ᠴᠠᠬᠢᠯᠭᠠᠨ ᠵᠤᠭᠰᠤᠬᠤ ᠡ᠊ᠨᠳᠡᠯ ᠢ ᠶᠠᠭᠠᠬᠢᠵᠤ ᠦᠢᠯᠠᠭᠠᠬᠤ ᠪᠤᠢ
ᠨᠡᠶᠢᠲᠡᠯᠡᠭᠰᠡᠨ ᠴᠠᠭ᠄
2016/5/4
     ᠴᠠᠬᠢᠯᠭᠠᠨ ᠭᠡᠨᠡᠳᠳᠡ ᠵᠤᠭᠰᠤᠭᠰᠠᠨ ᠠᠴᠠ ᠪᠤᠯᠵᠤ ᠴᠠᠬᠢᠯᠭᠠᠨ ᠭᠡᠷᠡᠭᠰᠡᠯ ᠡᠪᠳᠡᠭᠳᠡᠵᠤ᠂ ᠡ᠊ᠨᠳᠡᠯ  ᠡᠬᠦᠰᠬᠦ ᠎ ᠶᠢᠨ  ᠲᠠᠭᠠᠤ ᠬᠥᠮᠥᠰ ᠤᠨ ᠭᠡᠪ ᠤᠨ ᠠᠮᠢᠳᠤᠷᠠᠯ ᠢ ᠰᠢᠭᠤᠳ ᠨᠥᠯᠥᠭᠡᠯᠡᠳᠡᠭ᠃                  ᠪᠠᠴᠢᠮ ᠪᠠᠶᠢᠳᠠᠯ ᠢ ᠠᠷᠭᠠᠴᠠᠬᠤ ᠭᠤᠤᠯᠳᠠᠯᠭ᠎ᠠ                   ○ ᠴᠠᠬᠢᠯᠭᠠᠨ ᠵᠤᠭᠰᠤᠬᠤ ᠤᠴᠢᠷ ᠲᠤᠬᠢᠶᠠᠯᠳᠤᠪᠠᠯ᠂ ᠭᠠᠷ ᠳ᠋ᠧᠩ ᠵᠡᠷᠭᠡ ᠭᠡᠷᠡᠯᠳᠥᠬᠦᠯᠭᠡ ᠶᠢᠨ  ᠪᠠᠭᠠᠵᠢ ᠶᠢ  ᠠᠰᠢᠭᠯᠠᠨ᠂ ᠡᠩ ᠲᠡᠷᠢᠬᠦᠨ ᠳᠤ ᠲᠤᠳᠤᠭᠠᠳᠤ ᠳᠠᠬᠢ ᠴᠠᠬᠢᠯᠭᠠᠨ ᠲᠥᠭᠦᠬᠡᠭᠴᠢ ᠶᠢᠨ ᠨᠡᠭᠡᠭᠡᠯᠳᠡ  ᠬᠠᠭᠠᠯᠳᠠ᠂ ᠴᠠᠬᠢᠯᠭᠠᠨ  ᠵᠢᠭᠤᠳᠠᠭᠤᠷ ᠤᠨ ᠬᠠᠮᠠᠭᠠᠯᠠᠭᠤᠷ ᠢᠶᠠᠨ  ᠪᠠᠶᠢᠴᠠᠭᠠᠵᠤ ᠪᠠᠶᠢᠭᠠᠷᠠᠢ᠃                   ○ ᠬᠠᠮᠠᠭᠠᠯᠠᠭᠤᠷ ᠤᠳᠠᠰᠤ ᠨᠢ ᠬᠠᠶᠢᠯᠤᠭᠳᠠᠨ ᠲᠠᠰᠤᠷᠠᠭᠰᠠᠨ ᠪᠤᠯ ᠲᠡᠷᠦ᠋ᠢᠬᠠᠨ ᠰᠤᠯᠢᠬᠤ ᠭᠡᠷᠡᠭᠳᠡᠢ᠂  ᠭᠡᠪᠡᠴᠤ  ᠵᠡᠰ᠂ ᠲᠡᠮᠥᠷ᠂ ᠲᠤᠭᠤᠯᠭᠠᠨ ᠤᠳᠠᠰᠤ ᠪᠠᠷ ᠤᠷᠤᠯᠠᠭᠤᠯᠵᠤ ᠪᠤᠯᠬᠤ ᠥᠭᠡᠢ᠃ ᠬᠠᠮᠠᠭᠠᠯᠠᠭᠤᠷ ᠤᠳᠠᠰᠤ  ᠎ ᠶᠢ ᠰᠤᠯᠢᠬᠤ  ᠎ ᠳᠠᠭᠠᠨ ᠪᠡᠭᠡᠯᠢ ᠵᠡᠬᠦᠬᠦ ᠪᠤᠶᠤ ᠮᠤᠳᠤᠨ ᠰᠠᠨᠳᠠᠯᠢ ᠲᠡᠭᠡᠷ᠎ᠡ ᠵᠤᠭᠰᠤᠵᠤ᠂ ᠴᠠᠬᠢᠯᠭᠠᠨ ᠥᠯᠥ ᠬᠥᠶᠥᠬᠦ  ᠬᠥᠨᠳᠡᠶᠢᠷᠡᠬᠦᠯᠬᠦ  ᠠᠷᠭ᠎ᠠ ᠭᠡᠮᠵᠢᠶ᠎ᠡ ᠠᠪᠴᠤ᠂ ᠴᠠᠬᠢᠯᠭᠠᠨ ᠳᠤ ᠴᠤᠬᠢᠭᠳᠠᠬᠤ ᠠᠴᠠ  ᠰᠡᠷᠭᠡᠶᠢᠯᠡᠨ᠎ᠡ᠃                 ○ ᠴᠠᠬᠢᠯᠭᠠᠨ ᠬᠥᠴᠥᠨ ᠤ ᠰᠠᠯᠠᠭ᠎ᠠ ᠮᠥᠴᠢᠷ ᠲᠤ ᠡ᠊ᠨᠳᠡᠯ ᠤᠨ ᠪᠠᠴᠢᠮ ᠪᠠᠶᠢᠳᠠᠯ ᠢ ᠠᠷᠭᠠᠴᠠᠵᠤ  ᠵᠠᠪᠳᠤᠨ  ᠠᠪᠤᠷᠠᠵᠤ ᠵᠠᠰᠠᠭᠤᠯᠬᠤ ᠪᠠᠷ ᠤᠳᠠᠰᠤᠳᠠᠵᠤ ᠪᠤᠯᠤᠨ᠎ᠠ᠃              ᠲᠤᠰᠬᠠᠢ ᠮᠡᠷᠭᠡᠵᠢᠯᠳᠡᠨ ᠤ ᠰᠠᠨᠠᠭᠤᠯᠤᠮᠵᠢ                   ◇ ᠭᠡᠷ ᠡᠷᠥᠭᠡ ᠳᠡᠭᠡᠨ ᠯᠠ᠂ ᠭᠠᠷ ᠳ᠋ᠧᠩ ᠵᠡᠷᠭᠡ ᠪᠠᠴᠢᠮ ᠪᠠᠶᠢᠳᠠᠯ ᠢ ᠠᠷᠭᠠᠴᠠᠬᠤ ᠳᠤ ᠭᠡᠷᠡᠭᠯᠡᠬᠦ  ᠭᠡᠷᠡᠯᠳᠥᠬᠦᠯᠭᠡ  ᠎ ᠶᠢᠨ ᠪᠠᠭᠠᠵᠢ ᠪᠡᠯᠡᠳᠭᠡᠵᠤ᠂ ᠲᠤᠭᠳᠠᠭᠰᠠᠨ ᠭᠠᠵᠠᠷ ᠲᠤ ᠲᠠᠯᠪᠢᠬᠤ  ᠎ ᠶᠢ ᠠᠩᠬᠠᠷᠤᠭᠠᠷᠠᠢ᠃         ◇ ᠴᠠᠬᠢᠯᠭᠠᠨ ᠤ ᠤᠳᠠᠰᠤ ᠬᠠᠭᠤᠴᠢᠷᠠᠭᠰᠠᠨ ᠠᠴᠠ ᠪᠤᠯᠵᠤ ᠴᠠᠬᠢᠯᠭᠠᠨ ᠵᠤᠭᠰᠤᠬᠤ ᠡ᠊ᠨᠳᠡᠯ ᠠᠮᠠᠷᠬᠠᠨ  ᠭᠠᠷᠳᠠᠭ  ᠲᠤᠯᠠ ᠬᠤᠯᠪᠤᠭᠳᠠᠯ ᠪᠥᠬᠦᠢ ᠰᠠᠯᠠᠭ᠎ᠠ ᠮᠥᠴᠢᠷ ᠲᠤ ᠲᠥᠷᠭᠡᠨ ᠮᠡᠳᠡᠭᠳᠡᠵᠤ ᠰᠤᠯᠢᠬᠤ ᠭᠡᠷᠡᠭᠳᠡᠢ᠃           ◇ ᠭᠡᠷᠪᠡ ᠭᠡᠷ ᠲᠤᠳᠤᠷᠠᠬᠢ ᠨᠥᠬᠦᠴᠡᠯ ᠰᠢᠯᠳᠠᠭᠠᠨ ᠠᠴᠠ ᠪᠤᠯᠵᠤ ᠴᠠᠬᠢᠯᠭᠠᠨ ᠵᠤᠭᠰᠤᠭᠰᠠᠨ ᠪᠢᠰᠢ  ᠪᠤᠯ ᠴᠠᠭ  ᠲᠤᠬᠠᠢ ᠳᠤᠨᠢ ᠠᠳᠠᠯ ᠠᠬᠤᠢ ᠶᠢᠨ ᠥᠢᠯᠡᠴᠢᠯᠡᠭᠡᠨ ᠤ ᠬᠠᠮᠢᠶᠠᠷᠤᠯᠳᠠ ᠶᠢᠨ ᠭᠠᠵᠠᠷ ᠪᠤᠶᠤ ᠴᠠᠬᠢᠯᠭᠠᠨ  ᠬᠠᠨᠭ᠍ᠭᠠᠬᠤ ᠰᠠᠯᠠᠭ᠎ᠠ  ᠮᠥᠴᠢᠷ ᠲᠠᠢ ᠬᠤᠯᠪᠤᠭ᠎ᠠ ᠠᠪᠬᠤ ᠭᠡᠷᠡᠭᠳᠡᠢ᠃
 
ᠢᠷᠡᠯᠲᠡ᠄ ᠦᠪᠦᠷ ᠮᠣᠩᠭᠤᠯ ᠤᠨ ᠵᠠᠰᠠᠭ ᠤᠨ ᠣᠷᠳᠤᠨ
 
 
ᠬᠠᠮᠢᠶ᠎ᠠ ᠪᠥᠬᠦᠢ ᠰᠤᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备14003692号