ᠦᠨᠳᠤᠷ  ᠠᠰᠠᠷ  ᠲᠠᠭᠳᠤ ᠎ ᠶᠢᠨ  ᠭᠠᠯ ᠎ ᠤᠨ  ᠠᠶᠤᠯ  ᠎ ᠤᠨ ᠲᠤᠬᠠᠢ ᠮᠡᠳᠡᠯᠭᠡ  ᠶᠢ ᠡᠵᠡᠮᠰᠢᠭᠡᠷᠡᠢ
ᠨᠡᠶᠢᠲᠡᠯᠡᠭᠰᠡᠨ ᠴᠠᠭ᠄
2016/5/4
    ᠥᠨᠳᠥᠷ ᠠᠰᠠᠷ ᠲᠠᠭᠳᠤ ᠶᠢᠨ ᠭᠠᠯ ᠤᠨ ᠠᠶᠤᠯ ᠭᠡᠳᠡᠭ ᠪᠤᠯ 10 ᠲᠠᠪᠬᠤᠷ ᠪᠠ 10 ᠲᠠᠪᠬᠤᠷ ᠠᠴᠠ   ᠲᠡᠭᠡᠭᠰᠢᠬᠢ ᠤᠷᠤᠨ ᠰᠠᠭᠤᠴᠠ ᠶᠢᠨ ᠪᠠᠷᠢᠯᠭ᠎ᠠ ᠪᠤᠶᠤ ᠪᠠᠷᠢᠯᠭ᠎ᠠ ᠶᠢᠨ ᠥᠨᠳᠥᠷᠴᠡ ᠨᠢ 24 ᠮᠧᠲᠷ ᠠᠴᠠ  ᠲᠠᠪᠠᠭᠰᠠᠨ  ᠤᠯᠠᠨ ᠨᠡᠶᠢᠳᠡ ᠶᠢᠨ ᠪᠠᠷᠢᠯᠭ᠎ᠠ ᠳᠤ ᠡᠬᠦᠰᠥᠭᠰᠡᠨ ᠭᠠᠯ ᠤᠨ ᠠᠶᠤᠯ ᠢ ᠵᠢᠭᠠᠵᠤ ᠪᠤᠢ᠃ ᠥᠨᠳᠥᠷ  ᠪᠠᠷᠢᠯᠭ᠎ᠠ ᠶᠢᠨ  ᠤᠨᠴᠠᠯᠢᠬ ᠪᠤᠯ ᠭᠤᠤᠯ ᠨᠢ ᠪᠠᠷᠢᠯᠭ᠎ᠠ ᠶᠢᠨ ᠪᠥᠳᠥᠴᠡ᠂ ᠴᠢᠳᠠᠪᠬᠢ ᠨᠢ ᠪᠤᠳᠤᠯᠢᠶᠠᠨ ᠲᠠᠢ᠂  ᠬᠥᠮᠥᠨ ᠠᠷᠠᠳ  ᠲᠥᠪᠯᠡᠷᠡᠭᠰᠡᠨ᠂ ᠰᠢᠳᠠᠮᠠᠬᠠᠢ ᠡᠳ᠋ ᠠᠷᠪᠢᠨ ᠪᠠ ᠭᠠᠯ ᠤᠨ ᠠᠶᠤᠯ ᠤᠨ ᠪᠠᠭᠳᠠᠭᠠᠮᠵᠢ ᠲᠤᠮᠤ  ᠪᠠᠶᠢᠳᠠᠭ᠃ ᠭᠠᠯ ᠭᠠᠷᠬᠤ ᠳᠤ  ᠬᠥᠷᠪᠡᠯ᠂ ᠪᠤᠰᠤᠭ᠎ᠠ ᠭᠠᠯ ᠤᠨ ᠠᠶᠤᠯ ᠡᠬᠦᠰᠬᠦ ᠪᠥᠭᠡᠳ ᠲᠠᠷᠬᠠᠭᠠᠵᠤ  ᠵᠠᠶᠢᠯᠠᠭᠤᠯᠬᠤ ᠳᠤ ᠬᠥᠴᠢᠷ ᠲᠠᠢ ᠠᠴᠠ ᠪᠤᠯᠤᠭᠠᠳ  ᠬᠥᠮᠥᠨ ᠠᠮᠢᠳᠠᠨ ᠥᠬᠦᠵᠤ ᠰᠢᠷᠬᠠᠳᠤᠳᠠᠭ᠃                    ᠪᠠᠴᠢᠮ ᠪᠠᠶᠢᠳᠠᠯ ᠢ ᠠᠷᠭᠠᠴᠠᠬᠤ ᠭᠤᠤᠯᠳᠠᠯᠭ᠎ᠠ                 ● ᠡᠩ ᠲᠡᠷᠢᠬᠦᠨ ᠳᠤ ᠥᠷᠥᠭᠡᠨ ᠠᠴᠠ ᠪᠠᠨ ᠵᠠᠶᠢᠯᠠᠬᠤ ᠭᠡᠷᠡᠭᠳᠡᠢ᠃ ᠥᠷᠥᠭᠡᠨ ᠤ ᠡᠬᠦᠳᠡ ᠪᠠᠨ  ᠨᠡᠭᠡᠭᠡᠬᠦ  ᠎ ᠳᠡᠭᠡᠨ᠂ ᠤᠷᠢᠳᠠᠪᠡᠷ ᠬᠠᠭᠠᠯᠭᠠᠨ ᠳᠠᠭᠠᠨ ᠭᠠᠷ ᠢᠶᠠᠨ ᠨᠠᠭᠠᠯᠳᠤᠭᠤᠯᠤᠨ ᠬᠠᠯᠠᠭᠤᠨ ᠪᠠᠶᠢᠬᠤ ᠡᠰᠡᠬᠦ ᠶᠢ  ᠥᠵᠡᠬᠦ ᠭᠡᠷᠡᠭᠳᠡᠢ᠃  ᠭᠡᠷᠪᠡ ᠬᠠᠭᠠᠯᠭ᠎ᠠ ᠨᠢᠭᠡᠨᠳᠡ ᠬᠠᠯᠠᠭᠰᠠᠨ ᠪᠠᠶᠢᠪᠠᠯ ᠡᠬᠦᠳᠡ ᠪᠠᠨ ᠨᠡᠭᠡᠭᠡᠵᠤ ᠪᠤᠯᠬᠤ ᠥᠭᠡᠢ᠂  ᠭᠡᠷᠪᠡ ᠨᠡᠭᠡᠭᠡᠬᠦ ᠳᠤ ᠬᠥᠷᠪᠡᠯ  ᠭᠠᠯ ᠤᠳᠤᠭ᠎ᠠ ᠥᠷᠥᠭᠡᠨ ᠳᠤ ᠪᠤᠷᠬᠢᠯᠤᠨ ᠤᠷᠤᠵᠤ ᠢᠷᠡᠬᠦ ᠪᠤᠯᠤᠨ᠎ᠠ᠃ ᠭᠡᠷᠪᠡ  ᠬᠠᠭᠠᠯᠭ᠎ᠠ ᠬᠠᠯᠠᠭᠰᠠᠨ ᠥᠭᠡᠢ ᠪᠠᠶᠢᠪᠠᠯ  ᠭᠠᠯ ᠤᠨ ᠢᠳᠡ ᠪᠠᠭ᠎ᠠ ᠪᠠᠶᠢᠬᠤ ᠲᠤᠯᠠ ᠲᠠᠷᠦ᠋ᠢᠬᠠᠨ ᠡᠬᠦᠳᠡ ᠪᠠᠨ  ᠨᠡᠭᠡᠭᠡᠨ ᠵᠠᠶᠢᠯᠠᠬᠤ ᠎ ᠶᠢᠨ ᠲᠠᠭᠠᠤ ᠡᠬᠦᠳᠡ ᠪᠠᠨ ᠴᠢᠩᠭ᠎ᠠ   ᠬᠠᠭᠠᠵᠤ ᠪᠠᠶᠢᠬᠤ ᠨᠢ ᠲᠠᠭᠠᠷᠠᠨ᠎ᠠ᠃                   ● ᠭᠠᠵᠠᠷ ᠡᠯᠢᠭᠡᠳᠡᠨ ᠮᠥᠯᠬᠦᠬᠦ ᠭᠡᠷᠡᠭᠳᠡᠢ᠃ ᠤᠳᠤᠭ᠎ᠠ ᠤᠨᠢᠶᠠᠷ ᠲᠤ ᠬᠤᠤᠷᠳᠠᠭᠳᠠᠬᠤ ᠪᠠ ᠪᠥᠳᠡᠬᠦ  ᠎ ᠠᠴᠠ  ᠰᠡᠷᠭᠡᠶᠢᠯᠡᠬᠦ ᠭᠡᠷᠡᠭᠳᠡᠢ᠃ ᠶᠡᠷᠥᠳᠡ ᠶᠢᠨ ᠠᠷᠭ᠎ᠠ ᠪᠠᠷ ᠪᠤᠯ ᠨᠦᠢᠳᠠᠨ ᠠᠯᠴᠢᠭᠤᠷ ᠪᠤᠶᠤ ᠠᠮᠠᠪᠴᠢ ᠪᠠᠷ  ᠬᠠᠮᠠᠷ ᠠᠮᠠ ᠎ ᠪᠠᠨ  ᠲᠠᠷᠤᠬᠤ ᠭᠡᠷᠡᠭᠳᠡᠢ᠃ ᠤᠳᠤᠭ᠎ᠠ ᠤᠨᠢᠶᠠᠷ ᠮᠠᠰᠢ ᠭᠡᠴᠡᠬᠦᠥ ᠪᠠᠶᠢᠬᠤ ᠥᠶᠡᠰ ᠠᠯᠢ ᠴᠢᠳᠠᠬᠤ  ᠎ ᠪᠠᠷ ᠭᠠᠵᠠᠷ ᠡᠯᠢᠭᠡᠳᠡᠨ  ᠮᠥᠯᠬᠦᠨ ᠵᠠᠶᠢᠯᠠᠬᠤ  ᠎ ᠨᠢ ᠵᠤᠬᠢᠰᠳᠠᠢ᠃                 ● ᠠᠰᠠᠷ ᠤᠨ ᠱᠠᠳᠤ ᠪᠠᠷ ᠪᠠᠭᠤᠬᠤ ᠭᠡᠷᠡᠭᠳᠡᠢ᠃ ᠠᠯᠢᠪᠠ ᠪᠠᠷᠢᠯᠭ᠎ᠠ ᠳᠤ ᠶᠡᠷᠥᠩᠭᠡᠢ ᠳᠡᠭᠡᠨ ᠴᠥᠮ  ᠬᠤᠶᠠᠷ  ᠎ ᠠᠴᠠ ᠲᠡᠭᠡᠭᠰᠢ ᠲᠤᠳᠠᠭᠠᠵᠤ ᠵᠠᠶᠢᠯᠠᠬᠤ ᠱᠠᠳᠤ ᠲᠠᠢ ᠪᠠᠶᠢᠳᠠᠭ᠃ ᠥᠨᠳᠥᠷ ᠲᠠᠪᠬᠤᠷ ᠲᠤ ᠭᠠᠯ ᠭᠠᠷᠪᠠᠯ᠂  ᠠᠯᠢ ᠴᠢᠳᠠᠬᠤ  ᠎ ᠪᠠᠷ ᠲᠤᠷᠤᠭᠰᠢ ᠪᠠᠨ ᠬᠥᠶᠥᠬᠦ ᠭᠡᠷᠡᠭᠳᠡᠢ᠃ ᠠᠰᠠᠷ ᠤᠨ ᠱᠠᠳᠤ ᠭᠠᠯ ᠳᠤ ᠠᠪᠳᠠᠭᠰᠠᠨ ᠪᠠᠶᠢᠯ᠎ᠠ  ᠴᠤ ᠭᠡᠰᠡᠨ ᠨᠦᠢᠳᠠᠨ  ᠬᠥᠨᠵᠢᠯᠡ ᠲᠡᠪᠢᠰᠭᠡᠷ ᠢᠶᠠᠷ ᠪᠡᠶ᠎ᠡ ᠪᠠᠨ ᠬᠠᠮᠠᠭᠠᠯᠠᠨ ᠲᠥᠷᠭᠡᠨ ᠰᠢᠪᠳᠤᠯᠵᠤ ᠭᠠᠷᠬᠤ  ᠭᠡᠷᠡᠭᠳᠡᠢ᠃         ● ᠡᠩ ᠤᠨ ᠴᠠᠬᠢᠯᠭᠠᠨ ᠱᠠᠳᠤ ᠪᠠᠷ ᠲᠤᠳᠠᠭᠠᠨ ᠵᠠᠶᠢᠯᠠᠵᠤ ᠤᠭᠳᠤ ᠪᠤᠯᠬᠤ ᠥᠭᠡᠢ᠃ ᠥᠨᠳᠥᠷ  ᠪᠠᠷᠢᠯᠭ᠎ᠠ ᠎ ᠶᠢᠨ  ᠴᠠᠬᠢᠯᠭᠠᠨ ᠬᠠᠨᠭ᠍ᠭᠠᠬᠤ ᠰᠢᠰᠲ᠋ᠧᠮ ᠨᠢ ᠭᠠᠯ ᠤᠨ ᠠᠶᠤᠯ ᠳᠤ ᠬᠡᠵᠢᠶ᠎ᠡ ᠴᠤ ᠭᠡᠰᠡᠨ ᠴᠠᠬᠢᠯᠭᠠᠨ  ᠲᠠᠰᠤᠷᠠᠵᠤ ᠮᠡᠳᠡᠬᠦ ᠲᠤᠯᠠ  ᠡᠩ ᠤᠨ ᠴᠠᠬᠢᠯᠭᠠᠨ ᠱᠠᠳᠤ ᠪᠠᠷ ᠪᠠᠭᠤᠬᠤ ᠳᠤ ᠭᠡᠨᠡᠳᠳᠡ ᠴᠠᠬᠢᠯᠭᠠᠨ ᠲᠠᠰᠤᠷᠠᠪᠠᠯ᠂  ᠲᠡᠷᠡ ᠲᠤᠳᠤᠷ᠎ᠠ ᠪᠠᠨ ᠬᠤᠷᠢᠭᠳᠠᠵᠤ᠂ ᠬᠥᠮᠥᠨ ᠤ ᠠᠮᠢ ᠨᠠᠰᠤᠨ ᠳᠤ ᠠᠶᠤᠯ ᠲᠤᠯᠭᠠᠷᠠᠬᠤ ᠪᠤᠯᠤᠨ᠎ᠠ᠃                 ● ᠲᠥᠷ ᠴᠠᠭ ᠲᠤᠳᠠᠭᠠᠵᠤ ᠵᠠᠶᠢᠯᠠᠬᠤ ᠠᠷᠭ᠎ᠠ ᠥᠭᠡᠢ ᠥᠶᠡᠰ᠂ ᠤᠷᠤᠢ ᠶᠢᠨ ᠠᠰᠠᠷ ᠪᠤᠶᠤ ᠭᠡᠷᠡᠮ  ᠎ ᠤᠨ  ᠠᠪᠳᠠᠷ᠎ᠠ ᠵᠡᠷᠭᠡ ᠭᠠᠵᠠᠷ ᠲᠠᠯᠳᠠᠯᠠᠵᠤ ᠪᠤᠯᠬᠤ ᠥᠭᠡᠢ᠃ ᠠᠯᠢ ᠴᠢᠳᠠᠬᠤ ᠪᠠᠷ ᠨᠠᠷᠠᠪᠴᠢ᠂ ᠴᠤᠩᠬᠤ ᠵᠡᠷᠭᠡ  ᠬᠥᠮᠥᠰ ᠎ ᠲᠤ  ᠠᠮᠠᠷᠬᠠᠨ ᠥᠵᠡᠭᠳᠡᠬᠦ ᠭᠠᠵᠠᠷ ᠵᠥᠭ ᠰᠢᠯᠵᠢᠬᠦ ᠭᠡᠷᠡᠭᠳᠡᠢ᠃                 ● ᠪᠡᠶ᠎ᠡ ᠲᠡᠭᠡᠷ᠎ᠡ ᠭᠠᠯ ᠵᠤᠯᠭᠠᠵᠤ᠂ ᠭᠠᠷ ᠵᠠᠭᠤᠷ᠎ᠠ ᠪᠠᠰᠠ ᠤᠰᠤ ᠪᠤᠶᠤ ᠭᠠᠯ ᠤᠨᠳᠠᠷᠠᠭᠠᠬᠤ ᠪᠠᠭᠠᠵᠢ  ᠥᠭᠡᠢ  ᠥᠶᠡᠰ᠂ ᠶᠠᠭᠠᠬᠢᠭᠰᠠᠨ ᠴᠤ ᠬᠥᠶᠥᠬᠦ ᠪᠤᠶᠤ ᠭᠠᠷ ᠢᠶᠠᠷ ᠢᠶᠠᠨ ᠬᠥᠪᠰᠢᠵᠤ ᠪᠤᠯᠬᠤ ᠥᠭᠡᠢ᠂ ᠲᠠᠷᠦ᠋ᠢᠬᠠᠨ  ᠬᠤᠪᠴᠠᠰᠤ  ᠬᠤᠨᠠᠷ ᠢᠶᠠᠨ ᠲᠠᠶᠢᠯᠠᠬᠤ ᠪᠤᠶᠤ ᠭᠠᠵᠠᠷ ᠲᠤ ᠥᠡᠭᠬᠦᠷᠢᠳᠥᠨ ᠭᠠᠯ ᠤᠨ ᠰᠤᠷ ᠢ  ᠲᠠᠷᠤᠨ᠎ᠠ᠃         ● ᠭᠠᠯ ᠤᠨᠳᠠᠷᠠᠭᠠᠬᠤ ᠠᠵᠢᠯᠳᠠᠳ ᠥᠷᠥᠭᠡᠨ ᠳᠤ ᠤᠷᠤᠵᠤ ᠠᠪᠤᠷᠠᠨ ᠲᠤᠰᠠᠯᠠᠬᠤ ᠳᠠᠭᠠᠨ ᠴᠥᠮ  ᠭᠡᠷᠡᠮ  ᠬᠠᠨ᠎ᠠ ᠶᠢ ᠲᠠᠭᠠᠨ ᠠᠵᠢᠯᠯᠠᠳᠠᠭ ᠪᠤᠯᠬᠤᠷ ᠤᠳᠤᠭ᠎ᠠ ᠤᠨᠢᠶᠠᠷ ᠲᠤ ᠬᠠᠭ᠋ᠠᠵᠤ ᠪᠥᠳᠡᠨ ᠥᠪᠡᠷ ᠤᠨ ᠮᠡᠳᠡᠯ  ᠴᠢᠳᠠᠯ ᠎ ᠢᠶᠠᠨ  ᠠᠯᠳᠠᠭᠰᠠᠨ ᠥᠶᠡᠰ᠂ ᠠᠯᠢ ᠴᠢᠳᠠᠬᠤ ᠪᠠᠷ ᠭᠡᠷᠡᠮ ᠬᠠᠨ᠎ᠠ᠂ ᠡᠬᠦᠳᠡ ᠬᠠᠭᠠᠯᠭ᠎ᠠ ᠥᠭᠡᠳᠡ  ᠤᠢᠢᠷᠠᠳᠤᠬᠤ  ᠎ ᠶᠢ  ᠠᠩᠬᠠᠷᠤᠨ᠎ᠠ᠃  
 
ᠢᠷᠡᠯᠲᠡ᠄ ᠦᠪᠦᠷ ᠮᠣᠩᠭᠤᠯ ᠤᠨ ᠵᠠᠰᠠᠭ ᠤᠨ ᠣᠷᠳᠤᠨ
 
 
ᠬᠠᠮᠢᠶ᠎ᠠ ᠪᠥᠬᠦᠢ ᠰᠤᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备14003692号