ᠮᠠᠰᠢᠨᠳᠤ ᠪᠤᠰᠤ ᠲᠡᠷᠭᠡᠨ ᠤ ᠵᠠᠮ ᠬᠠᠷᠢᠯᠴᠠᠭᠠᠨ ᠤ ᠡ᠊ᠨᠳᠡᠯ  ᠤᠨ ᠲᠤᠬᠠᠢ ᠮᠡᠳᠡᠯᠭᠡ
ᠨᠡᠶᠢᠲᠡᠯᠡᠭᠰᠡᠨ ᠴᠠᠭ᠄
2016/5/4
    ᠮᠠᠰᠢᠨᠳᠤ ᠪᠤᠰᠤ ᠲᠡᠷᠭᠡ ᠵᠢᠯᠤᠭᠤᠳᠴᠤ ᠠᠶᠠᠯᠠᠬᠤ ᠳᠠᠭᠠᠨ ᠮᠠᠰᠢᠨᠳᠤ ᠪᠤᠰᠤ ᠲᠡᠷᠭᠡᠨ ᠤ ᠵᠠᠮ ᠢᠶᠠᠷ  ᠶᠠᠪᠤᠨ᠎ᠠ᠂  ᠮᠠᠰᠢᠨᠳᠤ ᠪᠤᠰᠤ ᠲᠡᠷᠭᠡᠨ ᠤ ᠵᠠᠮ ᠱᠤᠭᠤᠮ ᠥᠭᠡᠢ ᠵᠠᠮ ᠲᠡᠭᠡᠷ᠎ᠡ ᠪᠤᠯ ᠵᠠᠮ ᠤᠨ ᠪᠠᠷᠠᠭᠤᠨ ᠲᠠᠯ᠎ᠠ ᠶᠢ  ᠪᠠᠷᠢᠵᠤ ᠠᠶᠠᠯᠠᠨ᠎ᠠ᠃ ᠮᠠᠰᠢᠨᠳᠤ ᠪᠤᠰᠤ ᠲᠡᠷᠭᠡ ᠨᠢ ᠲᠥᠷᠭᠡᠨ ᠬᠤᠷᠳᠤᠴᠠᠳᠤ ᠵᠠᠮ ᠢᠶᠠᠷ ᠠᠶᠠᠯᠠᠵᠤ ᠪᠤᠯᠬᠤ ᠥᠭᠡᠢ᠃                    ᠪᠠᠴᠢᠮ ᠪᠠᠶᠢᠳᠠᠯ ᠢ ᠠᠷᠭᠠᠴᠠᠬᠤ ᠭᠤᠤᠯᠳᠠᠯᠭ᠎ᠠ              ● ᠮᠠᠰᠢᠨᠳᠤ ᠪᠤᠰᠤ ᠲᠡᠷᠭᠡ ᠨᠢ ᠮᠠᠰᠢᠨᠳᠤ ᠲᠡᠷᠭᠡ ᠯᠦᠭᠡ ᠡ᠊ᠨᠳᠡᠯ ᠡᠬᠦᠰᠥᠭᠰᠡᠨ ᠪᠤᠯ ᠮᠠᠰᠢᠨᠳᠤ ᠪᠤᠰᠤ  ᠲᠡᠷᠭᠡᠨ ᠤ  ᠵᠢᠯᠤᠭᠤᠴᠢ ᠨᠢ ᠭᠡᠷᠡᠭ ᠭᠠᠷᠭᠠᠭᠰᠠᠨ ᠲᠡᠷᠭᠡᠨ ᠤ ᠲᠡᠷᠭᠡᠨ ᠨᠤᠮᠧᠷ ᠢ ᠴᠡᠬᠡᠵᠢᠯᠡᠨ ᠠᠪᠴᠤ᠂ ᠲᠤᠬᠠᠢ   ᠶᠢᠨ ᠲᠠᠯᠠᠪᠠᠢ ᠶᠢ  ᠰᠠᠶᠢᠳᠤᠷ ᠬᠠᠮᠠᠭᠠᠯᠠᠵᠤ᠂ ᠲᠡᠷᠦ᠋ᠢᠬᠠᠨ ᠴᠠᠭᠳᠠᠭ᠎ᠠ ᠳᠤ ᠮᠡᠳᠡᠬᠦᠯᠬᠦ ᠭᠡᠷᠡᠭᠳᠡᠢ᠃ ᠭᠡᠷᠪᠡ  ᠨᠡᠯᠢᠶᠡᠳ ᠬᠥᠨᠳᠤ ᠰᠢᠷᠬᠠᠳᠤᠭᠰᠠᠨ  ᠪᠤᠯ ᠪᠤᠰᠤᠳ ᠢ ᠭᠤᠶᠤᠨ ᠲᠤᠬᠠᠢ ᠶᠢᠨ ᠲᠠᠯᠠᠪᠠᠢ ᠶᠢ ᠬᠠᠷᠠᠭᠤᠯᠵᠤ  ᠲᠡᠷᠦ᠋ᠢᠬᠠᠨ ᠡᠮᠨᠡᠯᠭᠡ  ᠳᠤ ᠬᠥᠷᠴᠤ  ᠡᠮᠨᠡᠭᠦᠯᠦᠨ᠎ᠡ᠃                  ● ᠮᠠᠰᠢᠨᠳᠤ ᠪᠤᠰᠤ ᠲᠡᠷᠭᠡ ᠬᠤᠭᠤᠷᠤᠨᠳᠤ ᠪᠠᠨ ᠡ᠊ᠨᠳᠡᠯ ᠭᠠᠷᠤᠭᠰᠠᠨ ᠤ ᠰᠡᠬᠦᠯᠡᠷ᠂ ᠥᠪᠡᠷᠰᠡᠳ   ᠢᠶᠠᠨ ᠵᠥᠪᠯᠡᠨ  ᠰᠢᠢᠳᠪᠥᠷᠢᠯᠡᠵᠤ ᠲᠡᠶᠢᠯᠬᠦ ᠥᠭᠡᠢ ᠪᠠᠶᠢᠳᠠᠯ ᠤᠨ ᠲᠤᠤᠷ᠎ᠠ᠂ ᠱᠠᠯᠠᠪᠬᠠᠨ ᠴᠠᠭᠳᠠᠭ᠎ᠠ ᠳᠤ ᠮᠡᠳᠡᠬᠦᠯᠬᠦ   ᠶᠢᠨ ᠬᠠᠮᠳᠤ ᠡ᠊ᠨᠳᠡᠯ  ᠭᠠᠷᠤᠭᠰᠠᠨ ᠲᠤᠬᠠᠢ ᠶᠢᠨ ᠲᠠᠯᠠᠪᠠᠢ ᠶᠢ ᠰᠠᠶᠢᠳᠤᠷ ᠬᠠᠮᠠᠭᠠᠯᠠᠬᠤ ᠭᠡᠷᠡᠭᠳᠡᠢ᠃ ᠭᠡᠷᠪᠡ ᠲᠤᠬᠠᠢ   ᠶᠢᠨ ᠬᠥᠮᠥᠨ ᠨᠢ ᠬᠥᠨᠳᠤ  ᠰᠢᠷᠬᠠᠳᠤᠭᠰᠠᠨ ᠪᠤᠯ ᠲᠤᠬᠠᠢ ᠶᠢᠨ ᠲᠠᠯᠠᠪᠠᠢ ᠶᠢᠨ ᠬᠥᠮᠥᠰ ᠢ ᠭᠤᠶᠤᠨ  ᠬᠠᠪᠰᠤᠷᠠᠭᠤᠯᠬᠤ  ᠶᠢᠨ ᠬᠠᠮᠳᠤ ᠲᠡᠷᠦ᠋ᠢᠬᠠᠨ  122 ᠳᠤ ᠤᠳᠠᠰᠤᠳᠠᠨ ᠴᠠᠭᠳᠠᠭ᠎ᠠ ᠳᠤ ᠮᠡᠳᠡᠬᠦᠯᠬᠦ ᠶᠢᠨ ᠲᠠᠭᠠᠤ  120 ᠳᠤ ᠤᠳᠠᠰᠤᠳᠠᠨ ᠲᠤᠰᠠᠯᠠᠭᠤᠯᠬᠤ ᠭᠡᠷᠡᠭᠳᠡᠢ᠃                  ● ᠮᠠᠰᠢᠨᠳᠤ ᠪᠤᠰᠤ ᠲᠡᠷᠭᠡ ᠨᠢ ᠶᠠᠪᠠᠭᠠᠨ ᠬᠥᠮᠥᠨ ᠯᠦᠭᠡ ᠡ᠊ᠨᠳᠡᠯ ᠭᠠᠷᠤᠭᠰᠠᠨ ᠪᠤᠯ ᠰᠢᠷᠬᠠᠳᠠᠨ ᠤ  ᠰᠢᠷᠬ᠎ᠠ   ᠶᠢᠨ ᠪᠠᠶᠢᠳᠠᠯ ᠢ ᠲᠡᠷᠦ᠋ᠢᠬᠠᠨ ᠤᠢᠢᠯᠠᠭᠠᠵᠤ᠂ ᠲᠤᠬᠠᠢ ᠶᠢᠨ ᠲᠠᠯᠠᠪᠠᠢ ᠶᠢ ᠰᠠᠶᠢᠳᠤᠷ ᠬᠠᠮᠠᠭᠠᠯᠠᠬᠤ ᠶᠢᠨ  ᠲᠠᠭᠠᠤ ᠴᠠᠭᠳᠠᠭ᠎ᠠ   ᠳᠤ ᠮᠡᠳᠡᠬᠦᠯᠬᠦ ᠭᠡᠷᠡᠭᠳᠡᠢ᠃ ᠭᠡᠷᠪᠡ ᠰᠢᠷᠬᠠᠳᠠᠨ ᠤ ᠰᠢᠷᠬ᠎ᠠ ᠨᠢ ᠬᠥᠨᠳᠤ ᠪᠠᠶᠢᠪᠠᠯ᠂ ᠱᠠᠯᠠᠪᠬᠠᠨ  ᠡᠮᠨᠡᠯᠭᠡ  ᠳᠤ ᠬᠥᠷᠭᠡᠨ  ᠠᠪᠤᠷᠠᠨ ᠲᠤᠰᠠᠯᠠᠭᠤᠯᠤᠨ᠎ᠠ᠃                  ᠲᠤᠰᠬᠠᠢ ᠮᠡᠷᠭᠡᠵᠢᠯᠳᠡᠨ ᠤ ᠰᠠᠨᠠᠭᠤᠯᠤᠮᠵᠢ                   ◇ ᠲᠤᠭᠤᠢ ᠲᠡᠷᠭᠡ ᠤᠨᠤᠵᠤ ᠶᠠᠪᠤᠬᠤ ᠳᠠᠭᠠᠨ ᠤᠭᠵᠢᠮ ᠮᠤᠷᠦ᠋ᠢᠬᠤ ᠪᠠ ᠵᠠᠮ ᠪᠤᠯᠢᠶᠠᠯᠳᠤᠵᠤ ᠪᠤᠯᠬᠤ  ᠥᠭᠡᠢ᠃  ᠮᠠᠰᠢᠨᠳᠤ ᠲᠡᠷᠭᠡᠨ ᠤ ᠵᠠᠮ ᠢᠶᠠᠷ ᠶᠠᠪᠤᠵᠤ ᠪᠤᠯᠬᠤ ᠥᠭᠡᠢ ᠪᠥᠭᠡᠳ ᠨᠠᠭᠠᠳᠤᠮ ᠲᠤᠭᠯᠠᠭᠠᠮ ᠬᠢᠵᠤ  ᠪᠤᠯᠬᠤ ᠥᠭᠡᠢ᠃                 ◇ ᠵᠠᠮ ᠬᠠᠷᠢᠯᠴᠠᠭᠠᠨ ᠤ ᠲᠤᠬᠢᠶᠠᠨ ᠳ᠋ᠧᠩ ᠤᠨ ᠵᠢᠯᠤᠭᠤᠳᠤᠯᠭ᠎ᠠ ᠶᠢ ᠴᠢᠩᠭ᠎ᠠ ᠵᠢᠷᠤᠮᠯᠠᠨ ᠰᠠᠬᠢᠬᠤ  ᠭᠡᠷᠡᠭᠳᠡᠢ ᠃  ᠶᠠᠪᠠᠭᠠᠨ ᠬᠥᠮᠥᠨ ᠤ ᠵᠠᠮ ᠢ ᠬᠥᠨᠳᠡᠯᠡᠨ ᠬᠡᠳᠥᠯᠬᠦ ᠳᠡᠭᠡᠨ᠂ ᠬᠥᠮᠥᠰ ᠲᠤ ᠵᠠᠮ ᠲᠠᠯᠪᠢᠵᠤ ᠥᠭᠬᠦ  ᠭᠡᠷᠡᠭᠳᠡᠢ︔ ᠲᠡᠷᠭᠡ  ᠵᠤᠭᠰᠤᠵᠤ ᠲᠤᠬᠢᠶᠠᠨ ᠳ᠋ᠧᠩ ᠢ ᠬᠥᠯᠢᠶᠡᠬᠦ ᠳᠡᠭᠡᠨ᠂ ᠲᠡᠷᠭᠡ ᠵᠤᠭᠰᠤᠬᠤ ᠱᠤᠭᠤᠮ ᠠᠴᠠ  ᠭᠡᠳᠥᠷᠡᠵᠤ ᠪᠤᠯᠬᠤ ᠥᠭᠡᠢ︔  ᠮᠤᠷᠦ᠋ᠢᠬᠤ ᠥᠶᠡᠰ ᠭᠠᠷ ᠢᠶᠠᠨ ᠰᠤᠩᠭᠠᠭᠠᠨ ᠲᠤᠬᠢᠶᠠᠯᠠᠬᠤ ᠭᠡᠷᠡᠭᠳᠡᠢ᠃                 ◇ ᠲᠡᠮᠥᠷ ᠵᠠᠮ ᠤᠨ ᠠᠭᠤᠯᠵᠠᠷ ᠢᠶᠠᠷ ᠥᠡᠭᠭᠡᠷᠡᠬᠦ ᠳᠡᠭᠡᠨ ᠭᠠᠯ ᠲᠡᠷᠭᠡ ᠬᠥᠷᠴᠤ ᠢᠷᠡᠬᠦ ᠠᠴᠠ  ᠡᠮᠥᠨ᠎ᠡ᠂  ᠤᠬᠠᠮᠰᠠᠷ ᠠᠴᠠ ᠪᠠᠨ ᠵᠠᠮ ᠤᠨ ᠠᠭᠤᠯᠵᠠᠷ ᠤᠨ ᠵᠤᠭᠰᠤᠬᠤ ᠭᠠᠵᠠᠷ ᠲᠤ ᠵᠤᠭᠰᠤᠬᠤ ᠪᠤᠶᠤ ᠲᠡᠮᠥᠷ  ᠵᠠᠮ ᠠᠴᠠ 5 ᠮᠧᠲᠷ  ᠵᠠᠶᠢᠳᠠᠢ ᠭᠠᠵᠠᠷ ᠲᠤ ᠵᠤᠭᠰᠤᠨ ᠬᠥᠯᠢᠶᠡᠬᠦ ᠭᠡᠷᠡᠭᠳᠡᠢ᠃  
 
ᠢᠷᠡᠯᠲᠡ᠄ ᠦᠪᠦᠷ ᠮᠣᠩᠭᠤᠯ ᠤᠨ ᠵᠠᠰᠠᠭ ᠤᠨ ᠣᠷᠳᠤᠨ
 
 
ᠬᠠᠮᠢᠶ᠎ᠠ ᠪᠥᠬᠦᠢ ᠰᠤᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备14003692号