ᠮᠣᠩᠭᠤᠯᠴᠤᠳ ᠤᠨ ᠮᠠᠯ ᠲᠠᠮᠠᠭᠠᠯᠠᠬᠤ ᠵᠠᠩᠰᠢᠯ
ᠨᠡᠶᠢᠲᠡᠯᠡᠭᠰᠡᠨ ᠴᠠᠭ᠄
2016/7/27
     ᠮᠣᠩᠭᠤᠯᠴᠤᠳ ᠡᠷᠲᠡ ᠳᠡᠭᠡᠲᠤ ᠠᠴᠠ ᠪᠠᠨ ᠡᠬᠢᠯᠡᠨ ᠦᠪᠡᠷ ᠤᠨ ᠡᠷᠬᠢᠯᠡᠨ ᠡᠵᠡᠮᠰᠢᠭᠰᠡᠨ ᠣᠯᠠᠨ ᠵᠠᠭᠤᠨ ᠮᠢᠩᠭᠠᠨ ᠮᠠᠯ ᠰᠦᠷᠦᠭ ᠢᠶᠠᠨ ᠲᠠᠨᠢᠨ ᠪᠦᠷᠢᠳᠭᠡᠬᠦ ᠳᠡᠭᠡᠨ ᠮᠠᠯ ᠤᠨ ᠦᠩᠭᠡ ᠵᠢᠰᠤᠮ᠂ ᠨᠠᠰᠤ ᠰᠢᠲᠦ᠂ ᠳᠦᠷᠰᠤ ᠶᠠᠩᠵᠤ ᠪᠠᠶᠢᠳᠠᠯ ᠵᠡᠷᠭᠡ ᠪᠠᠷ ᠨᠢ ᠵᠢᠰᠤᠯᠡᠨ ᠢᠯᠭᠠᠪᠤᠷᠢᠯᠠᠬᠤ ᠠᠷᠭ᠎ᠠ ᠴᠢᠳᠠᠪᠤᠷᠢ ᠶᠢ ᠪᠣᠯᠪᠠᠰᠤᠷᠠᠭᠤᠯᠤᠭᠰᠠᠨ ᠠᠴᠠ ᠭᠠᠳᠠᠨ᠎ᠠ ᠪᠠᠰᠠ ᠨᠢᠭᠡ ᠴᠢᠬᠤᠯᠠ ᠪᠠᠷᠢᠮᠳᠠ ᠲᠡᠮᠲᠡᠭ  ᠲᠠᠮᠠᠭ᠎ᠠ ᠶᠢ ᠡᠭᠦᠳᠤᠨ ᠪᠦᠲᠤᠭᠡᠭᠰᠡᠨ ᠶᠤᠮ᠃      ᠮᠠᠯ ᠤᠨ ᠲᠠᠮᠠᠭ᠎ᠠ ᠳᠤ ᠲᠣᠮᠣ ᠲᠠᠮᠠᠭ᠎ᠠ᠂ ᠪᠠᠭ᠎ᠠ ᠲᠠᠮᠠᠭ᠎ᠠ  ᠭᠡᠵᠦ ᠬᠤᠶᠠᠷ ᠵᠤᠶᠢᠯ ᠪᠠᠶᠢᠳᠠᠭ᠃ ᠲᠣᠮᠣ ᠲᠠᠮᠠᠭ᠎ᠠ ᠶᠢ ᠲᠡᠮᠡᠭᠡ ᠠᠳᠤᠭᠤᠨ ᠤ ᠪᠡᠶ᠎ᠡ ᠶᠢᠨ ᠠᠷᠠᠰᠤᠨ ᠳᠡᠭᠡᠷ᠎ᠡ᠂ ᠪᠠᠭ᠎ᠠ ᠲᠠᠮᠠᠭ᠎ᠠ ᠶᠢ ᠦᠬᠡᠷ᠂ ᠬᠤᠨᠢ᠂ ᠢᠮᠠᠭᠠᠨ ᠤ ᠡᠪᠡᠷ ᠴᠢᠬᠢᠨ ᠳᠡᠭᠡᠷ᠎ᠡ ᠳᠠᠷᠤᠬᠤ ᠳᠤ ᠵᠣᠷᠢᠭᠤᠯᠤᠭᠰᠠᠨ ᠪᠠᠶᠢᠳᠠᠭ᠃ ᠪᠣᠲᠠ ᠪᠣᠭ ᠮᠠᠯ ᠢ 2 ᠠᠴᠠ 3 ᠨᠠᠰᠤ ᠬᠦᠷᠬᠦ  ᠳᠤ ᠬᠠᠪᠤᠷ ᠨᠠᠮᠤᠷ ᠤᠨ ᠤᠯᠠᠷᠢᠯ ᠳᠤ ᠲᠠᠮᠠᠭᠠᠯᠠᠨ᠎ᠠ᠃ ᠮᠠᠯ ᠤᠨ ᠪᠡᠶ᠎ᠡ ᠶᠢᠨ ᠠᠷᠠᠰᠤᠨ ᠳᠡᠭᠡᠷ᠎ᠡ ᠲᠠᠮᠠᠭᠠᠯᠠᠬᠤ ᠳᠠᠭᠠᠨ ᠲᠠᠮᠠᠭ᠎ᠠ ᠳᠠᠷᠤᠬᠤ ᠬᠡᠰᠡᠭ ᠤᠨ ᠦᠰᠤ ᠨᠤᠣᠰᠤ ᠶᠢ ᠨᠢ ᠬᠠᠶᠢᠴᠢᠯᠠᠬᠤ ᠪᠣᠶᠤ ᠤᠰᠤ ᠪᠠᠷ ᠨᠤᠷᠠᠭᠠᠭᠰᠠᠨ ᠤ ᠳᠠᠷᠠᠭ᠎ᠠ ᠭᠠᠯ ᠳᠤ ᠤᠯᠠᠶᠢᠯᠭᠠᠭᠰᠠᠨ ᠲᠠᠮᠠᠭ᠎ᠠ ᠪᠠᠨ ᠲᠡᠩᠴᠡᠭᠦᠷᠢ ᠲᠣᠬᠢᠷᠠᠮᠵᠢᠲᠠᠢ ᠳᠤᠷᠠᠶᠢᠲᠠᠯ᠎ᠠ ᠲᠣᠳᠣ ᠳᠠᠷᠤᠨ᠎ᠠ᠃      ᠲᠠᠮᠠᠭ᠎ᠠ ᠶᠢ ᠮᠠᠯ ᠤᠨ ᠪᠡᠶ᠎ᠡ ᠶᠢᠨ ᠠᠯᠢ ᠬᠡᠰᠡᠭ ᠲᠤ ᠶᠠᠭᠠᠬᠢᠵᠤ ᠳᠠᠷᠤᠬᠤ ᠲᠣᠬᠠᠢ ᠲᠣᠭᠲᠠᠭᠰᠠᠨ ᠵᠢᠷᠤᠮ ᠪᠠᠶᠢᠳᠠᠭ᠃ ᠲᠣᠬᠠᠶᠢᠯᠠᠪᠠᠯ ᠲᠡᠮᠡᠭᠡᠨ ᠤ ᠵᠦᠪᠲᠡᠢ ᠲᠠᠯ᠎ᠠ ᠶᠢᠨ ᠬᠠᠴᠠᠷ᠂ ᠭᠤᠶ᠎ᠠ᠂ ᠲᠠᠰᠢᠶ᠎ᠠ ᠪᠠ ᠪᠣᠷᠤᠭᠤᠲᠠᠢ ᠲᠠᠯ᠎ᠠ ᠶᠢᠨ ᠭᠤᠶ᠎ᠠ᠂ ᠲᠠᠰᠢᠶ᠎ᠠ ᠳᠡᠭᠡᠷ᠎ᠡ᠂ ᠠᠳᠤᠭᠤᠨ ᠤ ᠵᠦᠪᠲᠡᠢ  ᠲᠠᠯ᠎ᠠ ᠶᠢᠨ ᠭᠤᠶ᠎ᠠ᠂ ᠲᠠᠰᠢᠶ᠎ᠠ ᠪᠠ ᠪᠣᠷᠤᠭᠤᠲᠠᠢ ᠲᠠᠯ᠎ᠠ ᠶᠢᠨ ᠭᠤᠶ᠎ᠠ᠂ ᠲᠠᠰᠢᠶ᠎ᠠ ᠵᠡᠷᠭᠡ ᠭᠠᠵᠠᠷ ᠳᠠᠷᠤᠨ᠎ᠠ᠃ ᠠᠳᠤᠭᠤᠨ ᠤ ᠵᠦᠪ ᠪᠣᠷᠤᠭᠤ ᠬᠤᠶᠠᠷ ᠬᠠᠴᠠᠷ ᠪᠣᠶᠤ ᠲᠡᠮᠡᠭᠡᠨ ᠤ ᠪᠣᠷᠤᠭᠤᠲᠠᠢ‌‍ᠲ᠋ᠠᠯ᠎ᠠ ᠶᠢᠨ ᠬᠠᠴᠠᠷ ᠳᠡᠭᠡᠷ᠎ᠡ ᠲᠠᠮᠠᠭ᠎ᠠ ᠳᠠᠷᠤᠳᠠᠭ ᠦᠭᠡᠢ᠃ ᠵᠠᠷᠢᠮ ᠨᠤᠲᠤᠭ ᠲᠤ ︽ᠪᠣᠷᠤᠭᠤᠲᠠᠢ ᠲᠠᠯ᠎ᠠ ᠶᠢᠨ ᠲᠠᠮᠠᠭ᠎ᠠ ᠪᠣᠯ ᠪᠠᠷᠠᠭᠳᠠᠬᠤ ᠶᠢᠨ ᠲᠡᠮᠲᠡᠭ︾ ᠬᠡᠮᠡᠨ ᠠᠯᠢ ᠴᠤ ᠮᠠᠯ ᠤᠨ ᠪᠣᠷᠤᠭᠤᠲᠠᠢ ᠲᠠᠯ᠎ᠠ ᠶᠢᠨ ᠪᠡᠶ᠎ᠡ ᠳᠡᠭᠡᠷ᠎ᠡ ᠶᠡᠷᠤ ᠲᠠᠮᠠᠭ᠎ᠠ ᠳᠠᠷᠤᠳᠠᠭ ᠦᠭᠡᠢ ᠵᠠᠩᠰᠢᠯ  ᠴᠤ ᠪᠠᠶᠢᠳᠠᠭ᠃ ᠦᠬᠡᠷ ᠤᠨ ᠪᠡᠶ᠎ᠡ ᠶᠢᠨ ᠠᠷᠠᠰᠤᠨ ᠳᠡᠭᠡᠷ᠎ᠡ ᠶᠡᠷᠤ ᠲᠠᠮᠠᠭ᠎ᠠ  ᠳᠠᠷᠤᠬᠤ ᠨᠢ ᠲᠤᠩ ᠴᠦᠬᠡᠨ᠂ ᠭᠤᠣᠯᠳᠠᠭᠤ ᠡᠪᠡᠷ ᠳᠡᠭᠡᠷ᠎ᠡ ᠨᠢ ᠲᠠᠮᠠᠭ᠎ᠠ ᠳᠠᠷᠤᠳᠠᠭ᠂ ᠣᠨᠴᠠ ᠵᠠᠷᠢᠮ ᠲᠣᠶᠢᠮᠠᠭ ᠦᠬᠡᠷ ᠲᠤ ᠪᠣᠯ ᠲᠠᠰᠢᠶ᠎ᠠ ᠳᠡᠭᠡᠷ᠎ᠡ   ᠨᠢ ᠲᠠᠮᠠᠭᠠᠯᠠᠨ᠎ᠠ᠃ ᠬᠤᠨᠢ ᠢᠮᠠᠭ᠎ᠠ ᠶᠢᠨ ᠡᠪᠡᠷ ᠳᠡᠭᠡᠷ᠎ᠡ ᠲᠠᠮᠠᠭᠠᠯᠠᠨ᠎ᠠ᠃ ᠵᠠᠷᠢᠮ ᠮᠣᠬᠤᠷ ᠬᠤᠨᠢ᠂ ᠢᠮᠠᠭ᠎ᠠ ᠶᠢᠨ ᠴᠢᠬᠢᠨ ᠳᠡᠭᠡᠷ᠎ᠡ ᠲᠠᠮᠠᠭᠠᠯᠠᠬᠤ ᠶᠢ ᠭᠠᠷᠭᠠᠪᠠᠯ ᠬᠤᠨᠢ ᠢᠮᠠᠭᠠᠨ ᠤ ᠪᠡᠶ᠎ᠡ ᠶᠢᠨ ᠦᠭᠡᠷ᠎ᠡ ᠬᠡᠰᠡᠭ ᠲᠤ ᠲᠠᠮᠠᠭᠠᠯᠠᠬᠤ ᠦᠭᠡᠢ᠃ ᠮᠠᠯ ᠲᠠᠮᠠᠭᠠᠯᠠᠬᠤ ᠳᠤ ᠲᠠᠮᠠᠭ᠎ᠠ ᠶᠢᠨ ᠳᠡᠭᠡᠲᠤ ᠲᠠᠯ᠎ᠠ ᠶᠢ ᠡᠷᠬᠡᠪᠰᠢ ᠡᠭᠴᠡ ᠦᠭᠡᠲᠡ ᠬᠠᠨᠳᠤᠭᠤᠯᠬᠤ ᠪᠣᠶᠤ ᠮᠠᠯ ᠤᠨ ᠲᠣᠯᠤᠭᠠᠢ ᠵᠦᠭ ᠬᠠᠨᠳᠤᠭᠤᠯᠵᠤ ᠳᠠᠷᠤᠨ᠎ᠠ᠃      ᠮᠣᠩᠭᠤᠯᠴᠤᠳ ᠰᠠᠷᠠᠨ ᠲᠠᠮᠠᠭ᠎ᠠ ᠶᠢ ᠬᠠᠮᠤᠭ ᠤᠨ ᠡᠷᠬᠢᠮ ᠳᠡᠭᠡᠲᠤ ᠲᠠᠮᠠᠭ᠎ᠠ ᠬᠡᠮᠡᠨ ᠦᠵᠡᠵᠤ ᠲᠡᠭᠦᠨ ᠤ ᠬᠤᠶᠠᠷ ᠦᠵᠦᠭᠦᠷ ᠢ ᠮᠠᠯ ᠤᠨ ᠲᠣᠯᠤᠭᠠᠢ ᠵᠦᠭ ᠬᠠᠨᠳᠤᠭᠤᠯᠵᠤ ᠳᠠᠷᠤᠨ᠎ᠠ᠃ ᠰᠠᠷᠠᠨ ᠲᠠᠮᠠᠭ᠎ᠠ ᠶᠢᠨ ᠤᠴᠢᠷ ᠨᠢ ᠰᠠᠷ᠎ᠠ ᠪᠦᠷᠢ ᠶᠢᠨ ᠰᠢᠨᠡᠳ ᠢᠶᠠᠷ ᠬᠠᠪᠢᠷᠭᠠᠨ ᠰᠠᠷ᠎ᠠ ᠭᠠᠷᠴᠤ ᠡᠳᠤᠷ ᠠᠴᠠ ᠡᠳᠤᠷ ᠲᠣᠮᠤᠷᠠᠭᠰᠠᠭᠠᠷ ᠠᠷᠪᠠᠨ ᠲᠠᠪᠤᠨ ᠤ ᠡᠳᠦᠷ ᠪᠦᠬᠦᠯᠢ ᠲᠦᠭᠦᠷᠢᠭ ︵ ᠲᠡᠷᠭᠡᠯ︶ ᠪᠣᠯᠳᠠᠭ ᠶᠠᠪᠤᠳᠠᠯ ᠢᠶᠠᠷ ᠨᠢᠭᠡᠨ ᠠᠶᠢᠯ ᠡᠷᠤᠬᠡ ᠶᠢᠨ ᠮᠠᠯ ᠬᠦᠷᠤᠩᠭᠡ ᠨᠢ ᠴᠦᠭᠡᠨ ᠪᠠᠭᠤᠷᠠᠢ ᠪᠠᠶᠢᠭᠰᠠᠨ ᠶᠠᠪᠤᠳᠠᠯ ᠠᠴᠠ ᠪᠠᠨ ᠵᠢᠯ ᠳᠠᠷᠠᠭᠠᠯᠠᠨ ᠦᠨᠢᠷ ᠦᠰᠴᠤ ᠪᠠᠶᠠᠨ ᠴᠢᠨᠡᠭᠡᠯᠢᠭ ᠪᠣᠯᠬᠤ ᠶᠢ ᠪᠡᠯᠭᠡᠳᠡᠳᠡᠭ ᠪᠠᠶᠢᠨ᠎ᠠ᠃ ᠰᠣᠮᠣᠨ ᠲᠠᠮᠠᠭ᠎ᠠ ᠲᠠᠢ ᠠᠶᠢᠯ ᠦᠭᠡᠳᠡᠯᠡᠬᠦ ᠨᠢ ᠲᠦᠷᠭᠡᠨ᠂ ᠲᠣᠭᠤᠷᠠᠢ ᠲᠠᠮᠠᠭ᠎ᠠ ᠲᠠᠢ ᠠᠶᠢᠯ ᠤᠨ ᠠᠭᠲᠠ ᠬᠤᠷᠳᠤᠨ ᠪᠣᠯᠤᠨ᠎ᠠ᠃ ᠴᠢᠨᠳᠠᠮᠤᠨᠢ ᠲᠠᠮᠠᠭ᠎ᠠ ᠲᠠᠢ ᠠᠶᠢᠯ ᠶᠠᠳᠠᠭᠤᠷᠠᠬᠤ ᠦᠭᠡᠢ ᠭᠡᠬᠦ ᠮᠡᠳᠤᠴᠢᠯᠡᠨ ᠪᠡᠯᠭᠡᠯᠡᠨ ᠲᠠᠶᠢᠯᠪᠤᠷᠢᠯᠠᠵᠤ ᠶᠠᠷᠢᠳᠠᠭ ᠪᠢᠯᠡ᠃ ᠲᠠᠮᠠᠭ᠎ᠠ ᠳᠤ᠄ ᠰᠠᠷᠠᠨ ᠲᠠᠮᠠᠭ᠎ᠠ᠂ ᠨᠠᠷᠠ ᠰᠠᠷᠠᠨ ᠲᠠᠮᠠᠭ᠎ᠠ᠂ ᠵᠣᠭᠤᠰᠤᠨ ᠲᠠᠮᠠᠭ᠎ᠠ᠂ ᠴᠢᠨᠳᠠᠮᠤᠨᠢ ᠲᠠᠮᠠᠭ᠎ᠠ᠂ ᠵᠣᠣᠵᠢ ᠲᠠᠮᠠᠭ᠎ᠠ ᠭᠡᠬᠦ ᠮᠡᠲᠤ ᠶᠢᠨ ᠲᠠᠮᠠᠭ᠎ᠠ ᠪᠠᠶᠢᠨ᠎ᠠ᠃                                                                    ᠬᠤᠯᠪᠤᠭ᠎ᠠ ᠰᠦᠯᠵᠢᠶ᠎ᠡ ᠠᠴᠠ                                 ᠠᠯᠲᠠᠨᠯᠤᠤ ᠲᠢᠭᠯᠡᠨ ᠨᠡᠶᠢᠲᠡᠯᠡᠪᠡ
 
ᠢᠷᠡᠯᠲᠡ᠄ ᠣᠩᠨᠢᠭᠤᠳ ᠬᠤᠰᠢᠭᠤᠨ ᠤ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备14003692号