ᠮᠣᠩᠭᠤᠯᠴᠤᠳ ᠤᠨ ᠬᠡᠶᠢᠮᠣᠷᠢ ᠰᠦᠯᠳᠡ— ᠣᠪᠤᠭ᠎ᠠ
ᠨᠡᠶᠢᠲᠡᠯᠡᠭᠰᠡᠨ ᠴᠠᠭ᠄
2016/7/20
      ᠣᠪᠤᠭ᠎ᠠ ᠪᠣᠯ ᠡᠷᠲᠡ ᠲᠡᠥᠬᠡᠨ ᠠᠴᠠ ᠪᠠᠨ ᠮᠣᠩᠭᠤᠯᠴᠤᠳ ᠤᠨ ᠬᠡᠶᠢᠮᠣᠷᠢ ᠶᠢᠨ ᠰᠦᠯᠳᠡ ᠲᠡᠮᠲᠡᠭ᠂ ᠭᠠᠵᠠᠷ ᠤᠰᠤᠨ ᠤ  ᠡᠵᠡᠨ ᠰᠠᠬᠢᠭᠤᠰᠤ᠂ ᠠᠮᠢᠳᠤᠷᠠᠯ ᠤᠶᠢᠯᠡᠰ ᠤᠨ ᠴᠤᠭ ᠵᠢᠪᠬᠤᠭ᠎ᠠ ᠪᠣᠯᠵᠤ ᠲᠠᠭᠠᠷᠠᠬᠤ ᠶᠤᠮ᠃ ᠣᠳᠣ ᠠᠴᠠ ᠬᠤᠶᠠᠷ ᠮᠢᠩᠭ᠎ᠠ ᠲᠠᠪᠤᠨ ᠵᠠᠭᠤ ᠭᠠᠷᠤᠢ ᠵᠢᠯ ᠤᠨ ᠡᠮᠤᠨ᠎ᠡ ᠱᠠᠭᠵᠠᠮᠤᠨᠢ ᠪᠣᠷᠬᠠᠨ ᠽᠠᠮᠪᠤᠲᠢᠪ ᠲᠤ ᠵᠠᠶᠠᠭᠠᠵᠤ᠂ ᠪᠣᠷᠬᠠᠨ ᠤ ᠱᠠᠰᠢᠨ ᠢ ᠡᠭᠦᠳᠡᠨ ᠪᠦᠲᠤᠭᠡᠭᠡᠳ ᠠᠷᠢᠭᠤᠨ ᠨᠠᠨᠳᠢᠨ ᠨᠣᠮ ᠤᠨ ᠠᠶᠠᠰ ᠢ ᠰᠣᠶᠣᠷᠬᠠᠬᠤ ᠳᠠᠭᠠᠨ ︽ᠲᠡᠭᠷᠢ᠂ ᠭᠠᠵᠠᠷ᠂ ᠠᠭᠤᠯᠠ᠂ ᠤᠰᠤ ᠵᠡᠷᠭᠡ ᠪᠠᠶᠢᠭᠠᠯᠢ ᠶᠢᠷᠲᠢᠨᠴᠦ ᠶᠢᠨ ᠲᠦᠮᠡᠨ ᠪᠣᠳᠠᠰ  ᠲᠤ ᠴᠦᠮ ᠨᠠᠪᠳᠠᠭ ᠰᠠᠪᠳᠠᠭ ᠲᠠᠢ ᠠᠮᠤᠢ᠂ ᠣᠷᠴᠢᠯᠠᠩ ᠤᠨ ᠬᠦᠮᠦᠰ ᠤᠨ ᠲᠦᠷᠦᠬᠦ᠂ ᠦᠬᠦᠬᠦ᠂ ᠡᠪᠡᠳᠬᠦ᠂ ᠵᠣᠪᠠᠭ᠋ᠤ ᠪᠠ ᠨᠢᠭᠡ ᠨᠠᠰᠤᠨ ᠤ ᠤᠶᠢᠯᠡ ᠶᠠᠪᠤᠳᠠᠯ ᠨᠢ ᠪᠦᠷ ᠲᠡᠭᠷᠢ ᠶᠢᠨ ᠵᠠᠶᠠᠭ᠎ᠠ᠂ ᠬᠤᠷᠮᠤᠰᠲᠠ ᠲᠡᠭᠷᠢ ᠠᠴᠠ ᠲᠣᠬᠢᠷᠠᠭᠤᠯᠳᠠᠭ︾ ᠭᠡᠰᠡᠨ ᠨᠣᠮᠯᠠᠯ ᠤᠨ ᠶᠣᠰᠤᠭᠠᠷ ᠣᠷᠴᠢᠯᠠᠩ ᠤᠨ ᠬᠦᠮᠦᠰ ᠬᠡᠳᠤᠨ ᠮᠢᠩᠭᠠᠨ ᠵᠢᠯ ᠤᠨ ᠲᠣᠷᠰᠢ ᠦᠨᠳᠤᠰᠤᠲᠡᠨ ᠤᠭᠰᠠᠭᠠᠳᠠᠨ ᠤ ᠢᠯᠭᠠᠯ ᠦᠭᠡᠢ ᠪᠠᠷ ᠣᠷᠤᠰᠢᠵᠤ ᠪᠦᠬᠦᠢ ᠭᠠᠵᠠᠷ ᠰᠢᠷᠤᠢ᠂ ᠠᠭᠤᠯᠠ ᠤᠰᠤᠨ  ᠤ ᠪᠠᠨ ᠨᠠᠪᠳᠠᠭ ᠰᠠᠪᠳᠠᠭ ᠢ ᠲᠠᠬᠢᠵᠤ᠂ ᠪᠠᠶᠠᠰᠬᠠᠨ ᠪᠠᠶᠠᠷᠯᠠᠭᠤᠯᠵᠤ᠂ ᠡᠪᠡᠳᠴᠢᠨ ᠵᠣᠪᠠᠯᠠᠩ ᠭᠠᠢ ᠪᠠᠷᠴᠢᠳ ᠢᠶᠠᠨ ᠵᠠᠶᠢᠯᠠᠭᠤᠯᠵᠤ᠂ ᠦᠬᠦᠵᠤ ᠵᠣᠪᠠᠭ᠋ᠤ ᠶᠢᠨ ᠠᠶᠤᠯ ᠠᠴᠠ ᠮᠣᠯᠲᠤᠷᠬᠤ ᠪᠠᠷ ᠲᠡᠭᠷᠢ ᠭᠠᠵᠠᠷ ᠲᠠᠭᠠᠨ ᠳᠠᠭᠠᠳᠬᠠᠳᠠᠭ᠃ ᠣᠪᠤᠭᠠᠨ ᠲᠠᠬᠢᠯᠭ᠎ᠠ ᠨᠢ ᠴᠤ ᠡᠭᠦᠨ ᠤ ᠳᠣᠳᠤᠷᠠᠬᠢ ᠨᠢᠭᠡ ᠳᠣᠪᠤᠶᠢᠮ᠎ᠡ ᠢᠯᠡᠷᠡᠯ ᠪᠣᠯᠤᠨ᠎ᠠ᠃ ᠤᠷᠢᠳᠤ ᠴᠢᠩᠬᠢᠰ ᠬᠠᠭᠠᠨ ᠮᠡᠷᠭᠡᠳ ᠠᠶᠢᠮᠠᠭ ᠤᠨ ᠰᠢᠷᠤᠭᠦᠨ ᠳᠠᠭᠠᠷᠢᠯᠲᠠ ᠠᠴᠠ ᠪᠣᠷᠤᠭᠤᠯᠤᠨ ᠵᠠᠶᠢᠯᠠᠵᠤ ᠪᠣᠷᠬᠠᠨ  ᠬᠠᠯᠲᠤᠨ ᠠᠭᠤᠯᠠᠨ  ᠳᠤ ᠪᠡᠶ᠎ᠡ ᠳᠠᠯᠳᠠᠯᠠᠨ ᠠᠮᠢ ᠬᠤᠷᠭᠤᠳᠠᠵᠤ ᠭᠠᠷᠤᠭᠰᠠᠨ ᠳᠡᠥᠭᠡ ᠲᠠᠢ᠂ ᠡᠶᠢᠮᠦ ᠠᠴᠠ ᠴᠢᠩᠬᠢᠰ ᠬᠠᠭᠠᠨ ᠡᠨᠡᠬᠦ ᠠᠮᠢ ᠠᠪᠤᠷᠠᠭᠰᠠᠨ ᠠᠭᠤᠯᠠᠨ ᠳᠤ ᠲᠠᠯᠠᠷᠬᠠᠵᠤ᠄ ︽ ᠪᠣᠷᠬᠠᠨ ᠬᠠᠯᠲᠤᠨ ᠢ ᠦᠷᠯᠤᠭᠡ ᠪᠦᠷᠢ ᠮᠢᠯᠢᠶᠠᠰᠤᠭᠠᠢ᠂ ᠡᠳᠦᠷ ᠪᠦᠷᠢ ᠣᠴᠢᠶ᠎ᠠ᠂ ᠦᠶ᠎ᠡ ᠶᠢᠨ ᠦᠶ᠎ᠡ ᠳᠡᠭᠡᠨ ᠦᠨᠢᠲᠡ ᠲᠠᠬᠢᠮᠤ︾ ᠭᠡᠵᠦ ᠠᠮᠠᠯᠠᠭᠰᠠᠨ ᠢᠶᠠᠷ ᠪᠣᠷᠬᠠᠨ ᠬᠠᠯᠲᠤᠨ ᠠᠭᠤᠯᠠ ᠨᠢ ᠬᠠᠮᠤᠭ ᠮᠣᠩᠭᠤᠯ ᠤᠨ ᠰᠢᠲᠤᠭᠡᠨ ᠠᠭᠤᠯᠠ ᠪᠣᠯᠵᠤ ᠳᠡᠭᠡᠳᠤᠯᠡᠭᠳᠡᠨ ᠰᠢᠳᠤᠭ᠍ᠳᠡᠵᠡᠢ ᠭᠡᠵᠦ ᠡᠷᠳᠡᠮᠲᠡᠨ ᠮᠡᠷᠭᠡᠳ ᠦᠵᠡᠵᠡᠭᠡᠳᠡᠭ᠃       ᠮᠣᠩᠭᠤᠯᠴᠤᠳ ᠠᠯᠢ ᠡᠷᠲᠡᠨ ᠠᠴᠠ ᠣᠪᠤᠭ᠎ᠠ ᠪᠣᠰᠬᠠᠵᠤ ᠲᠠᠬᠢᠬᠤ ᠵᠠᠩᠰᠢᠯ ᠲᠠᠢ ᠪᠣᠯᠤᠭᠰᠠᠨ ᠢᠶᠠᠷ ᠪᠠᠷᠠᠬᠤ ᠦᠭᠡᠢ ᠣᠪᠤᠭ᠎ᠠ ᠪᠠᠨ ᠪᠣᠮᠪᠠᠯᠠᠵᠦ ᠵᠣᠩᠰᠢᠯᠠᠬᠤ ᠪᠣᠶᠤ ᠪᠣᠰᠬᠠᠵᠤ ᠲᠠᠬᠢᠬᠤ ᠳᠠᠭᠠᠨ ᠪᠦᠷ ᠲᠣᠭᠳᠠᠭᠰᠠᠨ ᠶᠣᠰᠤ ᠭᠤᠷᠢᠮ ᠲᠠᠢ ᠪᠠᠶᠢᠳᠠᠭ᠃ ᠶᠡᠷᠤ ᠶᠢᠨ ᠪᠠᠶᠢᠳᠠᠯ ᠳᠣᠣᠷ᠎ᠠ ᠭᠠᠵᠠᠷ ᠤᠨ ᠦᠨᠳᠤᠷ᠂ ᠤᠰᠤᠨ ᠰᠣᠷᠪᠤᠯᠵᠢ᠂ ᠵᠠᠮ ᠤᠨ ᠬᠠᠵᠠᠭᠤ᠂ ᠬᠦᠮᠦᠨ ᠠᠮᠢᠲᠠᠨ ᠤ ᠬᠦᠯ ᠤᠶᠢᠮᠡᠭᠡᠨ ᠪᠠᠭ᠎ᠠ ᠴᠡᠪᠡᠷ ᠭᠠᠵᠠᠷ ᠢ ᠰᠤᠩᠭᠤᠵᠤ ᠣᠪᠤᠭ᠎ᠠ ᠪᠣᠰᠬᠠᠵᠤ ᠬᠡᠶᠢᠮᠣᠷᠢ ᠪᠠᠨ ᠬᠡᠶᠢᠰᠭᠡᠵᠦ᠂ ᠠᠮᠤᠷ ᠲᠠᠶᠢᠪᠤᠩ ᠠᠵᠤ ᠲᠦᠷᠤᠨ ᠬᠠᠷᠢ ᠶᠢᠨ ᠳᠠᠶᠢᠰᠤᠨ ᠤ ᠳᠦᠷᠢᠮᠡᠬᠡᠶᠢᠯᠡᠯ ᠳᠤ ᠬᠠᠯᠬᠠᠯᠠᠭ᠎ᠠ ᠳᠠᠷᠤᠯᠭ᠎ᠠ ᠪᠣᠯᠭᠠᠬᠤ ᠤᠶᠤᠨ ᠰᠠᠨᠠᠭᠠᠨ ᠤ ᠰᠦᠵᠢᠭ ᠪᠢᠰᠢᠷᠡᠯ ᠤᠨ ᠡᠭᠦᠳᠡᠨ ᠠᠴᠠ ᠠᠭᠤᠯᠠ ᠤᠰᠤᠨ  ᠤ ᠪᠠᠨ ᠨᠠᠪᠳᠠᠭ ᠰᠠᠪᠳᠠᠭ ᠢ ᠳᠡᠭᠡᠳᠤᠯᠡᠨ ᠲᠠᠬᠢᠵᠤ᠂ ᠵᠠᠯᠪᠠᠷᠢᠯ ᠳᠠᠭᠠᠳᠬᠠᠯ ᠢᠶᠠᠨ ᠬᠢᠳᠡᠭ ᠪᠦᠭᠡᠳ ᠠᠷᠢᠭᠤᠨ ᠰᠠᠩ ᠠᠮᠲᠠᠲᠤ ᠢᠳᠡᠭᠡᠨ ᠢᠶᠠᠨ ᠡᠷᠭᠦᠳᠡᠭ᠃ ᠣᠪᠤᠭ᠎ᠠ ᠪᠣᠰᠬᠠᠬᠤ ᠳᠠᠭᠠᠨ ᠣᠷᠴᠢᠨ ᠲᠣᠭᠤᠷᠢᠨ ᠤ ᠪᠠᠨ ᠪᠠᠶᠢᠭᠠᠯᠢ ᠶᠢᠨ ᠨᠦᠭᠦᠴᠡᠯ ᠪᠠᠶᠢᠳᠠᠯ ᠢᠶᠠᠨ ᠦᠨᠳᠤᠰᠤᠯᠡᠵᠦ ᠴᠢᠯᠠᠭᠤ᠂ ᠮᠣᠳᠤ᠂  ᠪᠣᠲᠠ ᠪᠣᠷᠢᠶ᠎ᠠ ᠶᠢ ᠠᠰᠢᠭᠯᠠᠨ ᠪᠦᠲᠤᠭᠡᠳᠡᠭ᠃ ᠭᠡᠬᠦ ᠳᠡᠭᠡᠨ ᠬᠤᠰᠢᠭᠤ ᠵᠠᠰᠠᠭ᠂ ᠠᠶᠢᠮᠠᠭ ᠣᠪᠤᠭ ᠤᠨ ᠣᠪᠤᠭ᠎ᠠ᠂ ᠰᠦᠮ᠎ᠡ ᠭᠡᠶᠢᠳ ᠤᠨ ᠣᠪᠤᠭ᠎ᠠ᠂ ᠠᠶᠢᠯ ᠤᠰᠤᠨ  ᠤ ᠣᠪᠤᠭ᠎ᠠ ᠵᠡᠷᠭᠡ ᠪᠦᠲᠤᠭᠡᠯ ᠲᠠᠢ ᠣᠪᠤᠭ᠎ᠠ ᠪᠠᠶᠢᠬᠤ ᠠᠴᠠ ᠭᠠᠳᠠᠨ᠎ᠠ ᠭᠠᠵᠠᠷ ᠨᠤᠲᠤᠭ ᠤᠨ ᠲᠡᠮᠲᠡᠭ᠂ ᠵᠠᠬ᠎ᠠ ᠬᠢᠯᠢ ᠶᠢᠨ ᠲᠡᠮᠲᠡᠭ᠂ ᠵᠠᠮ ᠤᠨ ᠲᠡᠮᠲᠡᠭ᠂ ᠡᠷᠲᠡ ᠤᠷᠢᠳᠤ ᠶᠢᠨ ᠳᠠᠶᠢᠨ ᠪᠠᠶᠢᠯᠳᠤᠭᠠᠨ ᠤ ᠳᠣᠬᠢᠶ᠎ᠠ ᠴᠢᠮᠡᠭᠡ ᠠᠪᠤᠯᠴᠠᠬᠤ ᠵᠡᠷᠭᠡ ᠪᠦᠲᠦᠭᠡᠯ ᠦᠭᠡᠢ ᠣᠪᠤᠭ᠎ᠠ ᠪᠠᠰᠠ ᠠᠷᠪᠢᠨ ᠪᠠᠶᠢᠳᠠᠭ᠃       ᠪᠦᠲᠤᠭᠡᠯ ᠲᠠᠢ ᠣᠪᠤᠭ᠎ᠠ ᠨᠢ  ᠶᠢᠰᠤᠨ ᠡᠷᠳᠡᠨᠢᠰ ᠤᠨ ᠵᠤᠶᠢᠯᠡᠰ᠂ ᠶᠢᠰᠤᠨ ᠵᠤᠶᠢᠯ ᠤᠨ ᠲᠠᠷᠢᠶ᠎ᠠ ᠲᠦᠮᠤᠰᠤ᠂ ᠲᠠᠪᠤᠨ ᠦᠩᠭᠡ ᠶᠢᠨ ᠪᠦᠰ ᠳᠠᠪᠤᠤ᠂ ᠲᠡᠵᠢ ᠮᠠᠩᠨᠤᠭ᠂ ᠲᠣᠷᠭ᠎ᠠ ᠳᠣᠷᠳᠤᠩ᠂ ᠬᠡᠪ ᠤᠨ ᠴᠠᠢ᠂ ᠮᠦᠩᠭᠦ ᠵᠣᠭᠤᠰ ᠢᠶᠠᠷ ᠵᠣᠩᠰᠢᠯᠠᠨ ᠠᠳᠢᠰᠯᠠᠵᠦ ᠨᠣᠮ ᠲᠠᠬᠢᠯᠭ᠎ᠠ ᠠᠶᠢᠯᠠᠳᠴᠤ ᠪᠠᠲᠤ ᠪᠠᠬᠢ ᠣᠷᠤᠰᠢᠭᠤᠯᠤᠭᠰᠠᠨ ᠤ ᠳᠠᠷᠠᠭ᠎ᠠ ᠳᠡᠭᠡᠷ᠎ᠡ ᠨᠢ ᠣᠪᠤᠭ᠎ᠠ ᠪᠣᠰᠬᠠᠳᠠᠭ᠃ ᠣᠪᠤᠭᠠᠨ ᠤ ᠪᠠᠷᠢᠮᠵᠢᠶ᠎ᠠ ᠨᠢ ᠪᠠᠷᠤᠭ ᠲᠠᠭᠠᠨ ᠰᠠᠭᠤᠷᠢ ᠶᠢ ᠨᠢ ᠶᠢᠰᠤᠨ ᠲᠣᠬᠤᠢ ᠶᠡᠭᠡ ᠲᠠᠯᠪᠢᠵᠦ᠂ ᠦᠨᠳᠤᠷ ᠢ ᠨᠢ ᠵᠢᠳᠠ ᠰᠡᠷᠭᠡ ᠲᠠᠢ ᠪᠠᠨ ᠶᠢᠰᠦᠨ ᠲᠣᠬᠤᠢ ᠪᠣᠯᠭᠠᠬᠤ ᠶᠢ ᠪᠠᠲᠤᠯᠠᠨ᠎ᠠ᠃ ᠴᠢᠯᠠᠭᠤ ᠪᠣᠶᠤ ᠰᠢᠪᠠᠷ ᠢᠶᠠᠷ ︵ᠨᠦᠭᠦᠴᠡᠯ ᠲᠠᠢ ᠪᠣᠯ ᠲᠣᠭᠤᠰᠬ᠎ᠠ︶ ᠭᠤᠷᠪᠠ ᠠᠴᠠ ᠲᠠᠪᠤᠨ ᠳᠡᠭᠲᠡᠷ ᠱᠠᠲᠤᠨ ᠰᠠᠭᠤᠷᠢ ᠪᠠᠷᠢᠵᠤ᠂ ᠳᠡᠭᠡᠷ᠎ᠡ ᠨᠢ ᠰᠢᠪᠠᠷ ᠬᠦᠷᠢᠶ᠎ᠡ ᠪᠣᠰᠬᠠᠵᠤ ᠴᠠᠭᠠᠨ ᠴᠣᠬᠤᠢ ᠪᠠᠷ ᠴᠠᠶᠢᠯᠭᠠᠭᠠᠳ ᠳᠤᠮᠳᠠ ᠨᠢ ᠮᠣᠳᠤ ᠪᠠᠷ ᠰᠡᠶᠢᠯᠵᠦ ᠪᠣᠳᠤᠵᠤ ᠪᠦᠲᠤᠭᠡᠭᠰᠡᠨ ᠵᠠᠮᠽᠠᠨ ᠨᠠᠷᠠ ᠰᠠᠷ᠎ᠠ ᠶᠢ ᠬᠠᠳᠬᠤᠵᠤ᠂ ᠭᠤᠷᠪᠠᠨ ᠵᠠᠭᠤᠨ ᠵᠢᠷᠠᠨ  ᠵᠢᠲᠡ ᠰᠡᠯᠡᠮ᠎ᠡ᠂ ᠠᠷᠢᠶᠠᠲᠠᠨ ᠵᠢᠭᠦᠷᠲᠡᠨ   ᠤ ᠬᠡᠯᠪᠡᠷᠢ ᠳᠦᠷᠰᠤ ᠶᠢ ᠳᠠᠭᠤᠷᠢᠶᠠᠯᠭᠠᠭᠰᠠᠨ ᠵᠡᠪᠰᠡᠭ ᠢ ᠲᠣᠭᠤᠷᠢᠭᠤᠯᠤᠨ ᠰᠠᠷᠪᠠᠶᠢᠯᠭᠠᠵᠤ ᠬᠠᠳᠬᠤᠭᠰᠠᠨ ᠪᠠᠶᠢᠳᠠᠭ᠃ ᠣᠯᠠᠩᠬᠢ ᠣᠪᠤᠭᠠᠳ ᠨᠢ ᠭᠠᠵᠠᠷ ᠤᠨ ᠪᠠᠶᠢᠴᠠ ᠳᠠᠭᠠᠨ ᠲᠣᠬᠢᠷᠠᠭᠤᠯᠤᠨ ᠭᠤᠣᠯ ᠣᠪᠤᠭ᠎ᠠ ᠠᠴᠠ ᠪᠠᠨ ᠵᠢᠰᠢᠭᠦᠦ ᠲᠡᠰᠢ ᠵᠠᠯᠭᠠᠭᠤᠯᠤᠨ ᠲᠠᠶᠢᠰᠤᠨ ᠲᠡᠭᠷᠢ ᠶᠢᠨ ᠰᠠᠯᠲᠠᠰ ᠢ ᠬᠠᠷᠠᠭᠤᠯᠤᠭᠰᠠᠨ ᠠᠷᠪᠠᠨ ᠭᠤᠷᠪᠠᠨ ᠰᠢᠪᠡᠭᠡ ︵ᠵᠢᠵᠢᠭ ᠣᠪᠤᠭ᠎ᠠ︶ ᠶᠢ ᠴᠢᠯᠠᠭᠤ ᠪᠠᠷ ᠰᠣᠪᠤᠷᠠᠭᠤᠯᠤᠨ ᠵᠢᠭᠰᠠᠭᠠᠵᠤ ᠪᠣᠰᠬᠠᠭᠰᠠᠨ ᠪᠠᠶᠢᠳᠠᠭ᠃ ᠣᠪᠤᠭᠠᠨ ᠭᠤᠣᠯ ᠠᠴᠠ ᠳᠦᠷᠪᠡᠨ ᠲᠡᠰᠢ ᠵᠠᠯ᠎ᠠ ᠲᠠᠲᠠᠵᠤ ᠲᠠᠪᠤᠨ ᠮᠠᠬᠠᠪᠤᠳ  ︵ᠭᠠᠯ᠂ ᠰᠢᠷᠤᠢ᠂ ᠲᠡᠮᠤᠷ᠂ ᠤᠰᠤ᠂ ᠮᠣᠳᠤ︶ ᠢ  ᠲᠦᠯᠦᠭᠡᠯᠡᠭᠰᠡᠨ ᠲᠠᠪᠤᠨ ᠦᠩᠭᠡ ᠶᠢᠨ ᠳᠣᠷᠳᠤᠩ ᠳᠡᠭᠡᠷ᠎ᠡ ᠳᠦᠷᠪᠡᠨ ᠬᠦᠴᠤᠲᠡᠨ᠂ ᠲᠠᠪᠤᠨ ᠬᠤᠰᠢᠭᠤ ᠮᠠᠯ᠂ ᠮᠠᠨᠢ ᠶᠢᠨ ᠵᠢᠷᠭᠤᠭᠠᠨ ᠦᠰᠦᠭ ᠵᠡᠷᠭᠡ ᠶᠢᠨ ᠪᠠᠷᠠᠮᠠᠯ ᠢ ᠳᠠᠷᠴᠤᠭᠯᠠᠨ ᠬᠠᠳᠠᠳᠠᠭ᠃  ᠪᠣᠢ ᠪᠦᠬᠦᠢ ᠪᠠᠷᠢᠯᠭ᠎ᠠ ᠪᠦᠲᠤᠭᠡᠯ ᠤᠨ ᠠᠵᠢᠯ ᠢᠶᠠᠨ ᠳᠠᠭᠤᠰᠬᠠᠭᠰᠠᠨ ᠤ ᠳᠠᠷᠠᠭ᠎ᠠ᠂ ᠵᠢᠯ ᠪᠦᠷᠢ ᠶᠢᠨ ᠲᠠᠬᠢᠯᠭ᠎ᠠ ᠶᠢᠨ ᠡᠳᠤᠷ  ᠲᠡᠭᠡᠨ ᠵᠣᠬᠢᠴᠠᠭᠤᠯᠤᠨ ᠯᠠᠮᠠ ᠬᠤᠸᠠᠷᠠᠭ ᠤᠳ ᠢ ᠵᠠᠯᠠᠵᠤ ᠨᠣᠮ ᠠᠶᠢᠯᠠᠳᠤᠭᠤᠯᠤᠨ᠂ ᠬᠤᠩᠬᠤ ᠳᠠᠮᠠᠷᠤ᠂ ᠴᠠᠩ ᠬᠡᠩᠭᠡᠷᠭᠡ᠂ ᠪᠦᠷᠢᠶ᠎ᠡ ᠪᠢᠰᠬᠢᠭᠦᠷ ᠤᠨ ᠳᠠᠭᠤᠨ ᠤ ᠳᠤᠮᠳᠠ ᠰᠠᠩ ᠰᠠᠷᠴᠢᠮ ᠢ ᠲᠠᠰᠤᠯᠭᠠᠨ ᠦᠭᠡᠢ ᠡᠷᠭᠦᠨ ︽ᠫᠣᠩᠴᠤᠭᠳᠠᠰᠢ︾ ᠠᠶᠢᠯᠠᠳᠤᠨ ᠳᠠᠯᠠᠯᠭ᠎ᠠ ᠠᠪᠴᠤ ᠦᠪᠡᠳᠡᠭᠰᠢ ᠶᠡᠭᠡ ᠷᠠᠪᠨᠠᠢ ᠪᠣᠯᠳᠠᠭ᠃ ᠡᠨᠡᠬᠦ  ᠨᠣᠮ ᠬᠤᠷᠠᠯ ᠤᠨ ᠶᠣᠰᠤᠨ ᠳᠤ ᠵᠣᠬᠢᠴᠠᠭᠤᠯᠤᠨ ᠰᠢᠷ᠎ᠠ ᠬᠠᠷ᠎ᠠ ᠨᠣᠶᠠᠳ ᠠᠯᠪᠠᠲᠠᠨ ᠣᠯᠠᠨ ᠲᠠᠶᠠᠭᠠᠷ ᠬᠤᠨᠢᠨ ᠰᠢᠭᠦᠰᠤ᠂ ᠴᠠᠭᠠᠨ ᠢᠳᠡᠭᠡ᠂ ᠦᠷᠤᠮ᠎ᠡ ᠲᠣᠰᠤ᠂ ᠰᠢᠬᠢᠷ ᠪᠣᠣᠪᠤ᠂ ᠵᠢᠮᠢᠰ ᠰᠠᠷᠬᠤᠳ ᠢᠶᠠᠨ ᠣᠪᠤᠭᠠᠨ ᠳᠠᠭᠠᠨ ᠡᠷᠭᠦᠨ ᠪᠠᠷᠢᠵᠤ᠂ ᠲᠦᠷᠤ ᠲᠦᠪᠰᠢᠨ ᠲᠦᠮᠡᠨ ᠠᠮᠤᠭᠤᠯᠠᠩ᠂ ᠬᠤᠷ᠎ᠠ ᠪᠣᠷᠤᠭᠠᠨ ᠡᠯᠪᠡᠭᠰᠢᠭᠦᠯᠵᠦ᠂ ᠭᠠᠵᠠᠷ ᠨᠤᠲᠤᠭ ᠦᠩᠰᠢᠭᠦᠨ᠂ ᠡᠪᠡᠳᠴᠢᠨ ᠵᠣᠪᠠᠯᠠᠩ ᠠᠶᠤᠯ ᠲᠦᠭᠰᠢᠭᠦᠷᠢ ᠠᠷᠢᠯᠵᠤ᠂ ᠡᠷᠡᠭᠦᠯ ᠡᠩᠬᠡ ᠰᠠᠶᠢᠨ ᠰᠠᠶᠢᠬᠠᠨ᠂ ᠬᠡᠶᠢᠮᠣᠷᠢ ᠬᠡᠰᠢᠭ  ᠪᠣᠶᠠᠨ ᠲᠠᠢ ᠶᠠᠪᠤᠬᠤ ᠶᠢ ᠪᠡᠯᠭᠡᠳᠡᠨ ᠬᠤᠪᠢ ᠶᠢᠨ ᠬᠦᠰᠡᠯ ᠨᠠᠶᠢᠳᠠᠯᠭ᠎ᠠ ᠪᠠᠨ ᠳᠠᠭᠠᠳᠬᠠᠨ ᠵᠠᠯᠪᠠᠷᠢᠵᠤ ᠮᠦᠷᠭᠦᠳᠡᠭ᠃ ᠡᠭᠦᠨ ᠤ ᠬᠠᠮᠲᠤ ᠰᠠᠭᠠᠯᠢ ᠰᠠᠷᠴᠢᠮ ᠢᠶᠠᠨ ᠡᠷᠭᠦᠨ᠂ ᠪᠤᠶᠠᠨ ᠬᠡᠰᠢᠭ ᠢᠶᠠᠨ ᠬᠤᠷᠤᠶᠢᠯᠠᠨ᠂ ᠨᠠᠷᠠᠨ ᠵᠦᠪ ᠴᠢᠭᠯᠡᠯ ᠢᠶᠠᠷ ᠭᠤᠷᠪᠠ ᠭᠤᠷᠪᠠ ᠶᠢᠰᠤᠨ ᠡᠷᠬᠢᠴᠡ ᠡᠷᠭᠢᠭᠡᠳ ᠡᠷ᠎ᠡ ᠶᠢᠨ ᠭᠤᠷᠪᠠᠨ ᠨᠠᠭᠠᠳᠤᠮ ᠢᠶᠠᠷ ᠴᠡᠩᠭᠡᠯ ᠪᠠᠷᠢᠳᠠᠭ᠃       ᠣᠪᠤᠭᠠᠨ ᠰᠣᠶᠤᠯ ᠤᠨ ᠡᠶᠢᠮᠤᠷᠬᠡᠥ ᠵᠢᠮ᠎ᠡ ᠶᠣᠰᠤ ᠨᠢ ᠮᠣᠩᠭᠤᠯᠴᠤᠳ ᠤᠨ ᠳᠤᠮᠳᠠ ᠲᠡᠥᠭᠡᠨ ᠠᠴᠠ ᠪᠠᠨ ᠨᠡᠶᠢᠳᠡᠮ ᠬᠡᠷᠡᠭᠯᠡᠭᠳᠡᠵᠦ ᠪᠠᠶᠢᠭ᠎ᠠ ᠪᠠᠶᠢᠭᠰᠠᠨ  ᠪᠣᠯᠪᠠᠴᠤ ᠠᠯᠠᠱᠠ ᠳᠤ ᠬᠠᠷᠢᠨ ᠨᠡᠩ ᠬᠦᠨᠳᠤᠳᠭᠡᠨ ᠦᠵᠡᠭᠰᠡᠭᠡᠷ ᠢᠷᠡᠭᠰᠡᠨ ᠪᠠᠶᠢᠵᠠᠢ᠃ ᠠᠯᠠᠱᠠ ᠶᠢᠨ ᠣᠪᠤᠭᠠᠨ ᠲᠠᠬᠢᠯᠭ᠎ᠠ ᠶᠢᠨ ᠵᠠᠩᠰᠢᠯ ᠳᠤ ᠪᠠᠰᠠ ︽ᠴᠠᠭᠠᠨ ᠢᠶᠠᠷ ᠲᠠᠬᠢᠬᠤ︾ ᠪᠣᠶᠤ ︽ᠤᠯᠠᠭᠠᠨ ᠢᠶᠠᠷ ᠲᠠᠬᠢᠬᠤ︾ ᠭᠡᠵᠦ ᠬᠤᠪᠢᠶᠠᠳᠠᠭ᠃ ᠴᠠᠭᠠᠨ ᠢᠶᠠᠷ ᠲᠠᠬᠢᠬᠤ ᠭᠡᠳᠡᠭ ᠨᠢ ᠱᠠᠰᠢᠨ  ᠨᠣᠮ ᠤᠨ ᠶᠣᠰᠤᠨ ᠳᠤ ᠪᠢᠯᠢᠭ ᠤᠨ ᠤᠯᠠᠷᠢᠯ ᠤᠨ ᠳᠦᠷᠪᠡᠳᠤᠭᠡᠷ ᠰᠠᠷ᠎ᠠ ᠶᠢ  ︽ᠮᠠᠨᠢ ᠶᠢᠨ ᠰᠠᠷ᠎ᠠ︾ ᠭᠡᠵᠦ ᠦᠵᠡᠳᠡᠭ ᠤᠴᠢᠷ ᠠᠮᠢ ᠭᠤᠣᠯ ᠲᠠᠢ ᠠᠮᠢᠲᠠᠨ ᠪᠦᠬᠦᠨ ᠢ ᠬᠤᠷᠤᠭᠠᠵᠤ ᠨᠢᠳᠤᠯᠬᠤ ᠴᠡᠭᠡᠷ ᠲᠠᠢ ᠲᠤᠯᠠ ᠣᠪᠤᠭᠠᠨ ᠲᠠᠬᠢᠯᠭ᠎ᠠ ᠳᠠᠭᠠᠨ ᠮᠢᠬ᠎ᠠ ᠰᠢᠭᠦᠰᠤ ᠶᠢ ᠴᠡᠭᠡᠷᠯᠡᠨ ᠰᠦ ᠴᠠᠭ᠎ᠠ᠂ ᠦᠷᠤᠮ᠎ᠡ᠂ ᠲᠣᠰᠤ᠂ ᠰᠢᠬᠢᠷ ᠪᠣᠷᠠᠮ᠂ ᠦᠵᠤᠮ᠂ ᠴᠢᠪᠠᠭ᠎ᠠ ᠪᠠᠷ ᠲᠠᠬᠢᠯᠭ᠎ᠠ ᠡᠷᠭᠦᠳᠡᠭ᠃ ᠤᠯᠠᠭᠠᠨ ᠢᠶᠠᠷ ᠲᠠᠬᠢᠬᠤ ᠭᠡᠳᠡᠭ ᠨᠢ ᠪᠢᠯᠢᠭ ᠤᠨ ᠤᠯᠠᠷᠢᠯ ᠤᠨ ᠳᠦᠷᠪᠡᠳᠤᠭᠡᠷ ᠰᠠᠷ᠎ᠠ ᠠᠴᠠ ᠪᠣᠰᠤᠳ ᠠᠯᠢ ᠰᠠᠷ᠎ᠠ ᠳᠤ ᠴᠤ ᠭᠡᠰᠡᠨ ᠮᠠᠯ ᠤᠨ ᠪᠦᠬᠦᠯᠢ ᠰᠢᠭᠦᠰᠤ  ︵ᠤᠭᠤᠴᠠ︶ ᠪᠠᠷ ᠢᠶᠠᠨ ᠳᠡᠭᠡᠵᠢ ᠪᠠᠷᠢᠵᠤ ᠲᠠᠬᠢᠯᠭ᠎ᠠ ᠡᠷᠭᠦᠳᠡᠭ᠃ ᠭᠡᠬᠦ ᠳᠡᠭᠡᠨ ᠣᠯᠠᠩᠬᠢ ᠳᠠᠭᠠᠨ ᠨᠠᠷᠠ ᠨᠣᠭᠤᠭᠠᠨ ᠤ ᠴᠠᠭ ᠲᠤ ᠲᠠᠭᠠᠷᠠᠭᠤᠯᠵᠤ ᠬᠠᠪᠤᠷ᠂ ᠵᠤᠨ ᠂ ᠨᠠᠮᠤᠷ ᠭᠤᠷᠪᠠᠨ ᠤᠯᠠᠷᠢᠯ ᠤᠨ ᠳᠣᠲᠤᠷ᠎ᠠ ᠣᠪᠤᠭ᠎ᠠ ᠪᠦᠷᠢ ᠶᠢᠨ ᠲᠡᠥᠭᠡᠨ ᠠᠴᠠ ᠤᠯᠠᠮᠵᠢᠯᠠᠵᠤ ᠢᠷᠡᠭᠰᠡᠨ ᠲᠣᠭᠲᠠᠭᠠᠯ ᠲᠠᠢ ᠲᠣᠭᠲᠠᠭᠰᠠᠨ ᠡᠳᠦᠷ ᠲᠤᠨᠢ ᠲᠠᠬᠢᠳᠠᠭ᠃ ᠪᠠᠰᠠ ᠵᠠᠷᠢᠮ ᠣᠪᠤᠭ᠎ᠠ ᠶᠢ ᠵᠢᠯ ᠪᠦᠷᠢ ᠬᠤᠶᠠᠷ ᠤᠳᠠᠭ᠎ᠠ ᠲᠠᠬᠢᠳᠠᠭ ᠴᠦ ᠪᠠᠶᠢᠳᠠᠭ ᠪᠦᠭᠡᠳ ᠵᠠᠷᠢᠮ ᠣᠪᠤᠭ᠎ᠠ ᠨᠢ ᠲᠣᠭᠲᠠᠭᠠᠯ ᠲᠠᠢ ᠲᠠᠬᠢᠬᠤ ᠡᠳᠦᠷ ᠪᠠᠶᠢᠳᠠᠭ ᠦᠭᠡᠢ  ᠂ ᠵᠢᠯ ᠪᠦᠷᠢ ᠡᠳᠦᠷ ᠦᠵᠡᠭᠦᠯᠵᠦ ᠪᠠᠶᠢᠭᠠᠳ ᠲᠠᠬᠢᠳᠠᠭ᠃      ᠣᠪᠤᠭᠠᠨ ᠲᠠᠬᠢᠯᠭ᠎ᠠ ᠶᠢᠨ ᠣᠩᠰᠢᠯᠭ᠎ᠠ ᠶᠢᠨ ᠲᠠᠯ᠎ᠠ ᠠᠴᠠ ᠠᠪᠴᠤ ᠬᠡᠯᠡᠪᠡᠯ ᠡᠯ᠎ᠡ ᠣᠪᠤᠭᠠᠳ ᠬᠤᠭᠤᠷᠤᠨᠳᠤ ᠪᠠᠨ ᠪᠠᠰᠠ ᠵᠣᠬᠢᠬᠤ ᠬᠡᠮᠵᠢᠶᠡᠨ ᠤ ᠵᠦᠷᠢᠶ᠎ᠡ ᠲᠠᠢ ᠪᠠᠶᠢᠳᠠᠭ᠃ ᠭᠡᠪᠡᠴᠤ ᠠᠯᠠᠱᠠ ᠨᠤᠲᠤᠭ ᠳᠣᠲᠤᠷ᠎ᠠ ᠪᠠᠨ ︽ᠠᠯᠠᠱᠠ ᠰᠠᠬᠢᠭᠤᠯᠰᠤ︾ ᠶᠢ ᠭᠤᠣᠯᠴᠢᠯᠠᠨ ᠲᠠᠬᠢᠵᠤ᠂ ᠡᠯ᠎ᠡ ᠵᠤᠶᠢᠯ ᠤᠨ ᠢᠷᠤᠭᠡᠯ ᠮᠠᠭᠲᠠᠭᠠᠯ᠂ ᠬᠡᠶᠢᠮᠣᠷᠢ ᠶᠢᠨ ᠰᠠᠩ᠂ ᠠᠯᠠᠱᠠ ᠰᠠᠩ ᠵᠡᠷᠭᠡ ᠶᠢ ᠬᠠᠪᠰᠤᠷᠭᠠᠳᠠᠭ᠃ ᠵᠠᠷᠢᠮ ᠣᠪᠤᠭᠠᠨ ᠤ ᠡᠵᠡᠳ ᠠᠷᠪᠢᠨ ᠪᠠᠶᠢᠵᠤ ᠣᠩᠰᠢᠯᠭ᠎ᠠ ᠶᠢᠨ ᠠᠭᠤᠯᠭ᠎ᠠ ᠨᠢ ᠴᠤ ᠨᠡᠩ ᠪᠠᠶᠠᠯᠢᠭ ᠪᠣᠯᠳᠠᠭ᠃ ᠵᠢᠱᠢᠶᠡᠯᠡᠪᠡᠯ᠂ ᠨᠣᠶᠠᠨ ᠣᠪᠤᠭ᠎ᠠ ᠶᠢ ᠲᠠᠬᠢᠬᠤ ᠳᠤ ︽ᠠᠯᠠᠱᠠ᠂ ᠳᠡᠯ— ᠯᠾᠠ᠂ ᠵᠠᠩᠭᠠᠯᠾᠡᠰᠤᠮ︾ ᠢ ᠣᠩᠰᠢᠵᠤ᠂ ᠢᠷᠤᠭᠡᠯ ᠮᠠᠭᠲᠠᠭᠠᠯ᠂ ᠰᠠᠩ ᠬᠠᠪᠰᠤᠷᠭᠠᠳᠠᠭ ᠵᠠᠩᠰᠢᠯ ᠲᠠᠢ᠃ ᠬᠡᠷᠪᠡ ᠠᠯᠢ ᠴᠤ ᠭᠡᠰᠡᠨ ᠣᠪᠤᠭᠠᠨ ᠤ ᠣᠩᠰᠢᠯᠭ᠎ᠠ ᠨᠢ ᠭᠦᠢᠴᠡᠳ ᠪᠣᠯᠤᠭᠰᠠᠨ ᠦᠭᠡᠢ ᠪᠣᠶᠤ ᠲᠠᠭᠠᠷᠠᠭᠰᠠᠨ ᠦᠭᠡᠢ ᠪᠣᠯ ᠨᠤᠲᠤᠭ ᠤᠰᠤᠨ ᠤ ᠨᠠᠪᠳᠠᠭ ᠰᠠᠪᠳᠠᠭ ᠲᠣᠭᠰᠢᠷᠠᠵᠤ ᠠᠮᠢᠲᠠᠨ ᠬᠦᠮᠦᠨ ᠳᠤ ᠮᠠᠭᠤ ᠢᠯᠡᠷᠢ ᠮᠡᠳᠡᠭᠳᠡᠳᠡᠭ ᠭᠡᠵᠦ ᠵᠢᠷᠤᠬᠠᠶᠢᠴᠢ᠂ ᠲᠦᠯᠭᠡᠴᠢ ᠪᠠ ᠨᠤᠲᠤᠭ ᠤᠨ ᠪᠣᠭᠤᠷᠤᠯᠴᠤᠳ ᠠᠴᠠ ᠠᠷᠪᠢᠨ ᠰᠣᠨᠤᠰᠴᠤ ᠦᠩᠭᠡᠷᠡᠭᠰᠡᠨ᠃      ᠲᠡᠥᠭᠡ ᠶᠢᠨ ᠡᠰᠢ ᠪᠠᠷᠢᠮᠲᠠ ᠠᠴᠠ ᠦᠵᠡᠪᠡᠯ ᠬᠦᠣᠰᠢ ᠬᠠᠭᠠᠨ ᠲᠦᠷᠤᠪᠠᠶᠢᠬᠤ ᠶᠢᠨ ᠲᠦᠷᠤᠭ᠍ᠰᠡᠨ ᠣᠮᠪᠤᠯᠤ᠂ ᠪᠠᠶᠠᠨ ᠠᠪᠤᠬᠠᠢ ᠠᠶᠤᠰᠢ ᠶᠢᠨ ᠳᠦᠷᠪᠡᠳᠤᠭᠡᠷ ᠬᠦᠪᠡᠭᠦᠨ ᠬᠤᠷᠤᠯᠠᠢ ᠪᠠᠭᠠᠲᠤᠷ ᠡᠷᠬᠡ ᠵᠢᠨᠤᠩ ᠡᠩᠬᠡ ᠠᠮᠤᠭᠤᠯᠠᠩ ᠤᠨ ᠠᠷᠪᠠᠨ ᠵᠢᠷᠭᠤᠳᠤᠭᠠᠷ ᠣᠨ ︵1677︶᠂ ᠠᠷᠪᠠᠨ ᠨᠢᠭᠡᠳᠤᠭᠡᠷ ᠵᠢᠷᠠᠨ ᠤ ᠭᠠᠯ ᠮᠣᠭᠠᠢ ᠵᠢᠯ ᠭᠠᠯᠳᠠᠨ ᠪᠣᠱᠤᠭᠲᠤ ᠶᠢᠨ ᠰᠢᠬᠠᠯᠲᠠ ᠪᠠᠷ ᠠᠶᠢᠮᠠᠭ ᠣᠯᠠᠨ ᠢᠶᠠᠨ ᠳᠠᠭᠠᠭᠤᠯᠤᠨ ᠠᠯᠠᠱᠠ ᠳᠤ ᠢᠷᠡᠵᠤ᠂ ᠮᠠᠨᠵᠤ ᠶᠢᠨ ᠬᠠᠭᠠᠨ ᠳᠤ ᠡᠷᠭᠦᠴᠡ ᠪᠠᠷᠢᠨ᠂ ᠴᠢᠩ ᠤᠯᠤᠰ ᠤᠨ ᠵᠠᠰᠠᠭ ᠤᠨ ᠭᠠᠵᠠᠷ ᠠᠴᠠ ᠨᠤᠲᠤᠭ ᠪᠡᠯᠴᠢᠭᠡᠷ ᠭᠤᠶᠤᠴᠢᠯᠠᠨ ᠲᠣᠭᠲᠠᠪᠤᠷᠢ ᠦᠭᠡᠢ ᠨᠡᠭᠦᠳᠡᠯᠯᠡᠨ ᠰᠠᠭᠤᠵᠤ ᠪᠠᠶᠢᠭᠰᠠᠨ ᠢᠶᠠᠨ ᠡᠩᠬᠡ ᠠᠮᠤᠭᠤᠯᠠᠩ ᠤᠨ ᠬᠤᠷᠢᠨ ᠲᠠᠪᠤᠳᠤᠭᠠᠷ ᠣᠨ ︵1686︶  ᠳᠤ ᠴᠢᠩ ᠤᠨ ᠵᠠᠰᠠᠭ ᠠᠴᠠ ᠲᠤᠰᠬᠠᠢ ᠲᠦᠰᠢᠮᠡᠯ ᠲᠣᠮᠢᠯᠠᠨ ᠲᠣᠭᠲᠠᠪᠤᠷᠢ ᠲᠠᠢ ᠰᠠᠭᠤᠷᠢᠰᠢᠬᠤ ᠦᠷᠭᠡᠨ ᠠᠭᠤᠳᠠᠮ ᠨᠤᠲᠤᠭ ᠪᠡᠯᠴᠢᠭᠡᠷ ᠢ ᠲᠣᠳᠤᠷᠬᠠᠢ ᠵᠠᠭᠠᠭᠯᠠᠨ ᠦᠭᠭᠦᠭᠰᠡᠨ ᠪᠦᠭᠡᠳ ᠡᠩᠬᠡ ᠠᠮᠤᠭᠤᠯᠠᠩ ᠤᠨ ᠭᠤᠴᠢᠨ ᠵᠢᠷᠭᠤᠳᠤᠭᠠᠷ ᠣᠨ ︵1697︶᠂ ᠠᠷᠪᠠᠨ ᠬᠤᠶᠠᠳᠤᠭᠠᠷ ᠵᠢᠷᠠᠨ ᠤ ᠭᠠᠯ ᠦᠬᠡᠷ ᠵᠢᠯ ᠤᠨ ᠠᠷᠪᠠᠨ ᠨᠢᠭᠡᠳᠤᠭᠡᠷ ᠰᠠᠷ᠎ᠠ ᠶᠢᠨ ᠠᠷᠪᠠᠨ ᠳᠦᠷᠪᠡᠨ ᠤ ᠡᠳᠤᠷ᠂ ᠶᠡᠭᠡ ᠵᠣᠣ ᠶᠢᠨ ᠴᠢᠭᠤᠯᠭᠠᠨ ᠤ ᠬᠠᠩᠬᠢᠨ ᠪᠠᠶᠢᠰᠠ ᠶᠢᠨ ᠬᠤᠰᠢᠭᠤᠨ ᠤ ᠲᠦᠩ ᠰᠤᠬᠠᠢ ᠬᠡᠮᠡᠬᠦ ᠭᠠᠵᠠᠷ ᠡᠩᠬᠡ ᠠᠮᠤᠭᠤᠯᠠᠩ ᠬᠠᠭᠠᠨ ᠠᠴᠠ ᠬᠤᠷᠤᠯᠠᠢ ᠳᠤ ᠲᠦᠷᠤ ᠶᠢᠨ  ᠪᠠᠶᠢᠯᠠ ᠶᠢᠨ ᠬᠡᠷᠬᠡᠮ ᠢ ᠬᠦᠷᠲᠡᠭᠡᠵᠦ᠂ ᠵᠠᠰᠠᠭ ᠲᠠᠮᠠᠭ᠎ᠠ ᠱᠠᠩᠨᠠᠨ᠂ ᠬᠤᠰᠢᠭᠤ ᠵᠠᠰᠠᠭ ᠪᠠᠶᠢᠭᠤᠯᠬᠤ ᠶᠢ ᠵᠦᠪᠰᠢᠶᠡᠷᠡᠭᠰᠡᠨ ᠤᠴᠢᠷ ᠪᠠᠶᠠᠨ ᠠᠭᠤᠯᠠ ᠶᠢᠨ ᠠᠷᠤ ᠪᠡᠯ   ᠳᠠᠬᠢ ᠵᠠᠯ᠎ᠠ ᠮᠣᠳᠣᠨ ᠬᠡᠮᠡᠭᠦ ᠭᠠᠵᠠᠷ ︽ᠠᠯᠠᠱᠠ ᠬᠤᠱᠤᠳ ᠬᠤᠰᠢᠭᠤ︾ ᠬᠡᠮᠡᠨ ᠬᠠᠮᠤᠭ ᠠᠩᠬᠠᠨ ᠤ ᠬᠤᠰᠢᠭᠤ ᠵᠠᠰᠠᠭ ᠢᠶᠠᠨ ᠪᠠᠶᠢᠭᠤᠯᠵᠠᠢ᠃      ᠡᠩᠬᠡ ᠠᠮᠤᠭᠤᠯᠠᠩ ᠤᠨ ᠳᠦᠴᠢᠨ ᠬᠤᠶᠠᠳᠤᠭᠠᠷ ᠣᠨ ︵1703︶᠂ ᠠᠷᠪᠠᠨ ᠬᠤᠶᠠᠳᠤᠭᠠᠷ ᠵᠢᠷᠠᠨ ᠤ ᠤᠰᠤᠨ ᠬᠤᠨᠢᠨ ᠵᠢᠯ ᠬᠤᠷᠤᠯᠠᠢ ᠨᠣᠶᠠᠨ ᠵᠠᠯ᠎ᠠ ᠮᠣᠳᠤᠨ ᠳᠤ ᠪᠠᠶᠢᠭ᠎ᠠ ᠬᠤᠰᠢᠭᠤ ᠶᠠᠮᠤᠨ ᠢᠶᠠᠨ ᠰᠢᠷᠠᠪᠤᠷᠢᠳᠤ ᠶᠢᠨ ᠭᠤᠣᠯ ᠤᠨ ᠡᠬᠢᠨ ᠳᠤ ᠨᠡᠭᠦᠯᠭᠡᠨ ᠠᠪᠴᠢᠷᠠᠭᠠᠳ ︽ᠬᠠᠨᠨᠤᠤ ᠮᠠᠨᠳᠤᠯ ᠶᠡᠭᠡ ᠶᠠᠮᠤᠨ︾ ᠬᠡᠮᠡᠨ ᠪᠠᠶᠢᠭᠤᠯᠤᠭᠠᠳ᠂ ᠶᠠᠮᠤᠨ ᠠᠴᠠ ᠪᠠᠷᠠᠭᠤᠨ ᠡᠮᠤᠨᠡᠰᠢ ᠬᠤᠶᠠᠷ ᠭᠠᠵᠠᠷ ᠤᠨ ᠵᠠᠶᠢᠲᠠᠢ ᠭᠤᠣᠯ ᠤᠨ ᠪᠠᠷᠠᠭᠤᠨ ᠦᠨᠳᠤᠷ ᠰᠢᠯᠢ ︵ᠣᠳᠤ ᠪᠠᠶᠢᠭ᠎ᠠ ᠬᠠᠷ᠎ᠠ ᠪᠣᠯᠠᠭ ᠤᠨ ᠪᠠᠷᠠᠭᠤᠨ ᠳᠡᠨᠵᠢ︶ ᠳᠡᠭᠡᠷ᠎ᠡ ᠨᠢᠭᠡᠨ ᠣᠪᠤᠭ᠎ᠠ ᠪᠣᠰᠬᠠᠵᠤ ︽ᠦᠯᠵᠡᠢ ᠮᠠᠨᠳᠤᠯ ᠣᠪᠤᠭ᠎ᠠ︾ ᠬᠡᠮᠡᠨ ᠨᠡᠷᠡᠯᠡᠭᠰᠡᠨ ᠪᠦᠭᠡᠳ ᠬᠤᠰᠢᠭᠤ ᠶᠠᠮᠤᠨ ᠠᠴᠠ ᠵᠢᠯ ᠪᠦᠷᠢ ᠶᠢᠨ ᠪᠢᠯᠢᠭ ᠤᠨ ᠤᠯᠠᠷᠢᠯ ᠲᠠᠪᠤᠨ ᠰᠠᠷ᠎ᠠ ᠶᠢᠨ ᠠᠷᠪᠠᠨ ᠭᠤᠷᠪᠠᠨ ᠳᠤ ᠤᠯᠠᠭᠠᠨ ᠢᠶᠠᠷ ᠲᠠᠬᠢᠬᠤ ᠵᠣᠷᠰᠢᠯ ᠢ ᠪᠣᠢ ᠪᠣᠯᠭᠠᠵᠠᠢ᠃ ᠬᠤᠵᠢᠮ ᠨᠢ ᠠᠯᠠᠱᠠ ᠬᠤᠱᠤᠳ ᠬᠤᠰᠢᠭᠤᠨ ᠤ ᠬᠤᠶᠠᠳᠤᠭᠠᠷ ᠦᠶ᠎ᠡ ᠶᠢᠨ ᠵᠠᠰᠠᠭ ᠨᠣᠶᠠᠨ ᠠᠪᠤᠣ ᠡᠴᠢᠭᠡ ᠶᠢᠨ ᠰᠠᠭᠤᠷᠢᠨ ᠳᠤ ᠰᠠᠭᠤᠭᠰᠠᠨ ᠤ ᠳᠠᠷᠠᠭ᠎ᠠ ︽ᠬᠠᠨᠨᠤᠤ ᠮᠠᠨᠳᠤᠯ ᠶᠡᠭᠡ ᠶᠠᠮᠤᠨ︾ ᠢᠶᠠᠨ ᠲᠢᠩ ᠶᠤᠸᠠᠨ ᠢᠩ ︵ᠣᠳᠤ ᠶᠢᠨ ᠪᠠᠶᠠᠨᠬᠤᠲᠠ︶ ᠳᠤ ᠨᠡᠭᠦᠯᠭᠡᠵᠦ ᠢᠷᠡᠬᠦ ᠳᠡᠭᠡᠨ ᠲᠤᠰ ᠣᠪᠤᠭ᠎ᠠ ᠶᠢ ᠪᠠᠭ ᠲᠤ ᠦᠭᠴᠦ᠂ ᠪᠠᠭ ᠤᠨ ᠲᠠᠭᠠᠭᠠᠮᠠᠯ ᠡᠵᠡᠨ ᠪᠣᠯᠵᠤ ᠲᠠᠬᠢᠵᠤ ᠡᠬᠢᠯᠡᠭᠰᠡᠨ ᠠᠴᠠ ᠬᠦᠮᠦᠰ ︽ᠡᠬᠢᠨ ᠶᠠᠮᠤᠨ ᠤ ᠣᠪᠤᠭ᠎ᠠ︾᠂ ︽ᠰᠢᠷᠠᠪᠤᠷᠢᠳᠤ ᠶᠢᠨ ᠣᠪᠤᠭ᠎ᠠ︾ ᠭᠡᠬᠦ ᠮᠡᠲᠤ ᠠᠳᠠᠯᠢ ᠪᠣᠰᠤ ᠨᠡᠷ᠎ᠡ ᠳᠠᠭᠤᠳᠠᠯᠭ᠎ᠠ ᠶᠢ ᠬᠡᠷᠡᠭᠯᠡᠭᠰᠡᠭᠡᠷ ᠪᠠᠶᠢᠵᠦ ᠣᠳᠤ ᠪᠣᠯᠵᠠᠢ᠃ ᠲᠣᠬᠠᠢ ᠶᠢᠨ ᠦᠶ᠎ᠡ ᠠᠴᠠ ᠨᠡᠶᠢᠲᠡ ᠶᠢᠨ ᠣᠨ ᠲᠣᠭᠠᠯᠠᠯ ᠤᠨ 1964 ᠣᠨ ᠬᠦᠷᠲᠡᠯ᠎ᠡ ᠰᠢᠷᠠᠪᠦᠷᠢᠳᠤ ᠶᠢᠨ ᠮᠠᠯᠴᠢᠨ ᠲᠦᠮᠡᠨ ᠡᠷ᠎ᠡ ᠶᠢᠨ ᠭᠤᠷᠪᠠᠨ ᠨᠠᠭᠠᠳᠤᠮ ᠢᠶᠠᠷ ᠴᠡᠩᠬᠡᠯ ᠪᠠᠷᠢᠵᠤ ᠬᠡᠳᠤᠨ ᠡᠳᠦᠷ ᠤᠨ ᠲᠠᠬᠢᠯᠭ᠎ᠠ ᠬᠢᠳᠡᠭ  ᠪᠠᠶᠢᠭᠰᠠᠨ᠃ ᠭᠡᠬᠦ ᠳᠡᠭᠡᠨ ᠲᠤᠰ ᠣᠪᠤᠭ᠎ᠠ ᠨᠢ ᠬᠠᠮᠤᠭ ᠠᠩᠬ᠎ᠠ ᠬᠤᠰᠢᠭᠤ ᠵᠠᠰᠠᠭ ᠤᠨ ᠨᠣᠶᠠᠨ ᠣᠪᠤᠭ᠎ᠠ ᠪᠣᠯᠬᠤ ᠤᠴᠢᠷ ᠪᠠᠭ ᠲᠤ ᠬᠠᠷᠢᠶᠠᠯᠠᠭᠤᠯᠤᠭᠰᠠᠨ ᠤ ᠰᠡᠭᠦᠯᠡᠷ ᠠᠩᠬᠠᠨ ᠤ ᠪᠠᠭ ᠤᠨ ᠳᠠᠭᠠᠭᠠᠮᠠᠯ ᠠᠴᠠ ᠣᠳᠤ ᠶᠢᠨ ᠣᠪᠤᠭᠠᠨ ᠳᠠᠭᠠᠭᠠᠮᠠᠯ ᠬᠦᠷᠳᠡᠯ᠎ᠡ ᠪᠢᠯᠢᠭ ᠤᠨ ᠤᠯᠠᠷᠢᠯ ᠤᠨ ᠲᠠᠪᠤᠨ ᠰᠠᠷ᠎ᠠ ᠶᠢᠨ ᠳᠣᠲᠤᠷ᠎ᠠ ᠭᠡᠶᠢᠳ ᠠᠴᠠ ᠡᠳᠦᠷ ᠦᠵᠡᠭᠦᠯᠵᠦ ᠪᠠᠶᠢᠭᠠᠳ ᠲᠠᠬᠢᠬᠤ ᠪᠣᠯᠤᠭᠰᠠᠨ ᠭᠡᠳᠡᠭ᠃      ᠠᠯᠠᠱᠠ ᠬᠤᠱᠤᠳ ᠬᠤᠰᠢᠭᠤᠨ ᠤ ᠬᠤᠶᠠᠳᠤᠭᠠᠷ ᠦᠶ᠎ᠡ ᠶᠢᠨ ᠵᠠᠰᠠᠭ ᠨᠣᠶᠠᠨ ᠠᠪᠤᠤ ᠶᠢᠨ ᠦᠶ᠎ᠡ ᠳᠤ᠂ ᠳᠠᠷᠤᠢ ᠡᠩᠬᠡ ᠠᠮᠤᠭᠤᠯᠠᠩ ᠤᠨ ᠲᠠᠪᠢᠨ ᠲᠠᠪᠤᠳᠤᠭᠠᠷ ᠣᠨ ︵1716 ᠣᠨ︶ ᠳᠤ᠂ ᠠᠷᠪᠠᠨ ᠬᠤᠶᠠᠳᠤᠭᠠᠷ  ᠵᠢᠷᠠᠨ ᠤ ᠭᠠᠯ ᠪᠡᠴᠢᠨ ᠵᠢᠯ ᠵᠢᠷᠭᠤᠳᠤᠭᠠᠷ ᠳᠦᠷᠢ ᠶᠢᠨ ᠳᠠᠯᠠᠢ ᠯᠠᠮᠠ ᠯᠣᠪᠰᠠᠩᠷᠢᠨᠴᠢᠨᠽᠠᠩᠶᠠᠩᠵᠠᠮᠰᠤ ︵ᠳᠡᠭᠡᠲᠤ ᠶᠢᠨ ᠦᠨᠳᠤᠷ ᠭᠡᠭᠡᠨ︶ ᠪᠠᠷᠠᠭᠤᠨ  ᠲᠦᠪᠡᠳ ᠠᠴᠠ ᠭᠠᠷᠴᠤ᠂ ᠬᠠᠭᠤᠴᠢᠨ ᠰᠢᠷ᠎ᠠ ᠵᠠᠮ ᠢ ᠲᠠᠭᠠᠨ ᠠᠯᠠᠱᠠ ᠶᠢᠨ ᠬᠠᠮᠤᠭ ᠤᠨ ᠪᠠᠷᠠᠭᠤᠨ ᠵᠠᠬ᠎ᠠ ᠶᠢᠨ ᠴᠣᠬᠤᠷ ᠲᠣᠯᠤᠭᠠᠢ ᠬᠡᠮᠡᠭᠴᠢ ᠭᠠᠵᠠᠷ ᠢᠶᠠᠷ ᠣᠷᠤᠵᠤ ᠢᠷᠡᠭᠡᠳ ᠦᠷᠭᠦᠯᠵᠢᠯᠡᠨ ᠵᠡᠭᠦᠨᠰᠢ ᠶᠠᠪᠤᠬᠤ ᠵᠠᠮ ᠳᠠᠭᠠᠨ ᠠᠭᠤᠯᠠ ᠣᠷᠤᠢ᠂ ᠦᠨᠳᠤᠷ ᠰᠢᠯᠢ ᠲᠤᠯᠤᠭᠠᠳ ᠢᠶᠠᠷ ᠭᠠᠷᠴᠤ ᠠᠯᠤᠰ ᠢ ᠪᠠᠷᠠᠯᠠᠨ᠂ ᠰᠠᠩ ᠲᠠᠯᠪᠢᠵᠤ᠂ ᠭᠠᠯ ᠬᠦᠭᠵᠢᠭᠡᠵᠦ ᠴᠠᠢ ᠴᠢᠨᠠᠵᠤ ᠣᠣᠭᠤᠬᠤ ᠵᠡᠷᠭᠡ ᠤᠶᠢᠯᠡ ᠶᠠᠪᠤᠳᠠᠯ ᠢᠶᠠᠷ ᠢᠶᠠᠨ ᠬᠦᠮᠦᠰ ᠲᠤ ᠭᠦᠨ ᠰᠠᠭᠤᠭᠳᠠᠯ ᠲᠠᠢ ᠲᠡᠥᠭᠡ ᠶᠢᠨ ᠤᠯᠠ ᠮᠦᠷ ᠦᠯᠡᠳᠡᠭᠡᠭᠰᠡᠨ ᠠᠴᠠ ᠬᠤᠵᠢᠮ ᠤᠨ ᠬᠦᠮᠦᠰ ᠡᠨᠡᠬᠦ ᠲᠡᠥᠭᠡ ᠶᠢᠨ ᠠᠯᠳᠠᠷᠲᠤ ᠬᠦᠮᠦᠨ ᠤ ᠤᠯᠠ ᠮᠦᠷ ᠢ ᠲᠠᠭᠠᠨ ᠣᠪᠤᠭ᠎ᠠ ᠪᠣᠰᠬᠠᠵᠤ ᠳᠤᠷᠠᠰᠬᠠᠭᠰᠠᠨ ᠤᠴᠢᠷ ᠲᠠᠢ᠃ ᠪᠣᠲᠠᠲᠠᠢ ᠪᠠᠷ ᠬᠡᠯᠡᠪᠡᠯ ᠠᠯᠠᠱᠠ ᠬᠤᠱᠤᠳ ᠬᠤᠰᠢᠭᠤᠨ ᠤ ᠠᠩᠬᠠᠳᠤᠭᠠᠷ ᠦᠶ᠎ᠡ ᠶᠢᠨ ᠵᠠᠰᠠᠭ ᠨᠣᠶᠠᠨ ᠬᠤᠷᠤᠯᠠᠢ ᠪᠣᠯᠤᠨ ᠠᠯᠠᠱᠠ ᠬᠤᠱᠤᠳ ᠬᠤᠰᠢᠭᠤᠨ ᠤ ᠬᠤᠶᠠᠳᠤᠭᠠᠷ ᠦᠶ᠎ᠡ ᠶᠢᠨ ᠵᠠᠰᠠᠭ ᠨᠣᠶᠠᠨ ᠠᠪᠤᠤ ᠵᠢᠴᠢ ᠵᠢᠷᠭᠤᠳᠤᠭᠠᠷ ᠳᠦᠷᠢ ᠶᠢᠨ ᠳᠠᠯᠠᠢ ᠯᠠᠮᠠ ᠯᠣᠪᠰᠠᠩᠷᠢᠨᠴᠢᠨᠽᠠᠩᠶᠠᠩᠵᠠᠮᠰᠤ  ᠂ ᠠᠩᠬ᠎ᠠ  ᠬᠤᠷᠤᠯᠠᠢ ᠨᠣᠶᠠᠨ ᠢ ᠳᠠᠭᠠᠵᠤ ᠠᠯᠠᠱᠠ ᠳᠤ ᠢᠷᠡᠭᠰᠡᠨ ᠲᠠᠬᠢᠯᠴᠢ ᠳᠡᠳᠭᠦᠭᠴᠢ ᠶᠢᠨ ᠡᠴᠤᠰ ᠬᠦᠷᠲᠡᠯᠡᠬᠢ ᠵᠠᠭᠤᠭᠠᠳ ᠵᠢᠯ ᠤᠨ ᠬᠤᠭᠤᠴᠠᠭᠠᠨ ᠳᠤ ᠠᠯᠠᠱᠠ ᠶᠢᠨ ᠦᠷᠭᠡᠨ ᠠᠭᠤᠳᠠᠮ ᠨᠤᠲᠤᠭ ᠳᠡᠪᠢᠰᠭᠡᠷ ᠳᠡᠭᠡᠷ᠎ᠡ ᠶᠡᠭᠡ ᠪᠠᠭ᠎ᠠ ᠣᠪᠤᠭ᠎ᠠ ᠰᠢᠪᠡᠭᠡ ᠣᠳᠤᠨ ᠮᠡᠴᠢᠨ ᠮᠡᠲᠤ ᠪᠣᠰᠬᠠᠭᠳᠠᠨ᠂ ᠨᠤᠲᠤᠭ ᠣᠷᠳᠣᠨ ᠢᠶᠠᠨ ᠡᠵᠡᠯᠡᠨ ᠬᠠᠮᠠᠭᠠᠯᠠᠵᠤ᠂ ᠬᠠᠯᠳᠠᠬᠤ ᠳᠠᠶᠢᠰᠤᠨ ᠦᠭᠡᠢ᠂ ᠳᠦᠷᠢᠮᠡᠬᠡᠶᠢᠯᠡᠬᠦ ᠳᠡᠭᠡᠷᠡᠮ ᠦᠭᠡᠢ᠂ ᠠᠭᠤᠯᠠ ᠤᠰᠤᠨ ᠤ ᠪᠠᠨ ᠡᠵᠡᠳ ᠨᠠᠪᠳᠠᠭ ᠰᠠᠪᠳᠠᠭ ᠢ ᠪᠠᠶᠠᠰᠬᠠᠨ᠂ ᠬᠤᠷ᠎ᠠ ᠪᠣᠷᠤᠭᠠᠨ ᠡᠯᠪᠡᠭ᠂ ᠡᠪᠡᠰᠤ ᠪᠡᠯᠴᠢᠭᠡᠷ ᠦᠩᠰᠡᠭ ᠂ ᠠᠵᠦ ᠠᠮᠢᠳᠤᠷᠠᠯ ᠪᠠᠶᠠᠨ ᠴᠢᠨᠡᠭᠡᠯᠢᠭ᠂ ᠠᠵᠢᠯ ᠤᠶᠢᠯᠡᠰ ᠦᠭᠡᠳᠡ ᠡᠰᠡᠷᠡᠭ᠂ ᠬᠡᠶᠢᠮᠣᠷᠢ ᠴᠤᠭ ᠰᠦᠯᠳᠡ ᠲᠠᠢ ᠣᠷᠤᠰᠢᠨ ᠠᠮᠢᠳᠤᠷᠠᠬᠤ ᠠᠷᠠᠳ ᠢᠷᠭᠡᠳ ᠤᠨ ᠤᠶᠤᠨ ᠰᠠᠨᠠᠭᠠᠨ ᠤ ᠰᠦᠷ ᠵᠢᠪᠬᠤᠭ᠎ᠠ ᠪᠣᠯᠵᠤ ᠲᠣᠭᠲᠠᠭᠰᠠᠨ ᠪᠦᠭᠡᠳ ᠢᠰᠡᠭᠡᠢ ᠲᠣᠭᠤᠷᠭᠠᠲᠠᠨ ᠤ ᠰᠣᠶᠣᠯ ᠤᠨ ᠦᠪ ᠢ ᠬᠠᠳᠠᠭᠠᠯᠠᠵᠤ ᠢᠷᠡᠭᠰᠡᠨ ᠲᠡᠥᠭᠡ ᠲᠠᠢ᠃      ᠡᠳᠡᠭᠡᠷ ᠣᠪᠤᠭᠠᠳ ᠢ ᠲᠠᠮᠠᠭ᠎ᠠ ᠶᠢᠨ ᠶᠠᠮᠤᠨ ᠳᠤ ᠬᠠᠷᠢᠶᠠᠯᠠᠭᠳᠠᠬᠤ ᠨᠣᠶᠠᠨ ᠣᠪᠤᠭ᠎ᠠ᠂ ᠰᠦᠮ᠎ᠡ ᠳᠤ ᠬᠠᠷᠢᠶᠠᠯᠠᠭᠳᠠᠬᠤ ᠭᠡᠶᠢᠳ ᠤᠨ ᠣᠪᠤᠭ᠎ᠠ᠂ ᠪᠠᠭ ᠤᠨ ᠣᠪᠤᠭ᠎ᠠ᠂ ᠬᠠᠷᠠᠭᠤᠯ ᠤᠨ ᠣᠪᠤᠭ᠎ᠠ᠂ ᠣᠪᠤᠭ ᠤᠨ ᠣᠪᠤᠭ᠎ᠠ᠂ ᠠᠶᠢᠯ ᠤᠨ ᠣᠪᠤᠭ᠎ᠠ ᠭᠡᠵᠦ ᠬᠤᠪᠢᠶᠠᠳᠠᠭ ᠪᠠᠶᠢᠭᠰᠠᠨ ᠪᠦᠭᠡᠳ ᠬᠠᠷᠢᠶᠠᠯᠠᠭᠳᠠᠬᠤ  ᠪᠣᠢ ᠪᠦᠬᠦᠢ ᠲᠠᠯ᠎ᠠ ᠠᠴᠠ ᠨᠢ  ᠡᠵᠡᠨ ᠪᠣᠯᠵᠤ ᠲᠠᠬᠢᠬᠤ ᠤᠴᠢᠷ ᠲᠠᠢ ᠪᠠᠶᠢᠵᠠᠢ᠃ ᠣᠪᠤᠭᠠᠳ ᠤᠨ ᠨᠡᠷ᠎ᠡ ᠨᠢ ᠣᠯᠠᠩᠬᠢ ᠳᠠᠭᠠᠨ ᠭᠠᠵᠠᠷ ᠤᠨ ᠨᠡᠷ᠎ᠡ᠂ ᠬᠦᠮᠦᠨ ᠤ ᠨᠡᠷ᠎ᠡ ᠪᠣᠶᠤ ᠲᠡᠥᠭᠡ ᠶᠢᠨ ᠳᠤᠷᠠᠰᠬᠠᠯᠲᠤ ᠨᠡᠷ᠎ᠡ ᠲᠣᠮᠢᠶ᠎ᠠ ᠠᠴᠠ ᠢᠷᠡᠯᠲᠡ ᠲᠠᠢ ᠪᠠᠶᠢᠳᠠᠭ᠃ ᠡᠮᠵᠢᠭ ᠲᠠᠢ ᠲᠠᠯ᠎ᠠ ᠨᠢ ᠭᠡᠪᠡᠯ ᠡᠳᠡᠭᠡᠷ ᠣᠪᠤᠭᠠᠳ ᠤᠨ ᠪᠣᠰᠬᠠᠭᠳᠠᠭᠰᠠᠨ ᠣᠨ ᠵᠢᠯ᠂ ᠴᠠᠭ ᠬᠤᠭᠤᠴᠠᠭ᠎ᠠ᠂ ᠲᠡᠥᠭᠡ ᠳᠣᠮᠤᠭ ᠲᠤᠩ ᠪᠠᠯᠠᠷᠬᠠᠢ ᠪᠠᠶᠢᠵᠤ᠂ ᠲᠡᠥᠭᠡ ᠱᠠᠰᠳᠢᠷ ᠳᠡᠭᠡᠷ᠎ᠡ ᠲᠡᠮᠲᠡᠭᠯᠡᠭᠳᠡᠭᠰᠡᠨ ᠨᠡᠷ᠎ᠡ ᠲᠦᠷᠤ ᠲᠠᠢ ᠣᠪᠤᠭᠠᠳ ᠢ ᠭᠠᠷᠭᠠᠪᠠᠯ  ᠣᠯᠠᠩᠬᠢ ᠲᠣᠭᠠᠨ ᠤ ᠣᠪᠤᠭᠠᠳ ᠤᠨ ᠲᠡᠥᠭᠡ ᠨᠠᠮᠳᠠᠷ ᠨᠢ ᠵᠦᠪᠬᠡᠨ ᠪᠦᠷᠢᠨ ᠪᠣᠰᠤ ᠦᠯᠢᠭᠡᠷ ᠳᠣᠮᠤᠭ ᠲᠡᠳᠤᠢ ᠪᠣᠯᠤᠭᠰᠠᠨ ᠪᠠᠶᠢᠨ᠎ᠠ᠃                                    ᠤᠯᠠᠭᠠᠨᠬᠠᠳᠠ ᠡᠳᠦᠷ ᠤᠨ ᠰᠣᠨᠢᠨ ᠠᠴᠠ
 
ᠢᠷᠡᠯᠲᠡ᠄ ᠣᠩᠨᠢᠭᠤᠳ ᠬᠤᠰᠢᠭᠤᠨ ᠤ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备14003692号