ᠮᠠᠰᠢᠨ ᠲᠡᠷᠭᠡᠨ ᠳᠤ ᠰᠠᠭᠤᠭᠰᠠᠳ ᠤᠨ ᠰᠠᠨᠠᠭᠠᠨ ᠳᠤ  ᠥᠭᠡᠢ ᠠᠳᠡᠯ ᠠᠴᠠ  ᠬᠡᠷᠬᠢᠨ  ᠵᠠᠶᠢᠯᠠᠬᠤ  ᠪᠤᠢ
ᠨᠡᠶᠢᠲᠡᠯᠡᠭᠰᠡᠨ ᠴᠠᠭ᠄
2016/5/4
    ᠮᠠᠰᠢᠨ ᠲᠡᠷᠭᠡᠨ ᠳᠤ ᠰᠠᠭᠤᠭᠰᠠᠳ ᠤᠨ ᠰᠠᠨᠠᠭᠠᠨ ᠳᠤ ᠥᠭᠡᠢ ᠡ᠊ᠨᠳᠡᠯ ᠨᠢ ᠪᠥᠭᠡᠮ ᠢᠶᠠᠷ ᠥᠬᠦᠵᠤ  ᠪᠥᠭᠡᠮ  ᠢᠶᠠᠷ ᠰᠢᠷᠬᠠᠳᠤᠬᠤ ᠬᠥᠨᠳᠤ ᠨᠤᠴᠢᠳᠠᠢ ᠥᠷ᠎ᠡ ᠳ᠋ᠦᠩ ᠢ ᠪᠤᠢ ᠪᠤᠯᠭᠠᠳᠠᠭ᠃                   ᠪᠠᠴᠢᠮ ᠪᠠᠶᠢᠳᠠᠯ ᠢ ᠠᠷᠭᠠᠴᠠᠭᠠᠬᠤ ᠭᠤᠤᠯᠳᠠᠯᠭ᠎ᠠ               ● ᠠᠶᠠᠨᠴᠢᠳ ᠮᠠᠰᠢᠨ ᠲᠡᠷᠭᠡᠨ ᠲᠤᠳᠤᠷ᠎ᠠ ᠭᠤᠮ ᠪᠤᠳᠠᠰ ᠰᠢᠳᠠᠵᠤ ᠪᠠᠶᠢᠭ᠎ᠠ ᠥᠨᠥᠷ ᠢ ᠥᠨᠥᠷᠳᠡᠬᠦ  ᠪᠤᠶᠤ ᠶᠡᠷᠥ ᠪᠤᠰᠤ ᠶᠢᠨ ᠤᠳᠤᠭ᠎ᠠ ᠭᠠᠷᠴᠤ ᠪᠠᠶᠢᠬᠤ ᠶᠢ ᠤᠯᠵᠤ ᠬᠠᠷᠠᠪᠠᠯ᠂ ᠵᠢᠯᠤᠭᠤᠴᠢ ᠳᠠᠭᠠᠨ ᠲᠡᠷᠦ᠋ᠢᠬᠠᠨ  ᠮᠡᠳᠡᠭᠳᠡᠬᠦ ᠭᠡᠷᠡᠭᠳᠡᠢ᠃ ᠵᠢᠯᠤᠭᠤᠴᠢ ᠪᠠ ᠪᠢᠯᠧᠲ ᠬᠤᠳᠠᠯᠳᠤᠭᠴᠢ ᠨᠢ ᠲᠡᠷᠭᠡ ᠪᠠᠨ ᠵᠤᠭᠰᠤᠭᠠᠵᠤ ᠪᠠᠶᠢᠴᠠᠭᠠᠨ  ᠥᠵᠡᠵᠤ᠂ ᠠᠶᠠᠨᠴᠢᠳ ᠢ ᠠᠮᠤᠷ ᠲᠥᠪᠰᠢᠨ ᠭᠠᠵᠠᠷ ᠲᠤ ᠲᠠᠷᠬᠠᠨ ᠰᠢᠯᠵᠢᠬᠦᠯᠵᠤ᠂ ᠡᠮᠬᠢ ᠲᠢᠭᠯᠢᠮ ᠲᠠᠢ  ᠵᠠᠶᠢᠯᠠᠭᠤᠯᠬᠤ ᠶᠢᠨ ᠲᠠᠭᠠᠤ ᠨᠠᠰᠤᠳᠠᠳ᠂ ᠡᠮᠡᠭᠳᠡᠶᠢᠴᠤᠳ ᠪᠤᠯᠤᠨ ᠭᠡᠥᠭᠡᠳ ᠢ ᠬᠠᠯᠠᠮᠵᠢᠯᠠᠨ ᠬᠠᠮᠠᠭᠠᠯᠠᠬᠤ  ᠬᠠᠷᠢᠭᠤᠴᠠᠯᠭ᠎ᠠ ᠲᠠᠢ᠃                 ● ᠵᠢᠯᠤᠭᠤᠴᠢ ᠪᠠ ᠪᠢᠯᠧᠲ ᠬᠤᠳᠠᠯᠳᠤᠬᠴᠢ ᠨᠢ ᠬᠤᠶᠢᠨ᠎ᠠ ᠠᠴᠠ ᠲᠡᠷᠭᠡ ᠢᠷᠡᠬᠦ ᠵᠥᠭ ᠲᠤ 50  ~ 100 ᠮᠧᠲᠷ ᠤᠨ ᠭᠠᠵᠠᠷ ᠲᠤ ᠲᠤᠰᠬᠠᠢ ᠬᠡᠷᠡᠭᠯᠡᠭᠡᠨ ᠤ ᠰᠡᠷᠡᠮᠵᠢ ᠶᠢᠨ ᠲᠡᠮᠳᠡᠭ ᠲᠠᠯᠪᠢᠬᠤ ᠭᠡᠷᠡᠭᠳᠡᠢ᠃                 ● ᠵᠢᠯᠤᠭᠤᠴᠢ ᠪᠠ ᠪᠢᠯᠧᠲ ᠬᠤᠳᠠᠯᠳᠤᠭᠴᠢ ᠠᠶᠠᠨᠴᠢᠳ ᠠᠴᠠ ᠮᠥᠡᠭᠬᠦ ᠬᠤᠷᠢᠶᠠᠬᠤ ᠥᠭᠡᠢ ᠪᠠᠷ  ᠠᠳᠠᠯᠢ ᠱᠤᠭᠤᠮ᠂ ᠠᠳᠠᠯᠢ ᠵᠥᠭ ᠤᠨ ᠲᠡᠷᠭᠡᠨ ᠳᠤ ᠰᠤᠯᠢᠵᠤ ᠰᠠᠭᠤᠯᠭᠠᠬᠤ ᠪᠤᠶᠤ ᠠᠰᠳᠠᠭᠠᠨ ᠲᠡᠷᠭᠡ  ᠲᠤᠬᠢᠷᠠᠭᠤᠯᠤᠨ ᠰᠠᠭᠤᠯᠭᠠᠨ᠎ᠠ᠃               ● ᠤᠯᠠᠨ ᠨᠡᠶᠢᠳᠡ ᠶᠢᠨ ᠮᠠᠰᠢᠨ ᠲᠡᠷᠭᠡᠨ ᠳᠤ ᠰᠠᠭᠤᠭᠠᠳ ᠭᠠᠯ ᠤᠨ ᠠᠶᠤᠯ ᠲᠤᠬᠢᠶᠠᠯᠳᠤᠪᠠᠯ᠂  ᠠᠶᠠᠨᠴᠢᠳ ᠲᠡᠷᠦ᠋ᠢᠬᠠᠨ ᠭᠠᠯ ᠭᠠᠷᠤᠭᠰᠠᠨ ᠲᠡᠷᠭᠡ ᠠᠴᠠ ᠵᠠᠶᠢᠯᠠᠵᠤ ᠲᠠᠷᠬᠠᠬᠤ ᠭᠡᠷᠡᠭᠳᠡᠢ᠂ ᠪᠥᠭᠡᠮᠨᠡᠷᠡᠯᠳᠥᠨ ᠥᠵᠡᠵᠤ  ᠰᠤᠨᠢᠷᠬᠠᠵᠤ ᠪᠤᠯᠬᠤ ᠥᠭᠡᠢ᠃                   ● ᠤᠯᠠᠨ ᠨᠡᠶᠢᠳᠡ ᠶᠢᠨ ᠮᠠᠰᠢᠨ ᠲᠡᠷᠭᠡ ᠠᠶᠠᠯᠠᠵᠤ ᠪᠠᠶᠢᠭ᠎ᠠ ᠶᠠᠪᠤᠴᠠ ᠳᠤ ᠠᠶᠠᠨᠴᠢᠳ ᠭᠡᠷᠪᠡ  ᠰᠡᠵᠢᠭᠳᠡᠢ ᠪᠤᠳᠠᠰ ᠢ ᠤᠯᠵᠤ ᠬᠠᠷᠠᠪᠠᠯ᠂ ᠲᠡᠷᠡ ᠲᠤᠤᠷ᠎ᠠ ᠪᠠᠨ ᠵᠢᠯᠤᠭᠤᠴᠢ ᠪᠠ ᠪᠢᠯᠧᠲ ᠬᠤᠳᠠᠯᠳᠤᠭᠴᠢ ᠳᠤ  ᠮᠡᠳᠡᠭᠳᠡᠬᠦ ᠶᠢᠨ ᠲᠠᠭᠠᠤ ᠠᠮᠤᠷ ᠲᠥᠪᠰᠢᠨ ᠪᠠᠶᠢᠷᠢᠨ ᠳᠤ ᠰᠢᠯᠵᠢᠬᠦ ᠭᠡᠷᠡᠭᠳᠡᠢ᠂ ᠲᠤᠷ᠎ᠠ ᠪᠠᠷ ᠢᠶᠠᠨ ᠰᠢᠢᠳᠪᠥᠷᠢᠯᠡᠵᠤ  ᠤᠭᠳᠤ ᠪᠤᠯᠬᠤ ᠥᠭᠡᠢ᠃                 ● ᠥᠬᠦᠯ ᠰᠢᠷᠬᠠᠳᠤᠯ ᠭᠠᠷᠪᠠᠯ ᠲᠡᠷᠦ᠋ᠢᠬᠠᠨ ᠲᠥᠷᠭᠡᠨ ᠠᠪᠤᠷᠠᠯᠳᠠ ᠶᠢᠨ ᠤᠳᠠᠰᠤ ᠶᠢ ᠤᠳᠠᠰᠤᠳᠠᠭᠠᠷᠠᠢ᠃                 ᠲᠤᠰᠬᠠᠢ ᠮᠡᠷᠭᠡᠵᠢᠯᠳᠡᠨ ᠤ ᠰᠠᠨᠠᠭᠤᠯᠤᠮᠵᠢ                  ◇ ᠮᠠᠰᠢᠨ ᠲᠡᠷᠭᠡᠨ ᠳᠤ ᠰᠠᠭᠤᠭᠰᠠᠳ ᠤᠨ ᠰᠠᠨᠠᠭᠠᠨ ᠳᠤ ᠥᠭᠡᠢ ᠡ᠊ᠨᠳᠡᠯ ᠡᠬᠦᠰᠪᠡᠯ᠂ ᠠᠶᠤᠨ  ᠰᠤᠴᠢᠵᠤ᠂ ᠰᠢᠬᠠᠯᠳᠤᠨ ᠴᠢᠬᠢᠯᠳᠥᠵᠤ ᠪᠤᠯᠬᠤ ᠥᠭᠡᠢ᠃ ᠲᠡᠷᠦ᠋ᠢᠬᠠᠨ ᠴᠠᠭᠳᠠᠭ᠎ᠠ ᠳᠤ ᠮᠡᠳᠡᠬᠦᠯᠬᠦ ᠶᠢᠨ ᠲᠠᠭᠠᠤ  ᠵᠢᠯᠤᠭᠤᠴᠢ ᠪᠢᠯᠧᠲ ᠬᠤᠳᠠᠯᠳᠤᠭᠴᠢ ᠶᠢᠨ ᠵᠢᠯᠤᠭᠤᠳᠤᠯᠭ᠎ᠠ ᠶᠢ ᠲᠠᠭᠠᠵᠤ᠂ ᠥᠪᠡᠷ ᠢ ᠪᠠᠨ ᠠᠪᠤᠷᠠᠬᠤ᠂ ᠬᠠᠷᠢᠯᠴᠠᠨ  ᠠᠪᠤᠷᠠᠬᠤ ᠠᠵᠢᠯᠯᠠᠭ᠎ᠠ ᠶᠢ ᠢᠳᠡᠪᠬᠢᠳᠡᠢ  ᠦᠷᠨᠢᠭᠦᠯᠦᠨ᠎ᠡ᠃                ◇ ᠠᠶᠠᠯᠠᠵᠤ ᠪᠠᠶᠢᠭ᠎ᠠ ᠮᠠᠰᠢᠨ ᠲᠡᠷᠭᠡᠨ ᠤ ᠲᠤᠳᠤᠷ᠎ᠠ ᠭᠡᠥᠭᠡᠳ ᠢ ᠬᠥᠶᠥᠵᠤ ᠲᠤᠭᠯᠠᠭᠤᠯᠬᠤ ᠪᠠ  ᠨᠠᠭᠠᠳᠤᠭᠤᠯᠵᠤ ᠪᠤᠯᠬᠤ ᠥᠭᠡᠢ᠃  
 
ᠢᠷᠡᠯᠲᠡ᠄ ᠦᠪᠦᠷ ᠮᠣᠩᠭᠤᠯ ᠤᠨ ᠵᠠᠰᠠᠭ ᠤᠨ ᠣᠷᠳᠤᠨ
 
 
ᠬᠠᠮᠢᠶ᠎ᠠ ᠪᠥᠬᠦᠢ ᠰᠤᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备14003692号