ᠤᠷᠴᠢᠨ ᠲᠤᠭᠤᠷᠢᠨ ᠤ ᠪᠤᠬᠢᠷᠳᠤᠯ ᠤᠨ ᠡ᠊ᠨᠳᠡᠯ ᠢ ᠬᠡᠷᠬᠢᠨ ᠦᠢᠯᠠᠭᠠᠬᠤ ᠪᠤᠢ
ᠨᠡᠶᠢᠲᠡᠯᠡᠭᠰᠡᠨ ᠴᠠᠭ᠄
2016/5/4
    ᠤᠷᠴᠢᠨ ᠲᠤᠭᠤᠷᠢᠨ ᠤ ᠪᠤᠬᠢᠷᠳᠤᠯ ᠤᠨ ᠡ᠊ᠨᠳᠡᠯ ᠢ ᠤᠰᠤᠨ ᠤ ᠪᠤᠬᠢᠷᠳᠤᠯ ᠤᠨ ᠡ᠊ᠨᠳᠡᠯ᠂ ᠠᠭᠠᠷ  ᠮᠠᠨᠳᠤᠯ  ᠤᠨ ᠪᠤᠬᠢᠷᠳᠤᠯ ᠤᠨ ᠡ᠊ᠨᠳᠡᠯ᠂ ᠬᠠᠳᠠᠭᠤ ᠪᠡᠶᠡᠳᠤ ᠬᠠᠶᠠᠭᠳᠠᠮᠠᠯ ᠡᠳ᠋ ᠤᠨ ᠪᠤᠬᠢᠷᠳᠤᠯ ᠤᠨ ᠡ᠊ᠨᠳᠡᠯ᠂  ᠰᠠᠴᠤᠷᠠᠭ ᠴᠢᠨᠠᠷ ᠤᠨ  ᠪᠤᠬᠢᠷᠳᠤᠯ ᠤᠨ ᠡ᠊ᠨᠳᠡᠯ ᠭᠡᠬᠦ ᠵᠡᠷᠭᠡ ᠢᠯᠭᠠᠳᠠᠭ᠃                  ᠪᠠᠴᠢᠮ ᠪᠠᠶᠢᠳᠠᠯ ᠢ ᠠᠷᠭᠠᠴᠠᠬᠤ ᠭᠤᠤᠯᠳᠠᠯᠭ᠎ᠠ                     ●ᠲᠤᠬᠠᠢ ᠶᠢᠨ ᠲᠠᠯᠠᠪᠤᠷ ᠲᠤ ᠲᠡᠯᠪᠡᠷᠡᠭᠰᠡᠨ ᠭᠡᠢ ᠪᠡᠶᠡᠳᠤ ᠥᠭᠡᠢ ᠪᠠᠶᠢᠳᠠᠯ ᠲᠤᠤᠷ᠎ᠠ᠂ ᠲᠡᠷᠦ᠋ᠢᠬᠠᠨ  119᠂  110 ᠪᠤᠶᠤ ᠲᠤᠬᠠᠢ ᠶᠢᠨ ᠭᠠᠵᠠᠷ ᠤᠨ ᠤᠷᠴᠢᠨ ᠲᠤᠭᠤᠷᠢᠨ ᠤ ᠬᠠᠮᠠᠭᠠᠯᠠᠯᠳᠠ ᠶᠢᠨ ᠰᠠᠯᠠᠭ᠎ᠠ ᠮᠥᠴᠢᠷ   ᠲᠤ ᠤᠳᠠᠰᠤᠳᠠᠵᠤ᠂ ᠭᠡᠷᠡᠭ ᠡᠬᠦᠰᠥᠭᠰᠡᠨ ᠲᠤᠳᠤᠷᠬᠠᠢ ᠭᠠᠵᠠᠷ ᠤᠷᠤᠨ᠂ ᠤᠷᠤᠨ ᠲᠤᠭᠤᠷᠢᠬ ᠪᠠ ᠪᠤᠬᠢᠷᠳᠤᠯ ᠤᠨ  ᠥᠵᠡᠭᠳᠡᠯ᠂  ᠬᠠᠷᠢᠯᠴᠠᠬᠤ ᠬᠥᠮᠥᠨ ᠤ ᠤᠳᠠᠰᠤ ᠪᠠᠨ ᠲᠤᠳᠤᠷᠬᠠᠢ ᠭᠡᠯᠡᠵᠤ ᠥᠭᠬᠦ  ᠪᠤᠯᠪᠠᠤ  ᠃                     ●ᠪᠤᠬᠢᠷᠳᠤᠯ ᠤᠨ ᠠᠳᠡᠯ ᠤᠨ ᠲᠤᠬᠠᠢ ᠶᠢᠨ ᠲᠠᠯᠠᠪᠤᠷ ᠤᠨ ᠪᠠᠶᠢᠳᠠᠯ ᠢ ᠥᠨᠳᠥᠰᠥᠯᠡᠨ᠂  ᠪᠤᠬᠢᠷᠳᠤᠭᠰᠠᠨ  ᠭᠠᠵᠠᠷ ᠤᠷᠤᠨ ᠤ ᠨᠠᠰᠤᠳᠠᠢ᠂ ᠪᠠᠭᠤᠷᠠᠢ᠂ ᠡᠪᠡᠳᠴᠢᠳᠡᠢ᠂ ᠵᠡᠮᠳᠡᠭ ᠬᠥᠮᠥᠰ ᠪᠠ  ᠬᠤᠤᠷᠳᠠᠭᠳᠠᠭᠰᠠᠨ ᠬᠥᠮᠥᠰ ᠢ  ᠲᠡᠷᠦ᠋ᠢᠬᠠᠨ ᠲᠤᠬᠢᠳᠠᠢ ᠰᠠᠶᠢᠨ ᠲᠥᠪᠬᠢᠨᠡᠬᠦᠯᠬᠦ ᠭᠡᠷᠡᠭᠳᠡᠢ᠃                   ●ᠤᠪᠤᠭᠠᠷᠠᠨ ᠥᠵᠡᠬᠦ ᠪᠠ ᠴᠤᠤ ᠲᠠᠷᠬᠠᠭᠠᠵᠤ ᠪᠤᠯᠬᠤ ᠥᠭᠡᠢ᠃ ᠪᠤᠬᠢᠷᠳᠤᠯ ᠤᠨ ᠲᠥᠷᠥᠯ ᠵᠥᠢᠯ ᠢ  ᠥᠨᠳᠥᠰᠥᠯᠡᠨ ᠲᠤᠰᠬᠠᠢ ᠠᠵᠢᠯᠳᠠᠨ ᠢᠶᠠᠷ ᠠᠪᠤᠷᠠᠨ ᠵᠠᠰᠠᠭᠤᠯᠤᠨ᠎ᠠ᠃                     ᠲᠤᠰᠬᠠᠢ ᠮᠡᠷᠭᠡᠵᠢᠯᠳᠡᠨ ᠤ ᠰᠠᠨᠠᠭᠤᠯᠤᠮᠵᠢ                     ◇ᠤᠰᠤ ᠪᠤᠬᠢᠷᠳᠤᠭᠰᠠᠨ ᠢ ᠤᠯᠵᠤ ᠮᠡᠳᠡᠭᠰᠡᠨ ᠥᠶᠡᠰ᠂ ᠪᠤᠯᠭᠤᠮᠵᠢᠳᠠᠢ ᠭᠡᠷᠡᠭᠯᠡᠬᠦ ᠪᠠ ᠤᠤᠭᠤᠬᠤ   ᠶᠢ ᠲᠠᠭ ᠬᠤᠷᠢᠭᠯᠠᠵᠤ᠂ ᠲᠡᠷᠦ᠋ᠢᠬᠠᠨ ᠲᠤᠬᠠᠢ ᠶᠢᠨ ᠭᠠᠵᠠᠷ ᠤᠨ ᠢᠶᠠᠨ ᠡᠷᠡᠬᠦᠯ ᠬᠠᠮᠠᠭᠠᠯᠠᠯ ᠪᠤᠶᠤ ᠤᠷᠴᠢᠨ  ᠲᠤᠭᠤᠷᠢᠨ ᠤ  ᠬᠠᠮᠠᠭᠠᠯᠠᠯᠳᠠ ᠶᠢᠨ ᠰᠠᠯᠠᠭ᠎ᠠ ᠮᠥᠴᠢᠷ ᠲᠤ ᠮᠡᠳᠡᠭᠦᠯᠦᠨ᠎ᠡ᠃                     ◇ᠬᠤᠤᠷ ᠲᠠᠢ ᠭᠡᠢ ᠪᠡᠶᠡᠳᠤ ᠶᠢ ᠤᠯᠵᠤ ᠮᠡᠳᠡᠭᠰᠡᠨ ᠥᠶᠡᠰ᠂ ᠰᠠᠭᠤᠭᠠᠯᠢ ᠠᠷᠠᠳ ᠰᠠᠯᠬᠢᠨ ᠤ  ᠥᠭᠡᠳᠡ ᠰᠢᠯᠵᠢᠨ ᠵᠠᠶᠢᠯᠠᠵᠤ᠂ ᠬᠤᠤᠷᠳᠠᠭᠰᠠᠳ ᠢ ᠰᠢᠨ᠎ᠡ ᠰᠤᠷᠭᠤᠭ ᠠᠭᠠᠷ ᠲᠠᠢ ᠭᠠᠵᠠᠷ ᠲᠤ ᠰᠢᠯᠵᠢᠬᠦᠯᠵᠤ᠂  ᠲᠡᠷᠦ᠋ᠢᠬᠠᠨ ᠲᠤᠬᠠᠢ ᠶᠢᠨ ᠭᠠᠵᠠᠷ ᠤᠨ ᠡᠮ ᠡᠮᠨᠡᠯᠭᠡ ᠶᠢᠨ ᠲᠥᠷᠭᠡᠨ ᠠᠪᠤᠷᠠᠬᠤ ᠲᠥᠪ ᠪᠤᠯᠤᠨ ᠬᠠᠮᠢᠶ᠎ᠠ ᠪᠥᠬᠦᠢ  ᠰᠠᠯᠠᠭ᠎ᠠ ᠮᠥᠴᠢᠷ ᠲᠤ ᠮᠡᠳᠡᠭᠦᠯᠦᠨ᠎ᠡ᠃                   ◇ᠬᠤᠤᠷ ᠲᠠᠢ ᠬᠢᠮᠢ ᠶᠢᠨ ᠪᠤᠳᠠᠰ ᠢ ᠤᠯᠵᠤ ᠮᠡᠳᠡᠪᠡᠯ᠂ ᠬᠤᠤᠷᠳᠠᠭᠳᠠᠭᠰᠠᠳ ᠢ ᠲᠡᠷᠦ᠋ᠢᠬᠠᠨ ᠠᠮᠤᠷ  ᠲᠥᠪᠰᠢᠨ ᠭᠠᠵᠠᠷ ᠰᠢᠯᠵᠢᠬᠦᠯᠬᠦ ᠪᠤᠶᠤ ᠡᠮᠨᠡᠯᠭᠡ ᠳᠤ ᠬᠥᠷᠭᠡᠵᠤ ᠠᠪᠤᠷᠠᠨ ᠲᠤᠰᠠᠯᠠᠭᠤᠯᠬᠤ ᠭᠡᠷᠡᠭᠳᠡᠢ᠃ ᠪᠧᠨ᠋ᠽᠧᠨ᠂  ᠮᠧᠲ᠋ᠢᠯᠳᠤ ᠪᠧᠨ᠋ᠽᠧᠨ ᠵᠡᠷᠭᠡ ᠰᠢᠩᠭᠡᠨ ᠪᠡᠶᠡᠳᠤ ᠶᠢᠨ ᠲᠥᠷᠥᠯ ᠤᠨ ᠬᠤᠤᠷ ᠲᠠᠢ ᠬᠢᠮᠢ ᠶᠢᠨ ᠪᠤᠳᠠᠰ ᠶᠡᠭᠡ ᠭᠡᠮᠵᠢᠶ᠎ᠡ   ᠪᠠᠷ ᠨᠠᠪᠴᠢᠨ ᠭᠤᠭᠤᠵᠢᠭᠰᠠᠨ ᠢ ᠤᠯᠵᠤ ᠮᠡᠳᠡᠪᠡᠯ᠂ ᠲᠥᠭᠡᠭᠡᠯ ᠤᠰᠤ ᠪᠠᠷ ᠰᠥᠷᠴᠢᠨ ᠤᠬᠢᠶᠠᠵᠤ ᠤᠭᠳᠤ ᠪᠤᠯᠬᠤ  ᠥᠭᠡᠢ᠂ ᠬᠠᠷᠢᠨ ᠡᠯᠡᠰᠤ ᠰᠢᠷᠤᠢ᠂ ᠰᠢᠪᠠᠷ ᠢᠶᠠᠷ ᠲᠠᠷᠤᠬᠤ ᠪᠤᠶᠤ ᠲᠤᠬᠢᠳᠠᠢ ᠰᠤᠷᠤᠯᠳᠠ ᠡᠳ᠋ ᠢᠶᠠᠷ ᠰᠤᠷᠤᠭᠤᠯᠤᠨ  ᠠᠪᠴᠤ᠂  ᠪᠤᠬᠢᠷᠳᠤᠯ ᠤᠨ ᠥᠷᠪᠢᠰᠴᠤ ᠲᠡᠯᠡᠬᠦ ᠶᠢ ᠰᠡᠷᠭᠡᠶᠢᠯᠡᠨ᠎ᠡ᠃                    ◇ᠢᠯᠵᠠᠷᠠᠬᠤ ᠴᠢᠨᠠᠷᠳᠠᠢ ᠪᠤᠬᠢᠷᠳᠤᠯ ᠪᠤᠳᠠᠰ ᠢ ᠤᠯᠵᠤ ᠮᠡᠳᠡᠪᠡᠯ᠂ ᠰᠠᠭᠠᠷᠮᠠᠭᠵᠢᠭᠤᠯᠬᠤ ᠠᠷᠭ᠎ᠠ ᠶᠢ  ᠭᠡᠷᠡᠭᠯᠡᠨ᠂ ᠲᠤᠬᠠᠢᠢᠯᠠᠪᠠᠯ ᠲᠠᠪᠤᠰᠤᠨ ᠬᠥᠴᠢᠯ᠂ ᠬᠥᠬᠦᠷ ᠬᠥᠴᠢᠯ ᠢ ᠪᠤᠯ ᠴᠤᠬᠤᠢ ᠪᠠᠷ ᠰᠠᠭᠠᠷᠮᠠᠭᠵᠢᠭᠤᠯᠤᠨ  ᠰᠢᠢᠳᠪᠥᠷᠢᠯᠡᠵᠤ᠂  ᠶᠡᠷᠥ ᠶᠢᠨ ᠬᠤᠵᠢᠷᠯᠢᠬ ᠢᠯᠵᠡᠷᠡᠮᠡᠯ ᠡᠳ᠋ ᠢ ᠡᠲ᠋ᠠ ᠬᠥᠴᠢᠯ ᠢᠶᠠᠷ ᠰᠢᠢᠳᠪᠥᠷᠢᠯᠡᠬᠦ ᠭᠡᠷᠡᠭᠳᠡᠢ᠃  ᠰᠢᠢᠳᠪᠥᠷᠢᠯᠡᠬᠦ ᠬᠥᠮᠥᠰ ᠡᠷᠭᠡᠪᠰᠢ ᠬᠠᠮᠠᠭᠠᠯᠠᠯᠳᠠ ᠶᠢᠨ ᠬᠤᠪᠴᠠᠰᠤ ᠬᠤᠨᠠᠷ ᠪᠠ ᠲᠤᠰᠬᠠᠢ ᠪᠠᠭᠠᠵᠢ ᠭᠡᠷᠡᠭᠰᠡᠯ ᠢ  ᠭᠡᠷᠡᠭᠯᠡᠬᠦ ᠭᠡᠷᠡᠭᠳᠡᠢ᠃         ◇ᠰᠠᠴᠤᠷᠠᠭ ᠤᠨ ᠴᠢᠨᠠᠷᠳᠠᠢ ᠪᠤᠬᠢᠷᠳᠤᠯ ᠢ ᠤᠯᠵᠤ ᠮᠡᠳᠡᠪᠡᠯ᠂ ᠲᠤᠬᠠᠢ ᠶᠢᠨ ᠲᠠᠯᠠᠪᠤᠷ ᠠᠴᠠ  ᠲᠡᠷᠦ᠋ᠢᠬᠠᠨ ᠬᠤᠯᠠ ᠵᠠᠶᠢᠯᠠᠬᠤ ᠶᠢᠨ ᠲᠠᠭᠠᠤ ᠴᠠᠭᠳᠠᠭ᠎ᠠ ᠳᠤ ᠮᠡᠳᠡᠬᠦᠯᠬᠦ ᠭᠡᠷᠡᠭᠳᠡᠢ᠃
 
ᠢᠷᠡᠯᠲᠡ᠄ ᠦᠪᠦᠷ ᠮᠣᠩᠭᠤᠯ ᠤᠨ ᠵᠠᠰᠠᠭ ᠤᠨ ᠣᠷᠳᠤᠨ
 
 
ᠬᠠᠮᠢᠶ᠎ᠠ ᠪᠥᠬᠦᠢ ᠰᠤᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备14003692号