ᠭᠠᠵᠠᠷ ᠬᠥᠳᠡᠯᠥᠯᠳᠡ ᠭᠡᠳᠡᠭ ᠪᠤᠯ ᠭᠠᠵᠠᠷ ᠤᠨ ᠪᠥᠮᠪᠥᠷᠴᠡᠭ ᠤᠨ ᠲᠤᠳᠤᠭᠠᠳᠤ ᠳᠠᠬᠢ ᠪᠤᠳᠠᠰ ᠲᠠᠰᠤᠷᠠᠯᠳᠠ | ᠥᠭᠡᠢ ᠬᠥᠳᠡᠯᠥᠨ ᠬᠤᠪᠢᠷᠠᠵᠤ᠂ ᠠᠭᠠᠵᠢᠮ ᠢᠶᠠᠷ ᠬᠤᠷᠠᠮᠳᠤᠭᠰᠠᠨ ᠡᠨᠧᠷᠬᠢ ᠶᠢᠨ ᠬᠡᠮᠵᠢᠶ᠎ᠡ ᠨᠢ ᠬᠠᠳᠠᠨ ᠲᠠᠪᠬᠤᠷᠭ᠎ᠠ | ᠶᠢ ᠡᠪᠳᠡᠭᠰᠡᠨ ᠪᠤᠶᠤ ᠵᠥᠷᠢᠯᠳᠥᠭᠰᠡᠨ ᠠᠴᠠ ᠪᠤᠯᠤᠭᠰᠠᠨ ᠬᠥᠴᠥᠷᠭᠡᠭ ᠲᠤᠯᠬᠢᠰᠤᠯᠳᠠ ᠪᠤᠯᠤᠨ᠎ᠠ᠃ | ᠭᠠᠵᠠᠷ ᠬᠥᠳᠡᠯᠥᠯᠳᠡ ᠨᠢ ᠭᠤᠤᠯᠳᠠᠭᠤ ᠭᠡᠷ ᠪᠠᠷᠢᠯᠭ᠎ᠠ ᠨᠤᠷᠠᠬᠤ ᠵᠢᠴᠢ ᠭᠠᠵᠠᠷ ᠬᠥᠳᠡᠯᠥᠯᠳᠡ ᠠᠴᠠ ᠭᠠᠯ | ᠲᠥᠢᠮᠡᠷ ᠤᠨ ᠠᠶᠤᠯ᠂ ᠥᠶᠡᠷ ᠤᠰᠤᠨ ᠤ ᠠᠶᠤᠯ᠂ ᠰᠢᠪᠠᠷ ᠴᠢᠯᠠᠭᠤᠨ ᠤ ᠤᠷᠤᠰᠬᠠᠯ᠂ ᠬᠢᠵᠢᠭ ᠡᠪᠡᠳᠴᠢᠨ ᠵᠡᠷᠭᠡ | ᠶᠢ ᠡᠬᠦᠰᠭᠡᠵᠤ᠂ ᠬᠥᠮᠥᠨ ᠲᠥᠷᠥᠯᠬᠢᠳᠡᠨ ᠳᠤ ᠥᠬᠦᠵᠤ ᠰᠢᠷᠬᠠᠳᠠᠬᠤ ᠵᠢᠴᠢ ᠠᠵᠤ ᠠᠬᠤᠢ ᠡᠳ᠋ ᠬᠥᠷᠥᠩᠭᠡ ᠶᠢᠨ | ᠬᠤᠬᠢᠷᠠᠯ ᠢ ᠠᠪᠴᠢᠷᠠᠳᠠᠭ ᠶᠤᠮ᠃ | ※ ᠪᠠᠴᠢᠮ ᠪᠠᠶᠢᠳᠠᠯ ᠢ ᠠᠷᠭᠠᠴᠠᠬᠤ ᠭᠤᠤᠯᠳᠠᠯᠭ᠎ᠠ | ○ᠭᠠᠵᠠᠷ ᠬᠥᠳᠡᠯᠥᠯᠳᠡ ᠡᠬᠦᠰᠬᠦ ᠥᠶ᠎ᠡ ᠳᠤ ᠲᠡᠷᠡ ᠲᠡᠷᠦ᠋ᠢᠬᠠᠨ ᠤᠢᠢᠷ᠎ᠠ ᠬᠠᠪᠢ ᠳᠠᠭᠠᠨ ᠲᠠᠯᠳᠠᠯᠠᠬᠤ ᠪᠤᠶᠤ | ᠠᠶᠤᠯ ᠲᠥᠭᠰᠢᠬᠦᠷᠢ ᠥᠭᠡᠢ ᠭᠠᠵᠠᠷ ᠲᠤ ᠰᠢᠯᠵᠢᠵᠤ ᠤᠴᠢᠬᠤ ᠭᠡᠷᠡᠭᠳᠡᠢ᠂ ᠬᠤᠪᠴᠠᠰᠤ ᠡᠮᠥᠰᠬᠦ ᠪᠤᠶᠤ ᠡᠳ᠋ ᠮᠥᠡᠭᠬᠦ | ᠡᠷᠢᠬᠦ ᠰᠢᠯᠳᠠᠭᠠᠨ ᠢᠶᠠᠷ ᠴᠠᠭ ᠢ ᠰᠠᠭᠠᠳᠠᠭᠠᠵᠤ ᠪᠤᠯᠬᠤ ᠥᠭᠡᠢ᠃ ᠭᠠᠯ᠂ ᠴᠠᠬᠢᠯᠭᠠᠨ᠂ ᠨᠡᠬᠦᠷᠡᠰᠥᠨ ᠭᠡᠢ ᠶᠢᠨ | ᠤᠢᠢᠷᠠᠯᠴᠠᠭ᠎ᠠ ᠪᠠᠶᠢᠭ᠎ᠠ ᠪᠤᠯ ᠥᠳᠳᠡᠷ ᠲᠥᠷᠭᠡᠨ ᠢᠶᠠᠷ ᠤᠨᠳᠠᠷᠠᠭᠠᠵᠤ ᠬᠠᠭᠠᠬᠤ ᠭᠡᠷᠡᠭᠳᠡᠢ᠃ | ○ᠠᠰᠠᠷ ᠲᠤᠳᠤᠷ᠎ᠠ ᠪᠠᠶᠢᠭᠰᠠᠨ ᠪᠤᠯ ᠭᠠᠳᠠᠷ ᠭᠡᠷᠡᠮ ᠪᠤᠶᠤ ᠴᠤᠩᠬᠤ ᠡᠬᠦᠳᠡᠨ ᠠᠴᠠ ᠥᠳᠳᠡᠷ ᠲᠥᠷᠭᠡᠨ ᠢᠶᠠᠷ | ᠵᠠᠶᠢᠯᠠᠵᠤ᠂ ᠬᠤᠭᠤᠯᠠᠨ ᠭᠡᠷ᠂ ᠵᠤᠷᠯᠤᠩ ᠪᠤᠯᠤᠨ ᠪᠡᠶ᠎ᠡ ᠤᠬᠢᠶᠠᠬᠤ ᠲᠠᠰᠤᠯᠭ᠎ᠠ ᠵᠡᠷᠭᠡ ᠵᠠᠢ ᠪᠠᠭ᠎ᠠ ᠲᠠᠢ ᠭᠡᠷ ᠲᠤ | ᠲᠠᠯᠳᠠᠯᠠᠬᠤ ᠭᠡᠷᠡᠭᠳᠡᠢ᠂ ᠮᠥᠨ ᠴᠤ ᠭᠡᠷᠡᠮ ᠤᠨ ᠪᠤᠯᠤᠩ᠂ ᠭᠡᠷ ᠤᠨ ᠠᠪᠳᠠᠷ᠎ᠠ ᠬᠤᠷᠭᠤ ᠶᠢᠨ ᠬᠠᠵᠠᠭᠤ ᠬᠠᠪᠢ ᠵᠡᠷᠭᠡ | ᠭᠤᠷᠪᠠᠯᠵᠢᠨ ᠥᠨᠴᠥᠭ ᠲᠠᠢ ᠭᠠᠵᠠᠷ ᠲᠤ ᠲᠠᠯᠳᠠᠯᠠᠵᠤ ᠪᠤᠯᠤᠨ᠎ᠠ᠃ ᠭᠠᠵᠠᠷ ᠬᠥᠳᠡᠯᠥᠭᠰᠡᠨ ᠤ ᠲᠠᠷᠠᠭ᠎ᠠ ᠵᠢᠭᠤᠳᠠᠵᠤ | ᠵᠠᠶᠢᠯᠠᠬᠤ ᠳᠠᠭᠠᠨ ᠴᠠᠬᠢᠯᠭᠠᠨ ᠱᠠᠳᠤ ᠶᠢ ᠭᠡᠷᠡᠭᠯᠡᠵᠤ ᠪᠤᠯᠬᠤ ᠥᠭᠡᠢ᠂ ᠭᠡᠷᠪᠡ ᠭᠠᠵᠠᠷ ᠬᠥᠳᠡᠯᠵᠤ ᠪᠠᠶᠢᠭ᠎ᠠ ᠥᠶ᠎ᠡ | ᠳᠤ ᠴᠠᠬᠢᠯᠭᠠᠨ ᠱᠠᠳᠤᠨ ᠲᠤᠳᠤᠷ᠎ᠠ ᠪᠠᠶᠢᠭᠰᠠᠨ ᠪᠤᠯ ᠥᠨᠳᠳᠡᠷ ᠲᠥᠷᠭᠡᠨ ᠵᠠᠶᠢᠯᠠᠬᠤ ᠭᠡᠷᠡᠭᠳᠡᠢ᠃ ᠭᠤᠷᠪᠠᠨ | ᠲᠠᠪᠬᠤᠷᠭ᠎ᠠ ᠠᠴᠠ ᠲᠡᠭᠡᠭᠰᠢ ᠥᠨᠳᠥᠷ ᠠᠰᠠᠷ ᠲᠠᠬᠢ ᠬᠥᠮᠥᠰ ᠠᠰᠠᠷ ᠬᠠᠷᠠᠶᠢᠵᠤ ᠪᠤᠯᠬᠤ ᠥᠭᠡᠢ᠃ | | ○ᠰᠢᠪᠠᠷ ᠪᠠᠶᠢᠰᠢᠩ ᠳᠤ ᠪᠠᠶᠢᠭᠰᠠᠨ ᠪᠤᠯ ᠭᠡᠷ ᠤᠨ ᠭᠠᠳᠠᠨᠠᠬᠢ ᠥᠷᠭᠡᠨ ᠠᠭᠤᠵᠢᠮ ᠭᠠᠵᠠᠷ ᠲᠠᠯᠠᠪᠠᠢ ᠳᠤ | ᠥᠳᠳᠡᠷ ᠲᠥᠷᠭᠡᠨ ᠬᠥᠶᠥᠵᠤ ᠭᠠᠷᠬᠤ ᠭᠡᠷᠡᠭᠳᠡᠢ᠂ ᠬᠥᠶᠥᠨ ᠭᠠᠷᠴᠤ ᠠᠮᠵᠢᠬᠤ ᠥᠭᠡᠢ ᠪᠤᠯ ᠬᠠᠳᠠᠭᠤ ᠪᠠᠬᠢ ᠤᠷᠤ | ᠶᠢᠨ ᠲᠤᠤᠷ᠎ᠠ᠂ ᠰᠢᠷᠡᠭᠡᠨ ᠤ ᠲᠤᠤᠷ᠎ᠠ᠂ ᠠᠪᠳᠠᠷ᠎ᠠ ᠬᠤᠷᠭᠤ ᠶᠢᠨ ᠬᠠᠵᠠᠭᠤ ᠳᠤ ᠲᠠᠯᠳᠠᠯᠠᠵᠤ᠂ ᠲᠡᠷᠡ ᠪᠤᠶᠤ ᠭᠠᠷ | ᠢᠶᠠᠷ ᠢᠶᠠᠨ ᠲᠤᠯᠤᠭᠠᠢ ᠪᠠᠨ ᠬᠠᠮᠠᠭᠠᠯᠠᠬᠤ ᠶᠢᠨ ᠲᠠᠭᠠᠤ᠂ ᠠᠯᠴᠢᠭᠤᠷ ᠪᠤᠶᠤ ᠬᠤᠪᠴᠠᠰᠤ ᠪᠠᠷ ᠢᠶᠠᠨ ᠠᠮᠠ ᠬᠠᠮᠠᠷ | ᠢᠶᠠᠨ ᠪᠥᠭᠯᠡᠵᠤ᠂ ᠤᠳᠤᠭ᠎ᠠ ᠲᠤᠭᠤᠰᠤ ᠠᠴᠠ ᠰᠡᠷᠭᠡᠶᠢᠯᠡᠨ᠎ᠡ᠃ | ○ ᠬᠤᠳᠠᠯᠳᠤᠭᠠᠨ ᠤ ᠲᠠᠯᠠᠪᠠᠢ᠂ ᠺᠢᠨᠤ᠋ ᠶᠢᠨ ᠤᠷᠳᠤᠨ᠂ ᠲᠡᠷᠭᠡᠨ ᠤ ᠥᠷᠳᠡᠭᠡ ᠵᠡᠷᠭᠡ ᠤᠯᠠᠨ ᠨᠡᠶᠢᠳᠡ ᠶᠢᠨ | ᠭᠠᠵᠠᠷ ᠲᠠᠯᠠᠪᠠᠢ ᠳᠤ ᠪᠠᠶᠢᠭ᠎ᠠ ᠪᠤᠯ ᠥᠳᠳᠡᠷ ᠲᠥᠷᠭᠡᠨ ᠢᠶᠠᠷ ᠲᠤᠯᠤᠭᠠᠢ ᠲᠡᠷᠢᠬᠦᠨ ᠢᠶᠠᠨ ᠬᠠᠮᠠᠭᠠᠯᠠᠵᠤ᠂ | ᠤᠢᠢᠷᠠᠯᠴᠠᠭ᠎ᠠ ᠪᠠᠶᠢᠭ᠎ᠠ ᠬᠠᠳᠠᠭᠤ ᠪᠠᠬᠢᠯᠢᠭ᠌ ᠠᠪᠳᠠᠷ᠎ᠠ ᠬᠤᠷᠭᠤ᠂ ᠰᠠᠨᠳᠠᠯᠢ ᠰᠢᠷᠡᠭᠡ ᠪᠤᠶᠤ ᠲᠤᠯᠭᠠᠭᠤᠷᠢ ᠶᠢᠨ | ᠬᠠᠵᠠᠭᠤ ᠳᠤ ᠲᠠᠯᠳᠠᠯᠠᠵᠤ᠂ ᠰᠢᠯᠢᠨ ᠴᠤᠩᠬᠤ᠂ ᠰᠢᠯᠢᠨ ᠬᠤᠷᠭᠤ᠂ ᠡᠯᠬᠦᠬᠦᠷ ᠳ᠋ᠧᠩ ᠠᠴᠠ ᠵᠠᠶᠢᠯᠠᠵᠤ᠂ ᠬᠥᠮᠥᠰ ᠢ | ᠲᠠᠭᠠᠨ ᠠᠰᠠᠷ ᠤᠨ ᠱᠠᠳᠤᠨ ᠳᠤ ᠴᠢᠬᠢᠯᠳᠥᠬᠦ ᠠᠴᠠ ᠰᠡᠷᠭᠡᠶᠢᠯᠡᠬᠦ ᠭᠡᠷᠡᠭᠳᠡᠢ᠃ ᠠᠩᠬᠢ ᠶᠢᠨ ᠭᠡᠷ ᠲᠤ ᠪᠤᠯ ᠪᠢᠴᠢᠭ | ᠤᠨ ᠪᠤᠭᠴᠤ ᠪᠠᠷ ᠢᠶᠠᠨ ᠲᠤᠯᠤᠭᠠᠢ ᠲᠡᠷᠢᠬᠦᠨ ᠢᠶᠠᠨ ᠬᠠᠮᠠᠭᠠᠯᠠᠵᠤ᠂ ᠠᠮᠠ ᠬᠠᠮᠠᠷ ᠢᠶᠠᠨ ᠪᠢᠳᠡᠬᠦᠯᠥᠨ᠂ ᠰᠢᠷᠡᠭᠡᠨ ᠤ | ᠲᠤᠤᠷ᠎ᠠ ᠪᠤᠶᠤ ᠬᠠᠵᠠᠭᠤ ᠳᠤᠨᠢ ᠲᠠᠯᠳᠠᠯᠠᠵᠤ᠂ ᠭᠠᠵᠠᠷ ᠬᠥᠳᠡᠯᠥᠯᠳᠡ ᠲᠠᠭᠤᠰᠤᠭᠰᠠᠨ ᠤ ᠲᠠᠷᠠᠭ᠎ᠠ ᠪᠠᠭᠰᠢ ᠶᠢᠨ | ᠵᠢᠯᠤᠭᠤᠳᠤᠯᠭ᠎ᠠ ᠪᠠᠷ ᠡᠮᠬᠢ ᠲᠢᠭᠯᠢᠮ ᠲᠠᠢ ᠪᠠᠷ ᠵᠠᠶᠢᠯᠠᠬᠤ ᠭᠡᠷᠡᠭᠳᠡᠢ᠃ | ○ ᠬᠤᠳᠠ ᠶᠢᠨ ᠵᠡᠭᠡᠯᠢ ᠭᠤᠳᠤᠮᠵᠢ ᠳᠤ ᠶᠠᠪᠤᠵᠤ ᠪᠠᠶᠢᠭᠰᠠᠨ ᠪᠤᠯ ᠥᠳᠳᠡᠷ ᠲᠥᠷᠭᠡᠨ ᠢᠶᠠᠷ ᠠᠭᠤᠳᠠᠮ | ᠲᠠᠯᠠᠪᠠᠢ ᠳᠤ ᠤᠴᠢᠵᠤ᠂ ᠥᠨᠳᠥᠷ ᠲᠤᠮᠤ ᠪᠠᠷᠢᠯᠭ᠎ᠠ ᠠᠴᠠ ᠵᠠᠶᠢᠳᠠᠢ ᠪᠠᠶᠢᠵᠤ᠂ ᠵᠠᠷ ᠤᠨ ᠫᠠᠶᠢᠰᠠ᠂ ᠬᠥᠴᠥᠳᠡᠯ | ᠥᠭᠡᠷᠡᠴᠢᠯᠡᠭᠴᠢ᠂ ᠴᠠᠬᠢᠯᠭᠠᠨ ᠤᠳᠠᠰᠤᠨ ᠤ ᠪᠠᠭᠠᠨ᠎ᠠ᠂ ᠵᠠᠮ ᠤᠨ ᠳ᠋ᠧᠩ ᠵᠡᠷᠭᠡ ᠠᠶᠤᠯ ᠲᠠᠢ ᠶᠠᠭᠤᠮ᠎ᠠ ᠠᠴᠠ | ᠵᠠᠶᠢᠳᠠᠢ ᠪᠠᠶᠢᠬᠤ ᠭᠡᠷᠡᠭᠳᠡᠢ᠃ | ○ ᠬᠥᠳᠡᠭᠡ ᠭᠠᠳᠠᠨ᠎ᠠ ᠪᠠᠶᠢᠭᠰᠠᠨ ᠪᠤᠯ ᠡᠭ᠍ᠴᠡ ᠥᠨᠳᠥᠷ ᠠᠭᠤᠯᠠᠨ ᠤ ᠬᠢᠷ᠎ᠠ ᠪᠤᠶᠤ ᠠᠰᠬ᠎ᠠ ᠬᠠᠳᠠᠨ ᠠᠴᠠ | ᠥᠳᠳᠡᠷ ᠲᠥᠷᠭᠡᠨ ᠢᠶᠠᠷ ᠵᠠᠶᠢᠳᠠᠬᠤ ᠭᠡᠷᠡᠭᠳᠡᠢ᠃ ᠴᠢᠯᠠᠭᠤ ᠪᠥᠮᠪᠥᠷᠢᠬᠦ᠂ ᠠᠭᠤᠯᠠᠨ ᠭᠢᠷ᠎ᠠ ᠶᠡᠬᠦᠷᠡᠬᠦ ᠪᠠ ᠰᠢᠪᠠᠷ | ᠴᠢᠯᠠᠭᠤᠨ ᠤ ᠤᠷᠤᠰᠬᠠᠯ ᠠᠴᠠ ᠰᠡᠷᠭᠡᠶᠢᠯᠡᠵᠤ᠂ ᠠᠭᠤᠯᠠ ᠶᠡᠬᠦᠷᠡᠭᠰᠡᠨ ᠪᠤᠯ ᠴᠢᠯᠠᠭᠤ ᠪᠥᠮᠪᠥᠷᠢᠵᠤ ᠮᠡᠳᠡᠬᠦ ᠡᠭ᠍ᠴᠡ | ᠴᠢᠭᠯᠡᠯ ᠤᠨ ᠬᠤᠶᠠᠷ ᠲᠠᠯ᠎ᠠ ᠲᠡᠰᠢ ᠵᠢᠭᠤᠳᠠᠬᠤ ᠭᠡᠷᠡᠭᠳᠡᠢ᠃ ᠲᠡᠷᠭᠡ ᠬᠥᠰᠭᠡ ᠪᠠᠨ ᠰᠤᠯᠪᠢᠴᠠᠭ᠎ᠠ ᠬᠥᠬᠦᠷᠭᠡ᠂ | ᠥᠨᠳᠥᠷ ᠬᠥᠬᠦᠷᠭᠡ᠂ ᠠᠭᠤᠯᠠᠨ ᠤ ᠵᠠᠮ ᠵᠡᠷᠭᠡ ᠠᠶᠤᠯ ᠲᠥᠭᠰᠢᠬᠦᠷᠢᠳᠡᠢ ᠭᠠᠵᠠᠷ ᠠᠴᠠ ᠥᠳᠳᠡᠷ ᠲᠥᠷᠭᠡᠨ | ᠵᠢᠯᠤᠭᠤᠳᠤᠨ ᠵᠠᠶᠢᠯᠠᠭᠤᠯᠵᠤ᠂ ᠠᠭᠤᠵᠢᠮ ᠭᠠᠵᠠᠷ ᠲᠤ ᠵᠤᠭᠰᠤᠬᠤ ᠭᠡᠷᠡᠭᠳᠡᠢ᠃ ᠲᠡᠷᠭᠡᠨ ᠲᠤᠳᠤᠷ᠎ᠠ ᠪᠠᠶᠢᠭ᠎ᠠ | ᠠᠶᠠᠨᠴᠢᠳ ᠪᠠᠷᠢᠭᠤᠯ ᠠᠴᠠ ᠴᠢᠩᠭ᠎ᠠ ᠠᠳᠬᠤᠨ᠂ ᠪᠡᠶ᠎ᠡ ᠪᠠᠨ ᠲᠡᠩᠴᠡᠬᠦᠨ ᠪᠠᠶᠢᠯᠭᠠᠵᠤ᠂ ᠲᠡᠷᠭᠡᠨ ᠠᠴᠠ | ᠥᠰᠥᠷᠴᠤ ᠪᠠᠭᠤᠬᠤ ᠶᠢ ᠡᠷᠡᠰ ᠴᠡᠭᠡᠷᠯᠡᠵᠤ᠂ ᠲᠡᠷᠭᠡ ᠬᠥᠰᠭᠡ ᠶᠢᠨ ᠯᠠᠪᠳᠠᠭᠤᠨ ᠵᠤᠭᠰᠤᠭᠰᠠᠨ ᠤ ᠲᠠᠷᠠᠭ᠎ᠠ | ᠠᠭᠤᠵᠢᠮ ᠭᠠᠵᠠᠷ ᠲᠤ ᠥᠳᠳᠡᠷ ᠲᠥᠷᠭᠡᠨ ᠢᠶᠠᠷ ᠰᠢᠯᠵᠢᠬᠦ ᠭᠡᠷᠡᠭᠳᠡᠢ ᠃ | ○ ᠭᠠᠵᠠᠷ ᠬᠥᠳᠡᠯᠥᠭᠡᠳ᠂ ᠪᠡᠶ᠎ᠡ ᠮᠠᠬᠠᠪᠤᠳ ᠪᠤᠯᠠᠭᠳᠠᠭᠰᠠᠨ ᠪᠤᠯ ᠰᠠᠨᠠᠭ᠎ᠠ ᠰᠡᠳᠬᠢᠯ ᠢᠶᠠᠨ ᠲᠤᠭᠳᠠᠭᠤᠨ | ᠪᠠᠶᠢᠯᠭᠠᠵᠤ᠂ ᠥᠪᠡᠷ ᠢ ᠪᠠᠨ ᠠᠪᠤᠷᠠᠬᠤ ᠠᠷᠭ᠎ᠠ ᠡᠷᠢᠵᠤ᠂ ᠪᠡᠶ᠎ᠡ ᠲᠡᠭᠡᠷᠡᠬᠢ ᠲᠠᠷᠤᠭᠰᠠᠨ ᠶᠠᠭᠤᠮᠠᠰ ᠢ ᠴᠢᠳᠠᠬᠤ ᠶᠢᠨ | ᠲᠤᠳᠤᠷ᠎ᠠ ᠵᠠᠶᠢᠯᠠᠭᠤᠯᠵᠤ᠂ ᠤᠨᠠᠵᠤ ᠮᠡᠳᠡᠬᠦ ᠭᠡᠪᠷᠡᠭ ᠶᠠᠭᠤᠮᠠᠰ ᠠᠴᠠ ᠬᠤᠯᠠ ᠪᠠᠶᠢᠵᠤ᠂ ᠠᠮᠤᠷ ᠲᠥᠪᠰᠢᠨ ᠤᠷᠤᠨ | ᠵᠠᠢ ᠪᠠᠨ ᠶᠡᠭᠡᠰᠭᠡᠬᠦ ᠭᠡᠷᠡᠭᠳᠡᠢ᠃ ᠥᠪᠡᠷ ᠢ ᠪᠠᠨ ᠠᠪᠤᠷᠠᠵᠤ ᠲᠡᠶᠢᠯᠬᠦ ᠥᠭᠡᠢ ᠪᠤᠯ ᠲᠡᠷᠦ᠋ᠢᠬᠠᠨ ᠶᠡᠭᠡ ᠲᠠᠭᠤ ᠪᠠᠷ | ᠠᠪᠤᠷᠠᠯᠳᠠ ᠬᠥᠰᠡᠬᠦ ᠪᠠ ᠬᠥᠴᠥᠳᠡᠢ ᠬᠥᠳᠡᠯᠵᠤ ᠲᠠᠶᠢᠴᠢᠵᠤ ᠪᠤᠯᠬᠤ ᠥᠭᠡᠢ᠂ ᠬᠠᠷᠢᠨ ᠬᠥᠴᠤ ᠲᠡᠮᠢᠷ ᠢᠶᠠᠨ | ᠬᠠᠳᠠᠭᠠᠯᠠᠵᠤ᠂ ᠠᠪᠤᠷᠠᠨ ᠲᠡᠳᠬᠦᠬᠦ ᠬᠥᠮᠥᠰ ᠤᠨ ᠴᠢᠮᠡᠭᠡ ᠶᠢ ᠠᠩᠬᠠᠷᠤᠨ ᠬᠥᠯᠢᠶᠡᠵᠤ᠂ ᠲᠤᠬᠠᠢ ᠶᠢᠨ ᠥᠶ᠎ᠡ | ᠳᠤᠨᠢ ᠶᠠᠭᠤᠮ᠎ᠠ ᠴᠤᠬᠢᠬᠤ ᠪᠤᠶᠤ ᠶᠡᠭᠡ ᠲᠠᠭᠤᠨ ᠢᠶᠠᠷ ᠬᠠᠰᠬᠢᠷᠠᠬᠤ ᠮᠡᠳᠤ ᠠᠷᠭ᠎ᠠ ᠪᠠᠷᠢᠯ ᠢᠶᠠᠷ ᠠᠪᠤᠷᠠᠯᠳᠠ | ᠬᠥᠰᠡᠵᠤ ᠪᠤᠯᠤᠨ᠎ᠠ᠃ | &ᠲᠤᠰᠬᠠᠢ ᠮᠡᠷᠭᠡᠵᠢᠯᠳᠡᠨ ᠤ ᠰᠠᠨᠠᠭᠤᠯᠤᠮᠵᠢ | ◇ᠭᠠᠵᠠᠷ ᠬᠥᠳᠡᠯᠥᠭᠰᠡᠨ ᠥᠶ᠎ᠡ ᠳᠤ ᠪᠠᠴᠢᠮ ᠠᠷᠭᠠᠴᠠᠬᠤ ᠶᠢᠨ ᠥᠨᠳᠥᠰᠥᠨ ᠵᠠᠷᠴᠢᠮ ᠪᠤᠯ ᠭᠠᠵᠠᠷ | ᠬᠥᠳᠡᠯᠵᠤ ᠪᠠᠶᠢᠭ᠎ᠠ ᠥᠶ᠎ᠡ ᠳᠤ ᠤᠢᠢᠷ᠎ᠠ ᠬᠠᠪᠢ ᠳᠠᠭᠠᠨ ᠲᠠᠯᠳᠠᠯᠠᠵᠤ᠂ ᠭᠠᠵᠠᠷ ᠬᠥᠳᠡᠯᠥᠯᠳᠡ ᠶᠢᠨ ᠲᠠᠷᠠᠭ᠎ᠠ ᠡᠮᠬᠢ | ᠲᠢᠭᠯᠢᠮ ᠲᠠᠢ ᠪᠠᠷ ᠵᠠᠶᠢᠯᠠᠭᠤᠯᠬᠤ ᠶᠠᠪᠤᠳᠠᠯ ᠪᠤᠯᠤᠨ᠎ᠠ᠃ | ◇ᠭᠠᠵᠠᠷ ᠬᠥᠳᠡᠯᠥᠭᠰᠡᠨ ᠥᠶ᠎ᠡ ᠳᠤ ᠡᠷᠡᠰ ᠰᠢᠭᠤᠷᠬᠠᠢ ᠪᠠᠷ ᠠᠷᠭ᠎ᠠ ᠭᠡᠮᠵᠢᠶ᠎ᠡ ᠠᠪᠴᠤ᠂ ᠲᠠᠯᠳᠠᠯᠠᠬᠤ ᠪᠠ | ᠵᠢᠭᠤᠳᠠᠬᠤ ᠡᠰᠡᠬᠦ ᠪᠠᠨ ᠲᠤᠬᠠᠢ ᠶᠢᠨ ᠭᠠᠵᠠᠷ ᠤᠨ ᠪᠠᠶᠢᠳᠠᠯ ᠢ ᠥᠵᠡᠵᠤ ᠪᠠᠶᠢᠭᠠᠳ ᠲᠤᠭᠳᠠᠭᠠᠬᠤ ᠭᠡᠷᠡᠭᠳᠡᠢ᠂ | ᠤᠷᠤᠨ ᠳᠠᠭᠠᠨ ᠲᠠᠳᠠᠭᠠᠯᠵᠠᠨ ᠵᠤᠭᠰᠤᠵᠤ ᠪᠤᠯᠬᠤ ᠥᠭᠡᠢ᠃ | ◇ᠭᠠᠵᠠᠷ ᠬᠥᠳᠡᠯᠵᠤ ᠪᠠᠶᠢᠭ᠎ᠠ ᠥᠶ᠎ᠡ ᠳᠤ ᠴᠢᠳᠠᠬᠤ ᠶᠢᠨ ᠲᠤᠳᠤᠷ᠎ᠠ ᠰᠥᠬᠦᠳᠬᠦ ᠪᠤᠶᠤ ᠭᠡᠪᠳᠡᠵᠤ᠂ ᠪᠡᠶ᠎ᠡ | ᠪᠠᠨ ᠲᠡᠩᠴᠡᠬᠦᠨ ᠪᠠᠶᠢᠯᠭᠠᠵᠤ᠂ ᠲᠤᠯᠤᠭᠠᠢ ᠬᠥᠵᠥᠬᠦᠥ ᠪᠠᠨ ᠰᠠᠶᠢᠳᠤᠷ ᠬᠠᠮᠠᠭᠠᠯᠠᠬᠤ ᠭᠡᠷᠡᠭᠳᠡᠢ᠃ ᠭᠠᠵᠠᠷ | ᠬᠥᠳᠡᠯᠥᠯᠳᠡ ᠶᠢᠨ ᠲᠠᠷᠠᠭ᠎ᠠ᠂ ᠤᠷᠤᠨ ᠰᠠᠭᠤᠴᠠ ᠳᠠᠭᠠᠨ ᠪᠤᠴᠠᠵᠤ ᠬᠠᠷᠢᠬᠤ ᠶᠢ ᠶᠠᠭᠠᠷᠠᠵᠤ ᠪᠤᠯᠬᠤ ᠥᠭᠡᠢ᠂ | ᠥᠯᠡᠳᠡᠭᠳᠡᠯ ᠬᠥᠳᠡᠯᠥᠯᠳᠡ ᠬᠢᠭᠡᠳ ᠭᠠᠵᠠᠷ ᠬᠥᠳᠡᠯᠥᠯᠳᠡ ᠠᠴᠠ ᠡᠬᠦᠰᠥᠭᠰᠡᠨ ᠭᠠᠯ ᠤᠨ ᠠᠶᠤᠯ᠂ ᠤᠰᠤᠨ ᠤ | ᠠᠶᠤᠯ᠂ ᠠᠭᠤᠯᠠ ᠶᠡᠬᠦᠷᠡᠬᠦ᠂ ᠰᠢᠪᠠᠷ ᠴᠢᠯᠠᠭᠤᠨ ᠤ ᠤᠷᠤᠰᠬᠠᠯ᠂ ᠬᠤᠤᠷ ᠲᠠᠢ ᠭᠡᠢ ᠪᠡᠶᠡᠳᠤ ᠪᠠ ᠰᠠᠴᠤᠷᠠᠭ | ᠪᠤᠳᠠᠰ ᠤᠨ ᠵᠠᠳᠠᠷᠠᠯᠳᠠ ᠵᠡᠷᠭᠡ ᠲᠠᠭᠠᠯᠳᠤᠨ ᠡᠬᠦᠰᠬᠦ ᠭᠠᠮᠰᠢᠬ ᠠᠴᠠ ᠰᠡᠷᠭᠡᠶᠢᠯᠡᠬᠦ ᠭᠡᠷᠡᠭᠳᠡᠢ᠃ | ◇ᠭᠠᠵᠠᠷ ᠬᠥᠳᠡᠯᠥᠯᠳᠡ ᠶᠢᠨ ᠲᠠᠷᠠᠭ᠎ᠠ᠂ ᠬᠥᠮᠥᠰ ᠢ ᠠᠪᠤᠷᠠᠬᠤ ᠳᠠᠭᠠᠨ ᠤᠷᠢᠳᠠᠪᠡᠷ ᠤᠢᠢᠷᠠᠯᠴᠠᠭ᠎ᠠ ᠪᠠᠶᠢᠭ᠎ᠠ | ᠶᠢ᠂ ᠲᠠᠷᠠᠭ᠎ᠠ ᠳᠤᠨᠢ ᠵᠠᠶᠢᠳᠠᠢ ᠪᠠᠶᠢᠭ᠎ᠠ ᠶᠢ ᠨᠢ᠂ ᠤᠷᠢᠳᠠᠪᠡᠷ ᠤᠯᠠᠨ ᠢ ᠨᠢ᠂ ᠲᠠᠷᠠᠭ᠎ᠠ ᠳᠤᠨᠢ ᠴᠥᠭᠡᠨ ᠢ ᠨᠢ᠂ | ᠤᠷᠢᠳᠠᠪᠡᠷ ᠠᠪᠤᠷᠠᠬᠤ ᠳᠤ ᠬᠢᠯᠪᠡᠷ ᠢ ᠨᠢ᠂ ᠲᠠᠷᠠᠭ᠎ᠠ ᠳᠤᠨᠢ ᠠᠪᠤᠷᠠᠬᠤ ᠳᠤ ᠬᠥᠴᠢᠷᠳᠡᠢ ᠶᠢ ᠨᠢ ᠠᠪᠤᠷᠠᠯᠳᠠ | ᠬᠢᠨ᠎ᠠ᠃ |