠵᠡᠷᠭᠡ ᠪᠡᠯᠡᠳᠭᠡᠮᠵᠢ ᠨᠦᠭᠦᠳ ᠢ ᠠᠰᠢᠭᠯᠠᠨ᠂  ᠲᠥᠷᠭᠡᠨ ᠵᠠᠶᠢᠯᠠᠭᠤᠯᠬᠤ ᠭᠡᠷᠡᠭᠳᠡᠢ᠃                     ● ᠨᠢᠭᠡᠨᠳᠡ ᠵᠠᠶᠢᠯᠠᠵᠤ ᠵᠠᠪᠳᠤᠬᠤ ᠥᠭᠡᠢ ᠪᠤᠯᠤᠭᠰᠠᠨ ᠥᠶᠡᠰ᠂ ᠠᠶᠤᠯ ᠠᠴᠠ ᠲᠠᠯᠳᠠᠯᠠᠬᠤ ᠭᠠᠵᠠᠷ  ᠲᠠᠯᠠᠪᠤᠷ  ᠡᠷᠢᠵᠤ᠂ ᠭᠠᠯ ᠤᠨᠳᠠᠷᠠᠭᠠᠬᠤ ᠠᠩᠬᠢ ᠶᠢᠨ ᠬᠢᠨ ᠢᠷᠡᠵᠤ ᠠᠪᠤᠷᠠᠨ ᠲᠤᠰᠠᠯᠠᠬᠤ ᠶᠢ ᠬᠥᠯᠢᠶᠡᠬᠦ ᠭᠡᠷᠡᠭᠳᠡᠢ᠃         ● ᠲᠤᠳᠠᠭᠠᠵᠤ ᠵᠠᠶᠢᠯᠠᠬᠤ ᠥᠶ᠎ᠡ ᠳᠡᠭᠡᠨ ᠲᠤᠷ᠎ᠠ ᠪᠠᠷ ᠢᠶᠠᠨ ᠬᠥᠶᠥᠵᠤ ᠲᠤᠳᠠᠭᠠᠬᠤ ᠪᠠ ᠤᠷᠢᠯᠠᠵᠤ   ᠬᠠᠰᠬᠢᠷᠤᠯᠳᠤᠵᠤ ᠪᠤᠯᠬᠤ ᠥᠭᠡᠢ᠃ ᠢᠡᠭᠬᠢᠬᠦ ᠳᠤ ᠬᠥᠷᠪᠡᠯ ᠬᠥᠴᠤ ᠴᠢᠳᠠᠯ ᠢᠶᠠᠨ ᠶᠡᠭᠡᠪᠡᠷ ᠪᠠᠷᠠᠵᠤ᠂ ᠨᠡᠩ ᠶᠡᠭᠡ   ᠤᠳᠤᠭ᠎ᠠ ᠤᠨᠢᠶᠠᠷ ᠰᠤᠷᠤᠵᠤ ᠠᠪᠬᠤ ᠮᠥᠷᠳᠡᠭᠡᠨ ᠪᠠᠰᠠ ᠭᠡᠪ ᠤᠨ ᠶᠤᠰᠤᠭᠠᠷ ᠵᠠᠶᠢᠯᠠᠬᠤ ᠶᠢ ᠬᠠᠷᠰᠢᠯᠠᠬᠤ ᠪᠥᠭᠡᠳ  ᠡᠮᠬᠢ  ᠵᠠᠮᠪᠠᠷᠠᠭ᠎ᠠ ᠥᠭᠡᠢ ᠪᠤᠯᠭᠠᠨ᠎ᠠ᠃ ᠢᠯᠠᠩᠭᠤᠶ᠎ᠠ ᠡᠮᠥᠨᠡᠬᠢ ᠨᠢ ᠤᠷᠢᠯᠠᠯᠳᠤᠨ ᠬᠤᠶᠢᠨᠠᠬᠢ ᠨᠢ ᠰᠢᠬᠠᠯᠴᠠᠵᠤ ᠡᠮᠬᠢ  ᠵᠠᠮᠪᠠᠷᠠᠭ᠎ᠠ  ᠥᠭᠡᠢ ᠪᠤᠯᠤᠭᠰᠠᠨ ᠥᠶ᠎ᠡ ᠳᠤ ᠶᠠᠭᠠᠬᠢᠭᠰᠠᠨ ᠴᠤ ᠬᠥᠡᠭᠭᠡᠨ ᠬᠠᠭᠤᠳᠠᠮ ᠤᠷᠤᠯᠴᠠᠵᠤ ᠪᠤᠯᠬᠤ ᠥᠭᠡᠢ᠃  ᠡᠨᠡ ᠪᠤᠯ  ᠲᠤᠳᠠᠭᠠᠨ ᠵᠠᠶᠢᠯᠠᠬᠤ ᠶᠠᠪᠤᠴᠠ ᠳᠠᠬᠢ ᠲᠤᠮᠤ ᠴᠡᠭᠡᠷ ᠪᠤᠯᠤᠨ᠎ᠠ᠂ ᠮᠥᠨᠴᠤ ᠥᠬᠦᠯ ᠰᠢᠷᠬᠠᠳᠤᠯ ᠢ ᠶᠡᠭᠡᠳᠬᠦ  ᠎ ᠶᠢᠨ ᠴᠢᠬᠤᠯᠠ  ᠰᠢᠯᠳᠠᠭᠠᠨ ᠪᠤᠯᠤᠨ᠎ᠠ᠃                   ᠲᠤᠰᠬᠠᠢ ᠮᠡᠷᠭᠡᠵᠢᠯᠳᠡᠨ ᠤ ᠰᠠᠨᠠᠭᠤᠯᠤᠮᠵᠢ                ◇ ᠬᠥᠮᠥᠨ ᠤᠯᠠᠨ ᠨᠢᠭᠳᠠᠷᠠᠵᠤ ᠲᠥᠪᠯᠡᠷᠡᠭᠰᠡᠨ ᠭᠠᠵᠠᠷ ᠲᠠᠯᠠᠪᠤᠷ ᠤᠨ ᠭᠠᠯ ᠤᠨ ᠠᠶᠤᠯ ᠠᠴᠠ ᠲᠤᠳᠠᠭᠠᠵᠤ   ᠵᠠᠶᠢᠯᠠᠬᠤ ᠶᠢᠨ ᠥᠨᠳᠥᠰᠥᠨ ᠱᠠᠭᠠᠷᠳᠠᠯᠭ᠎ᠠ ᠪᠤᠯ ᠯᠠᠪᠳᠠᠭᠤᠨ ᠲᠤᠭᠳᠠᠭᠤᠨ ᠪᠠᠶᠢᠬᠤ ᠭᠡᠷᠡᠭᠳᠡᠢ᠂ ᠡᠯ᠎ᠡ ᠵᠥᠢᠯ ᠤᠨ  ᠭᠠᠯ  ᠤᠨᠳᠠᠷᠠᠭᠠᠬᠤ ᠪᠡᠯᠡᠳᠭᠡᠮᠵᠢ ᠶᠢ ᠬᠥᠢᠴᠡᠳ ᠠᠰᠢᠭᠯᠠᠵᠤ᠂ ᠲᠤᠳᠠᠭᠠᠵᠤ ᠵᠠᠶᠢᠯᠠᠬᠤ ᠵᠥᠪ ᠵᠠᠮ ᠢ ᠪᠠᠷᠢᠮᠳᠠᠯᠠᠵᠤ᠂  ᠪᠡᠶ᠎ᠡ  ᠮᠤᠯᠳᠤᠷᠠᠬᠤ ᠪᠠ ᠠᠶᠤᠯ ᠠᠴᠠ ᠵᠠᠶᠢᠯᠠᠬᠤ ᠪᠥᠳᠥᠮᠵᠢᠳᠡᠢ ᠠᠷᠭ᠎ᠠ ᠶᠢ ᠠᠪᠬᠤ ᠭᠡᠷᠡᠭᠳᠡᠢ᠃ ᠪᠤᠳᠠᠳᠠᠢ ᠭᠠᠯ ᠎ ᠤᠨ  ᠠᠶᠤᠯ  ᠲᠤᠮᠳᠠ᠂ ᠪᠡᠶ᠎ᠡ ᠮᠤᠯᠳᠤᠷᠠᠬᠤ ᠠᠷᠭ᠎ᠠ ᠭᠡᠮᠵᠢᠶ᠎ᠡ ᠶᠢ ᠲᠤᠬᠢᠷᠠᠮᠵᠢᠳᠠᠢ ᠡᠵᠡᠮᠰᠢᠳᠡᠭ ᠯᠠ ᠶᠤᠮ ᠪᠤᠯ ᠯᠠᠪᠳᠠᠢ  ᠰᠠᠭᠠᠳ ᠥᠭᠡᠢ  ᠵᠠᠶᠢᠯᠠᠵᠤ ᠲᠡᠶᠢᠯᠥᠨ᠎ᠡ᠃                ◇ ᠥᠪᠡᠷ ᠢ ᠢᠶᠠᠨ ᠠᠪᠤᠷᠠᠬᠤ ᠵᠤᠬᠢᠬᠤ ᠮᠡᠳᠡᠯᠭᠡ ᠶᠢ ᠡᠵᠡᠮᠰᠢᠬᠦ ᠭᠡᠷᠡᠭᠳᠡᠢ᠃ ᠪᠠᠶᠢᠭᠤᠯᠤᠯᠭ᠎ᠠ ᠨᠢᠭᠡᠴᠡ ᠶᠢᠨ   ᠵᠤᠬᠢᠶᠠᠨ ᠪᠠᠶᠢᠭᠤᠯᠤᠭᠰᠠᠨ ᠭᠠᠯ ᠤᠨᠳᠠᠷᠠᠭᠠᠬᠤ ᠥᠵᠡᠬᠦᠯᠥᠯᠭᠡ᠂ ᠲᠤᠳᠠᠭᠠᠵᠤ ᠵᠠᠶᠢᠯᠠᠬᠤ ᠰᠤᠷᠢᠯᠳᠠ᠂ ᠭᠠᠯ  ᠤᠨᠳᠠᠷᠠᠭᠠᠬᠤ  ᠮᠡᠳᠡᠯᠭᠡ ᠶᠢᠨ ᠪᠤᠯᠪᠠᠰᠤᠷᠠᠭᠤᠯᠤᠯ ᠳᠤ ᠡᠷᠭᠡᠪᠰᠢ ᠢᠳᠡᠪᠬᠢᠳᠡᠢ ᠤᠷᠤᠯᠴᠠᠬᠤ ᠮᠥᠷᠳᠡᠭᠡᠨ ᠶᠡᠷᠥ ᠶᠢᠨ  ᠴᠠᠭ ᠲᠠᠭᠠᠨ ᠴᠤ ᠡᠨᠡ  ᠲᠤᠬᠠᠢ ᠮᠡᠳᠡᠯᠭᠡ ᠨᠦᠭᠦᠳ ᠢ ᠢᠯᠡᠬᠦᠭᠡᠨ ᠰᠤᠷᠴᠤ ᠡᠵᠡᠮᠰᠢᠬᠦ ᠭᠡᠷᠡᠭᠳᠡᠢ᠃            ◇ ᠬᠥᠮᠥᠰ ᠤᠯᠠᠨ ᠨᠢᠬᠳᠠ ᠲᠥᠪᠯᠡᠷᠡᠬᠦ ᠭᠠᠵᠠᠷ ᠲᠠᠯᠠᠪᠤᠷ ᠲᠤ ᠤᠷᠤᠬᠤ ᠳᠠᠭᠠᠨ ᠲᠡᠬᠦᠨ ᠤ ᠲᠤᠳᠤᠭᠠᠳᠤ   ᠪᠠᠶᠢᠷᠢᠰᠢᠯ ᠢ ᠵᠤᠷᠢᠯᠬ᠎ᠠ ᠲᠠᠢ ᠪᠠᠷ ᠤᠢᠢᠯᠠᠭᠠᠵᠤ᠂ ᠭᠠᠵᠠᠷ ᠲᠠᠯᠠᠪᠤᠷ ᠲᠠᠬᠢ ᠰᠠᠭᠠᠳ ᠥᠭᠡᠢ ᠨᠡᠪᠳᠡᠷᠡᠬᠦ ᠵᠠᠮ ᠱᠤᠭᠤᠮ  ᠎ ᠤᠨ  ᠴᠢᠭᠯᠡᠯ ᠢ ᠮᠡᠳᠡᠨ ᠠᠪᠴᠤ᠂ ᠲᠤᠳᠤᠷ᠎ᠠ ᠪᠠᠨ ᠲᠤᠭ᠎ᠠ ᠲᠠᠢ ᠪᠠᠶᠢᠬᠤ ᠭᠡᠷᠡᠭᠳᠡᠢ᠃  
 
ᠢᠷᠡᠯᠲᠡ᠄ ᠦᠪᠦᠷ ᠮᠣᠩᠭᠤᠯ ᠤᠨ ᠵᠠᠰᠠᠭ ᠤᠨ ᠣᠷᠳᠤᠨ
 
 
ᠬᠠᠮᠢᠶ᠎ᠠ ᠪᠥᠬᠦᠢ ᠰᠤᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备14003692号