ᠬᠥᠮᠥᠨ ᠬᠠᠷ᠎ᠠ ᠲᠥᠪᠯᠡᠷᠡᠭᠰᠡᠨ ᠭᠠᠵᠠᠷ ᠲᠠᠯᠠᠪᠤᠷ ᠤᠨ  ᠭᠠᠯ  ᠤᠨ  ᠠᠶᠤᠯ  ᠠᠴᠠ  ᠰᠡᠷᠭᠡᠶᠢᠯᠡᠬᠦ  ᠨᠢ
ᠨᠡᠶᠢᠲᠡᠯᠡᠭᠰᠡᠨ ᠴᠠᠭ᠄
2016/5/4
     ᠬᠥᠮᠥᠨ ᠬᠠᠷ᠎ᠠ ᠲᠥᠪᠯᠡᠷᠡᠭᠰᠡᠨ ᠭᠠᠵᠠᠷ ᠲᠠᠯᠠᠪᠤᠷ ᠤᠨ ᠭᠠᠯ ᠤᠨ ᠠᠶᠤᠯ ᠭᠡᠳᠡᠭ ᠨᠢ ᠬᠥᠮᠥᠰ ᠤᠨ ᠠᠵᠢᠯᠯᠠᠬᠤ  ᠂  ᠠᠮᠢᠳᠤᠷᠠᠬᠤ᠂ ᠰᠤᠷᠤᠯᠴᠠᠬᠤ᠂ ᠴᠡᠩᠭᠡᠯᠳᠥᠬᠦ ᠬᠤᠳᠠᠯᠳᠤᠭ᠎ᠠ᠂ ᠵᠠᠬ᠎ᠠ ᠲᠡᠯᠭᠡᠬᠦᠷ᠂ ᠲᠠᠭᠤᠤ ᠪᠥᠵᠢᠭ ᠤᠨ ᠲᠠᠩᠬᠢᠮ  ᠂ ᠺᠢᠨᠤ᠋  ᠵᠥᠴᠥᠭᠡ ᠶᠢᠨ ᠲᠠᠯᠠᠪᠤᠷ᠂ ᠪᠡᠶ᠎ᠡ ᠶᠢᠨ ᠲᠠᠮᠢᠷ ᠤᠨ ᠤᠷᠳᠤᠨ᠂ ᠰᠡᠯᠡᠬᠦᠴᠡᠵᠤ ᠲᠤᠭᠤᠷᠢᠬᠤ ᠭᠠᠵᠠᠷ ᠲᠠᠯᠠᠪᠤᠷ  ᠵᠡᠷᠭᠡ  ᠬᠥᠮᠥᠨ ᠤᠯᠠᠨ ᠲᠥᠪᠯᠡᠷᠡᠵᠤ ᠨᠢᠭᠳᠠᠷᠠᠬᠤ ᠭᠠᠵᠠᠷ ᠲᠠᠯᠠᠪᠤᠷ ᠲᠠᠬᠢ ᠭᠠᠯ ᠤᠨ ᠠᠶᠤᠯ ᠢ ᠵᠢᠭᠠᠵᠤ ᠪᠤᠢ᠃  ᠬᠥᠮᠥᠨ ᠤᠯᠠᠨ  ᠲᠥᠪᠯᠡᠷᠡᠬᠦ ᠭᠠᠵᠠᠷ ᠲᠠᠯᠠᠪᠤᠷ ᠨᠢ ᠬᠥᠮᠥᠨ ᠬᠠᠷ᠎ᠠ᠂ ᠡᠳ᠋ ᠪᠤᠳᠠᠰ ᠨᠢᠭᠳᠠ ᠲᠥᠪᠯᠡᠷᠡᠭᠰᠡᠨ ᠪᠠ ᠭᠠᠯ   ᠤᠨ ᠠᠶᠤᠯ ᠤᠯᠠᠨᠳᠠ  ᠡᠬᠦᠰᠳᠡᠭ ᠤᠨᠴᠠᠯᠢᠬ ᠲᠠᠢ ᠪᠤᠯᠬᠤᠷ᠂ ᠬᠡᠨᠡᠳᠳᠡ ᠭᠠᠯ ᠭᠠᠷᠬᠤ ᠳᠤ ᠬᠥᠷᠪᠡᠯ ᠤᠯᠠᠨ ᠬᠥᠮᠥᠨ  ᠠᠮᠠᠷᠬᠠᠨ ᠥᠬᠦᠵᠤ  ᠰᠢᠷᠬᠠᠳᠤᠨ ᠬᠥᠨᠳᠤ ᠨᠤᠴᠢᠳᠠᠢ ᠭᠠᠯ ᠤᠨ ᠠᠶᠤᠯ ᠤᠨ ᠠᠳᠠᠯ ᠪᠤᠯᠤᠨ᠎ᠠ᠃                  ᠪᠠᠴᠢᠮ ᠪᠠᠶᠢᠳᠠᠯ ᠢ ᠠᠷᠭᠠᠴᠠᠬᠤ ᠭᠤᠤᠯᠳᠠᠯᠭ᠎ᠠ                     ● ᠭᠠᠯ ᠤᠨ ᠠᠶᠤᠯ ᠭᠠᠷᠪᠠᠯ ᠲᠠᠷᠦ᠋ᠢᠬᠠᠨ ᠬᠥᠳᠡᠯᠥᠯᠴᠡᠬᠦ ᠭᠡᠷᠡᠭᠳᠡᠢ᠂ ᠲᠤᠳᠠᠭᠠᠵᠤ ᠵᠠᠶᠢᠯᠠᠬᠤ ᠪᠤᠯ ᠴᠠᠭ   ᠮᠥᠴᠡ ᠶᠢ ᠵᠠᠪᠳᠤᠬᠤ ᠠᠵᠢᠯᠯᠠᠭ᠎ᠠ ᠮᠥᠨ᠃ ᠭᠡᠷᠪᠡ ᠷᠠᠳᠢᠤ᠋ ᠪᠠᠷ ᠨᠡᠪᠳᠡᠷᠡᠬᠦᠯᠪᠡᠯ᠂ ᠠᠭᠤᠯᠭ᠎ᠠ ᠶᠢ ᠨᠢ ᠨᠠᠷᠢᠨ  ᠲᠤᠳᠤᠷᠬᠠᠢ  ᠰᠤᠨᠤᠰᠴᠤ᠂ ᠷᠠᠳᠢᠤ᠋ ᠪᠠᠷ ᠵᠢᠯᠤᠭᠤᠳᠤᠭᠰᠠᠨ ᠲᠤᠳᠠᠭᠠᠵᠤ ᠵᠠᠶᠢᠯᠠᠬᠤ ᠵᠠᠮ ᠱᠤᠭᠤᠮ ᠪᠠ ᠠᠩᠬᠠᠷᠬᠤ  ᠵᠥᠢᠯ ᠢ ᠶᠤᠰᠤᠴᠢᠯᠠᠨ  ᠲᠠᠭᠠᠬᠤ ᠭᠡᠷᠡᠭᠳᠡᠢ᠃ ᠭᠡᠷᠪᠡ ᠷᠡᠳᠢᠤ᠋ ᠨᠡᠪᠳᠡᠷᠡᠬᠦᠯᠭᠡ ᠥᠭᠡᠢ ᠪᠤᠶᠤ ᠬᠥᠮᠥᠨ ᠵᠢᠯᠤᠭᠤᠳᠤᠨ  ᠲᠤᠳᠠᠭᠠᠵᠤ ᠵᠠᠶᠢᠯᠠᠬᠤ ᠥᠶᠡᠰ᠂ ᠤᠢᠢᠷ᠎ᠠ ᠲᠥᠳᠡ ᠪᠥᠭᠡᠳ ᠰᠢᠭᠤᠳ ᠠᠰᠠᠷ ᠤᠨ ᠭᠠᠳᠠᠨ᠎ᠠ ᠨᠡᠪᠳᠡᠷᠡᠬᠦ ᠠᠶᠤᠯᠬᠦᠢ  ᠵᠠᠮ ᠱᠤᠭᠤᠮ ᠢᠶᠠᠷ ᠲᠠᠷᠬᠠᠭᠠᠵᠤ   ᠵᠠᠶᠢᠯᠠᠭᠤᠯᠤᠨ᠎ᠠ᠃                 ● ᠭᠡᠷᠪᠡ ᠭᠤᠯᠳᠤᠩ ᠪᠤᠶᠤ ᠠᠰᠠᠷ ᠤᠨ ᠱᠠᠳᠤ ᠪᠠᠷ ᠤᠳᠤᠭ᠎ᠠ ᠤᠨᠢᠶᠠᠷ ᠲᠤᠨᠤᠵᠤ ᠪᠠᠶᠢᠪᠠᠯ᠂ ᠬᠠᠮᠤᠭ ᠤᠨ   ᠰᠠᠶᠢᠨ ᠨᠢ ᠬᠤᠪᠴᠠᠰᠤ ᠬᠤᠨᠠᠷ ᠪᠠ ᠠᠯᠴᠢᠭᠤᠷ ᠢ ᠤᠰᠤᠨ ᠳᠤ ᠲᠡᠪᠳᠥᠭᠡᠨ ᠠᠮᠠ ᠬᠠᠮᠠᠷ ᠢᠶᠠᠨ ᠪᠥᠭᠯᠡᠵᠤ᠂ ᠪᠡᠶ᠎ᠡ   ᠪᠠᠨ  ᠪᠥᠬᠦ᠋ᠢᠵᠤ᠂ ᠠᠶᠤᠯᠬᠦᠢ ᠵᠠᠮ ᠱᠤᠭᠤᠮ ᠢ ᠡᠷᠢᠵᠤ ᠤᠯᠵᠤ ᠵᠠᠶᠢᠯᠠᠬᠤ   ᠶᠢ ᠪᠤᠳᠤᠯᠬᠢᠯᠠᠨ᠎ᠠ  ᠃                   ● ᠠᠰᠠᠷ ᠤᠨ ᠱᠠᠳᠤ ᠶᠢᠨ ᠠᠮᠠ ᠪᠤᠶᠤ ᠨᠥᠭᠡᠨ ᠵᠠᠮ ᠨᠢ ᠭᠠᠯ ᠤᠳᠤᠭᠠᠨ ᠳᠤ ᠠᠪᠳᠠᠭᠰᠠᠨ ᠥᠶᠡᠰ᠂  ᠭᠡᠷᠪᠡ  ᠡᠷᠭᠡᠪᠰᠢ ᠥᠡᠭᠭᠡᠷᠡᠬᠦ ᠭᠠᠯ ᠤᠳᠤᠭᠠᠨ ᠤ ᠵᠠᠢ ᠨᠢ ᠤᠬᠤᠷ᠂ ᠭᠠᠯ ᠤᠨ ᠢᠳᠡ ᠨᠢ ᠰᠤᠯᠠ ᠪᠠᠶᠢᠪᠠᠯ᠂  ᠨᠦᠢᠳᠠᠨ  ᠬᠤᠪᠴᠠᠰᠤ ᠬᠤᠨᠠᠷ ᠢᠶᠠᠷ ᠠᠮᠠ ᠬᠠᠮᠠᠷ ᠢᠶᠠᠨ ᠲᠠᠷᠤᠵᠤ ᠡᠷᠡᠰ ᠰᠢᠭᠤᠷᠬᠠᠢ ᠰᠢᠪᠳᠤᠯᠤᠨ ᠭᠠᠷᠬᠤ ᠭᠡᠷᠡᠭᠳᠡᠢ  ᠃ ᠪᠠᠰᠠᠴᠤ  ᠠᠰᠠᠷ ᠲᠤᠳᠤᠷᠠᠬᠢ ᠭᠠᠯ ᠤᠨᠳᠠᠷᠠᠭᠠᠬᠤ ᠪᠠᠭᠠᠵᠢ ᠶᠢ ᠠᠰᠢᠭᠯᠠᠨ ᠤᠰᠤ ᠰᠥᠷᠴᠢᠵᠤ ᠪᠠᠶᠢᠭᠠᠳ ᠬᠥᠮᠥᠰ   ᠢ ᠲᠥᠷᠭᠡᠨ  ᠵᠠᠶᠢᠯᠠᠭᠤᠯᠤᠨ᠎ᠠ  ᠃                 ● ᠭᠠᠯ ᠭᠠᠷᠤᠭᠰᠠᠨ ᠠᠰᠠᠷ ᠤᠨ ᠲᠠᠪᠬᠤᠷᠭ᠎ᠠ ᠶᠢᠨ ᠲᠡᠭᠡᠷᠡᠬᠢ ᠲᠡᠪᠬᠤᠷᠭ᠎ᠠ ᠨᠤᠭᠤᠳ ᠪᠠ ᠲᠤᠤᠷᠠᠬᠢ   ᠲᠠᠪᠬᠤᠷᠭ᠎ᠠ ᠨᠤᠭᠤᠳ ᠤᠨ ᠬᠢᠨ ᠢ ᠴᠥᠮ ᠨᠢᠭᠡᠯᠡ ᠵᠠᠮ ᠱᠤᠭᠤᠮ ᠢᠶᠠᠷ ᠵᠠᠶᠢᠯᠠᠭᠤᠯᠬᠤ ᠴᠢᠬᠤᠯᠠ ᠲᠠᠢ ᠥᠶᠡᠰ᠂   ᠤᠷᠢᠳᠠᠪᠡᠷ ᠭᠠᠯ ᠭᠠᠷᠤᠭᠰᠠᠨ ᠲᠠᠪᠬᠤᠷᠭ᠎ᠠ ᠶᠢᠨ ᠬᠥᠮᠥᠰ ᠢ ᠵᠠᠶᠢᠯᠠᠭᠤᠯᠵᠤ᠂ ᠲᠠᠷᠠᠭ᠎ᠠ ᠪᠠᠷ ᠨᠢ ᠭᠠᠯ ᠭᠠᠷᠤᠭᠰᠠᠨ   ᠲᠠᠪᠬᠤᠷᠭ᠎ᠠ ᠠᠴᠠ ᠲᠡᠭᠡᠷᠡᠬᠢ ᠲᠠᠪᠬᠤᠷᠭ᠎ᠠ ᠨᠤᠭᠤᠳ ᠤᠨ ᠬᠥᠮᠥᠰ ᠢ ᠵᠠᠶᠢᠯᠠᠭᠤᠯᠵᠤ᠂ ᠲᠠᠬᠢᠭᠠᠳ ᠭᠠᠯ ᠭᠠᠷᠤᠭᠰᠠᠨ   ᠲᠠᠪᠬᠤᠷᠭ᠎ᠠ ᠶᠢᠨ ᠲᠤᠤᠷᠠᠬᠢ ᠲᠠᠪᠬᠤᠷᠭ᠎ᠠ ᠨᠤᠭᠤᠳ ᠤᠨ ᠬᠥᠮᠥᠰ ᠢ ᠵᠠᠶᠢᠯᠠᠭᠤᠯᠬᠤ ᠭᠡᠷᠡᠭᠳᠡᠢ᠃ ᠢᠡᠭᠬᠢᠵᠤ  ᠵᠠᠶᠢᠯᠠᠭᠤᠯᠬᠤ   ᠶᠢᠨ ᠤᠴᠢᠷ ᠨᠢ ᠭᠡᠪᠡᠯ᠂ ᠭᠠᠯ ᠤᠨ ᠰᠤᠷ ᠲᠡᠭᠡᠭᠰᠢ ᠮᠠᠨᠳᠤᠬᠤ ᠨᠢ ᠮᠠᠰᠢ ᠲᠥᠷᠭᠡᠨ ᠪᠠᠶᠢᠳᠠᠭ  ᠪᠤᠯᠬᠤᠷ ᠲᠡᠭᠡᠷᠡᠬᠢ ᠭᠡᠰᠡᠭ   ᠨᠢ ᠡᠩ ᠲᠡᠷᠢᠬᠦᠨ ᠳᠤ ᠭᠠᠯ ᠤᠨ ᠬᠥᠴᠥᠨ ᠳᠤ ᠰᠥᠷᠳᠡᠬᠦᠯᠥᠭᠳᠡᠳᠡᠭ ᠠᠴᠠ ᠪᠤᠯᠤᠭᠰᠠᠨ  ᠶᠤᠮ᠃                 ● ᠶᠡᠷᠥ ᠶᠢᠨ ᠠᠶᠤᠯᠬᠦᠢ ᠪᠠᠷ ᠵᠠᠶᠢᠯᠠᠭᠤᠯᠬᠤ ᠵᠠᠮ ᠱᠤᠭᠤᠮ ᠨᠢ ᠨᠢᠭᠡᠨᠳᠡ ᠭᠠᠯ ᠳᠤ ᠪᠥᠰᠡᠯᠡᠭᠳᠡᠭᠰᠡᠨ ᠢ   ᠪᠠᠳᠤᠳᠠᠢ ᠤᠯᠵᠤ ᠮᠡᠳᠡᠭᠰᠡᠨ ᠥᠶᠡᠰ᠂ ᠠᠰᠠᠷ ᠤᠨ ᠲᠤᠳᠤᠷᠠᠬᠢ ᠡᠯ᠎ᠡ ᠵᠥᠢᠯ ᠤᠨ ᠲᠤᠰᠠᠯᠠᠮᠵᠢ ᠪᠡᠯᠡᠳᠭᠡᠮᠵᠢ  ᠲᠤᠬᠠᠢᠢᠯᠠᠪᠠᠯ  ᠤᠳᠤᠭ᠎ᠠ ᠰᠡᠷᠭᠡᠶᠢᠯᠡᠬᠦ ᠱᠠᠳᠤ᠂ ᠪᠠᠴᠢᠮ ᠵᠠᠶᠢᠯᠠᠭᠤᠯᠬᠤ ᠵᠠᠮ ᠱᠤᠭᠤᠮ᠂ ᠪᠠᠴᠢᠮ ᠴᠠᠬᠢᠯᠭᠠᠨ ᠱᠠᠳᠤ᠂  ᠭᠡᠷ ᠤᠨ ᠭᠠᠳᠠᠨᠠᠬᠢ  ᠱᠠᠳᠤ ᠵᠢᠴᠢ ᠭᠠᠯ ᠤᠨᠳᠠᠷᠠᠭᠠᠬᠤ ᠱᠠᠳᠤ ᠵᠡᠷᠭᠡ ᠪᠡᠯᠡᠳᠭᠡᠮᠵᠢ ᠨᠦᠭᠦᠳ ᠢ ᠠᠰᠢᠭᠯᠠᠨ᠂  ᠲᠥᠷᠭᠡᠨ ᠵᠠᠶᠢᠯᠠᠭᠤᠯᠬᠤ ᠭᠡᠷᠡᠭᠳᠡᠢ᠃                     ● ᠨᠢᠭᠡᠨᠳᠡ ᠵᠠᠶᠢᠯᠠᠵᠤ ᠵᠠᠪᠳᠤᠬᠤ ᠥᠭᠡᠢ ᠪᠤᠯᠤᠭᠰᠠᠨ ᠥᠶᠡᠰ᠂ ᠠᠶᠤᠯ ᠠᠴᠠ ᠲᠠᠯᠳᠠᠯᠠᠬᠤ ᠭᠠᠵᠠᠷ  ᠲᠠᠯᠠᠪᠤᠷ  ᠡᠷᠢᠵᠤ᠂ ᠭᠠᠯ ᠤᠨᠳᠠᠷᠠᠭᠠᠬᠤ ᠠᠩᠬᠢ ᠶᠢᠨ ᠬᠢᠨ ᠢᠷᠡᠵᠤ ᠠᠪᠤᠷᠠᠨ ᠲᠤᠰᠠᠯᠠᠬᠤ ᠶᠢ ᠬᠥᠯᠢᠶᠡᠬᠦ ᠭᠡᠷᠡᠭᠳᠡᠢ᠃         ● ᠲᠤᠳᠠᠭᠠᠵᠤ ᠵᠠᠶᠢᠯᠠᠬᠤ ᠥᠶ᠎ᠡ ᠳᠡᠭᠡᠨ ᠲᠤᠷ᠎ᠠ ᠪᠠᠷ ᠢᠶᠠᠨ ᠬᠥᠶᠥᠵᠤ ᠲᠤᠳᠠᠭᠠᠬᠤ ᠪᠠ ᠤᠷᠢᠯᠠᠵᠤ   ᠬᠠᠰᠬᠢᠷᠤᠯᠳᠤᠵᠤ ᠪᠤᠯᠬᠤ ᠥᠭᠡᠢ᠃ ᠢᠡᠭᠬᠢᠬᠦ ᠳᠤ ᠬᠥᠷᠪᠡᠯ ᠬᠥᠴᠤ ᠴᠢᠳᠠᠯ ᠢᠶᠠᠨ ᠶᠡᠭᠡᠪᠡᠷ ᠪᠠᠷᠠᠵᠤ᠂ ᠨᠡᠩ ᠶᠡᠭᠡ   ᠤᠳᠤᠭ᠎ᠠ ᠤᠨᠢᠶᠠᠷ ᠰᠤᠷᠤᠵᠤ ᠠᠪᠬᠤ ᠮᠥᠷᠳᠡᠭᠡᠨ ᠪᠠᠰᠠ ᠭᠡᠪ ᠤᠨ ᠶᠤᠰᠤᠭᠠᠷ ᠵᠠᠶᠢᠯᠠᠬᠤ ᠶᠢ ᠬᠠᠷᠰᠢᠯᠠᠬᠤ ᠪᠥᠭᠡᠳ  ᠡᠮᠬᠢ  ᠵᠠᠮᠪᠠᠷᠠᠭ᠎ᠠ ᠥᠭᠡᠢ ᠪᠤᠯᠭᠠᠨ᠎ᠠ᠃ ᠢᠯᠠᠩᠭᠤᠶ᠎ᠠ ᠡᠮᠥᠨᠡᠬᠢ ᠨᠢ ᠤᠷᠢᠯᠠᠯᠳᠤᠨ ᠬᠤᠶᠢᠨᠠᠬᠢ ᠨᠢ ᠰᠢᠬᠠᠯᠴᠠᠵᠤ ᠡᠮᠬᠢ  ᠵᠠᠮᠪᠠᠷᠠᠭ᠎ᠠ  ᠥᠭᠡᠢ ᠪᠤᠯᠤᠭᠰᠠᠨ ᠥᠶ᠎ᠡ ᠳᠤ ᠶᠠᠭᠠᠬᠢᠭᠰᠠᠨ ᠴᠤ ᠬᠥᠡᠭᠭᠡᠨ ᠬᠠᠭᠤᠳᠠᠮ ᠤᠷᠤᠯᠴᠠᠵᠤ ᠪᠤᠯᠬᠤ ᠥᠭᠡᠢ᠃  ᠡᠨᠡ ᠪᠤᠯ  ᠲᠤᠳᠠᠭᠠᠨ ᠵᠠᠶᠢᠯᠠᠬᠤ ᠶᠠᠪᠤᠴᠠ ᠳᠠᠬᠢ ᠲᠤᠮᠤ ᠴᠡᠭᠡᠷ ᠪᠤᠯᠤᠨ᠎ᠠ᠂ ᠮᠥᠨᠴᠤ ᠥᠬᠦᠯ ᠰᠢᠷᠬᠠᠳᠤᠯ ᠢ ᠶᠡᠭᠡᠳᠬᠦ   ᠶᠢᠨ ᠴᠢᠬᠤᠯᠠ  ᠰᠢᠯᠳᠠᠭᠠᠨ ᠪᠤᠯᠤᠨ᠎ᠠ᠃                   ᠲᠤᠰᠬᠠᠢ ᠮᠡᠷᠭᠡᠵᠢᠯᠳᠡᠨ ᠤ ᠰᠠᠨᠠᠭᠤᠯᠤᠮᠵᠢ                ◇ ᠬᠥᠮᠥᠨ ᠤᠯᠠᠨ ᠨᠢᠭᠳᠠᠷᠠᠵᠤ ᠲᠥᠪᠯᠡᠷᠡᠭᠰᠡᠨ ᠭᠠᠵᠠᠷ ᠲᠠᠯᠠᠪᠤᠷ ᠤᠨ ᠭᠠᠯ ᠤᠨ ᠠᠶᠤᠯ ᠠᠴᠠ ᠲᠤᠳᠠᠭᠠᠵᠤ   ᠵᠠᠶᠢᠯᠠᠬᠤ ᠶᠢᠨ ᠥᠨᠳᠥᠰᠥᠨ ᠱᠠᠭᠠᠷᠳᠠᠯᠭ᠎ᠠ ᠪᠤᠯ ᠯᠠᠪᠳᠠᠭᠤᠨ ᠲᠤᠭᠳᠠᠭᠤᠨ ᠪᠠᠶᠢᠬᠤ ᠭᠡᠷᠡᠭᠳᠡᠢ᠂ ᠡᠯ᠎ᠡ ᠵᠥᠢᠯ ᠤᠨ  ᠭᠠᠯ  ᠤᠨᠳᠠᠷᠠᠭᠠᠬᠤ ᠪᠡᠯᠡᠳᠭᠡᠮᠵᠢ ᠶᠢ ᠬᠥᠢᠴᠡᠳ ᠠᠰᠢᠭᠯᠠᠵᠤ᠂ ᠲᠤᠳᠠᠭᠠᠵᠤ ᠵᠠᠶᠢᠯᠠᠬᠤ ᠵᠥᠪ ᠵᠠᠮ ᠢ ᠪᠠᠷᠢᠮᠳᠠᠯᠠᠵᠤ᠂  ᠪᠡᠶ᠎ᠡ  ᠮᠤᠯᠳᠤᠷᠠᠬᠤ ᠪᠠ ᠠᠶᠤᠯ ᠠᠴᠠ ᠵᠠᠶᠢᠯᠠᠬᠤ ᠪᠥᠳᠥᠮᠵᠢᠳᠡᠢ ᠠᠷᠭ᠎ᠠ ᠶᠢ ᠠᠪᠬᠤ ᠭᠡᠷᠡᠭᠳᠡᠢ᠃ ᠪᠤᠳᠠᠳᠠᠢ ᠭᠠᠯ  ᠤᠨ  ᠠᠶᠤᠯ  ᠲᠤᠮᠳᠠ᠂ ᠪᠡᠶ᠎ᠡ ᠮᠤᠯᠳᠤᠷᠠᠬᠤ ᠠᠷᠭ᠎ᠠ ᠭᠡᠮᠵᠢᠶ᠎ᠡ ᠶᠢ ᠲᠤᠬᠢᠷᠠᠮᠵᠢᠳᠠᠢ ᠡᠵᠡᠮᠰᠢᠳᠡᠭ ᠯᠠ ᠶᠤᠮ ᠪᠤᠯ ᠯᠠᠪᠳᠠᠢ  ᠰᠠᠭᠠᠳ ᠥᠭᠡᠢ  ᠵᠠᠶᠢᠯᠠᠵᠤ ᠲᠡᠶᠢᠯᠥᠨ᠎ᠡ᠃                ◇ ᠥᠪᠡᠷ ᠢ ᠢᠶᠠᠨ ᠠᠪᠤᠷᠠᠬᠤ ᠵᠤᠬᠢᠬᠤ ᠮᠡᠳᠡᠯᠭᠡ ᠶᠢ ᠡᠵᠡᠮᠰᠢᠬᠦ ᠭᠡᠷᠡᠭᠳᠡᠢ᠃ ᠪᠠᠶᠢᠭᠤᠯᠤᠯᠭ᠎ᠠ ᠨᠢᠭᠡᠴᠡ ᠶᠢᠨ   ᠵᠤᠬᠢᠶᠠᠨ ᠪᠠᠶᠢᠭᠤᠯᠤᠭᠰᠠᠨ ᠭᠠᠯ ᠤᠨᠳᠠᠷᠠᠭᠠᠬᠤ ᠥᠵᠡᠬᠦᠯᠥᠯᠭᠡ᠂ ᠲᠤᠳᠠᠭᠠᠵᠤ ᠵᠠᠶᠢᠯᠠᠬᠤ ᠰᠤᠷᠢᠯᠳᠠ᠂ ᠭᠠᠯ  ᠤᠨᠳᠠᠷᠠᠭᠠᠬᠤ  ᠮᠡᠳᠡᠯᠭᠡ ᠶᠢᠨ ᠪᠤᠯᠪᠠᠰᠤᠷᠠᠭᠤᠯᠤᠯ ᠳᠤ ᠡᠷᠭᠡᠪᠰᠢ ᠢᠳᠡᠪᠬᠢᠳᠡᠢ ᠤᠷᠤᠯᠴᠠᠬᠤ ᠮᠥᠷᠳᠡᠭᠡᠨ ᠶᠡᠷᠥ ᠶᠢᠨ  ᠴᠠᠭ ᠲᠠᠭᠠᠨ ᠴᠤ ᠡᠨᠡ  ᠲᠤᠬᠠᠢ ᠮᠡᠳᠡᠯᠭᠡ ᠨᠦᠭᠦᠳ ᠢ ᠢᠯᠡᠬᠦᠭᠡᠨ ᠰᠤᠷᠴᠤ ᠡᠵᠡᠮᠰᠢᠬᠦ ᠭᠡᠷᠡᠭᠳᠡᠢ᠃            ◇ ᠬᠥᠮᠥᠰ ᠤᠯᠠᠨ ᠨᠢᠬᠳᠠ ᠲᠥᠪᠯᠡᠷᠡᠬᠦ ᠭᠠᠵᠠᠷ ᠲᠠᠯᠠᠪᠤᠷ ᠲᠤ ᠤᠷᠤᠬᠤ ᠳᠠᠭᠠᠨ ᠲᠡᠬᠦᠨ ᠤ ᠲᠤᠳᠤᠭᠠᠳᠤ   ᠪᠠᠶᠢᠷᠢᠰᠢᠯ ᠢ ᠵᠤᠷᠢᠯᠬ᠎ᠠ ᠲᠠᠢ ᠪᠠᠷ ᠤᠢᠢᠯᠠᠭᠠᠵᠤ᠂ ᠭᠠᠵᠠᠷ ᠲᠠᠯᠠᠪᠤᠷ ᠲᠠᠬᠢ ᠰᠠᠭᠠᠳ ᠥᠭᠡᠢ ᠨᠡᠪᠳᠡᠷᠡᠬᠦ ᠵᠠᠮ ᠱᠤᠭᠤᠮ   ᠤᠨ  ᠴᠢᠭᠯᠡᠯ ᠢ ᠮᠡᠳᠡᠨ ᠠᠪᠴᠤ᠂ ᠲᠤᠳᠤᠷ᠎ᠠ ᠪᠠᠨ ᠲᠤᠭ᠎ᠠ ᠲᠠᠢ ᠪᠠᠶᠢᠬᠤ ᠭᠡᠷᠡᠭᠳᠡᠢ᠃  
 
ᠢᠷᠡᠯᠲᠡ᠄ ᠦᠪᠦᠷ ᠮᠣᠩᠭᠤᠯ ᠤᠨ ᠵᠠᠰᠠᠭ ᠤᠨ ᠣᠷᠳᠤᠨ
 
 
ᠬᠠᠮᠢᠶ᠎ᠠ ᠪᠥᠬᠦᠢ ᠰᠤᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备14003692号