ᠮᠣᠩᠭᠤᠯᠴᠤᠳ ᠤᠨ ᠮᠠᠯ ᠤᠨ ᠮᠦᠷ ᠮᠦᠷᠳᠡᠬᠦ ᠤᠬᠠᠭᠠᠨ
ᠨᠡᠶᠢᠲᠡᠯᠡᠭᠰᠡᠨ ᠴᠠᠭ᠄
2016/8/2
     ᠨᠢᠭᠡ᠂ ᠮᠠᠯ ᠤᠨ ᠮᠦᠷ ᠮᠦᠷᠳᠡᠬᠦ ᠤᠬᠠᠭᠠᠨ ᠤ ᠪᠦᠷᠢᠯᠳᠤᠯ ᠴᠠᠭ ᠦᠶ᠎ᠡ      ᠤᠮᠠᠷᠠᠳᠤ ᠶᠢᠨ ᠦᠨᠳᠤᠰᠤᠲᠡᠨ ᠤ ᠠᠮᠢᠳᠤᠷᠠᠯ ᠤᠨ ᠠᠮᠢᠳᠤ ᠲᠡᠥᠭᠡ ᠶᠢᠨ ᠵᠢᠷᠤᠭ ᠲᠡᠮᠲᠡᠭᠯᠡᠯ ᠪᠣᠯᠬᠤ ᠬᠠᠳᠠᠨ ᠵᠢᠷᠤᠭ ᠲᠤ ᠬᠦᠮᠦᠨ ᠠᠮᠢᠲᠠᠨ ᠤ ᠮᠦᠷ ᠤᠨ ᠲᠣᠬᠠᠢ ᠲᠤᠰᠬᠠᠢ ᠬᠠᠳᠠᠨ ᠵᠢᠷᠤᠭ ᠵᠦᠩᠳᠡᠭᠡᠨ ᠪᠠᠶᠢᠳᠠᠭ᠃ ᠮᠣᠩᠭᠤᠯᠴᠤᠳ ᠤᠨ ᠡᠨᠡᠬᠦ ᠲᠠᠪᠤᠨ ᠬᠤᠰᠢᠭᠤ ᠮᠠᠯ ᠤᠨ ᠮᠦᠷ ᠮᠣᠰᠭᠢᠬᠦ᠂ ᠮᠦᠷᠳᠡᠨ ᠬᠦᠭᠡᠭᠡᠬᠦ ᠠᠷᠭ᠎ᠠ ᠨᠢ ᠮᠠᠰᠢ ᠡᠷᠲᠡᠨ ᠤ ᠦᠶ᠎ᠡ ᠳᠤ ᠪᠠᠶᠢᠯ᠎ᠠ ᠭᠡᠳᠡᠭ ᠢ ᠲᠤᠯᠭᠤᠷ ᠪᠢᠴᠢᠭ ᠪᠣᠯᠬᠤ ︽ᠮᠣᠩᠭᠤᠯ ᠤᠨ ᠨᠢᠭᠤᠴᠠ ᠲᠣᠪᠴᠢᠶᠠᠨ︾ ᠳᠤ ᠲᠣᠳᠤᠷᠬᠠᠢ ᠲᠡᠮᠲᠡᠭᠯᠡᠭᠡᠰᠤᠲᠡᠢ᠃ ᠵᠢᠱᠢᠶᠡᠯᠡᠪᠡᠯ᠂ ᠲᠠᠶᠢᠴᠢᠭᠤᠳ ᠮᠠᠨᠰᠠᠩ ᠤᠨ ᠰᠢᠨ᠎ᠡ ᠪᠠᠷ ᠣᠷᠴᠢᠭᠤᠯᠵᠤ ᠲᠠᠶᠢᠯᠪᠤᠷᠢᠯᠠᠭᠰᠠᠨ ︽ᠮᠣᠩᠭᠤᠯ ᠤᠨ ᠨᠢᠭᠤᠴᠠ ᠲᠣᠪᠴᠢᠶᠠᠨ︾ ᠤ 50 ᠨᠢᠭᠤᠷ ᠪᠠ 52 ᠨᠢᠭᠤᠷ᠂ 53 ᠨᠢᠭᠤᠷ  ᠲᠤ ᠰᠤᠷᠬᠠᠨ ᠰᠢᠷ᠎ᠠ ᠠᠴᠠ ︽ᠬᠦᠮᠤᠨ ᠪᠦᠷᠢ ᠶᠠᠪᠤᠭᠰᠠᠨ ᠮᠦᠷ ᠢᠶᠠᠷ ᠢᠶᠠᠨ ᠭᠡᠳᠡᠷᠬᠦ ᠶᠠᠪᠤᠵᠤ᠂ ᠨᠡᠩᠵᠢᠭᠰᠡᠨ ᠦᠭᠡᠢ ᠭᠠᠵᠠᠷ ᠢᠶᠠᠷ ᠳᠠᠬᠢᠨ ᠰᠢᠭᠦᠵᠦ ᠦᠵᠡᠶ᠎ᠡ︾ ᠭᠡᠰᠡᠨ ᠪᠠ ᠲᠡᠮᠤᠵᠢᠨ ᠳᠠᠶᠢᠴᠢᠭᠤᠳ ᠠᠴᠠ ᠳᠤᠲᠠᠭᠠᠵᠤ ᠭᠠᠷᠤᠭᠠᠳ ᠤᠷᠢᠳᠤ ᠶᠢᠨ ᠰᠢᠪᠡᠭᠡᠯᠡᠨ ᠬᠤᠷᠤᠭᠠᠯᠠᠭᠰᠠᠨ ᠭᠠᠵᠠᠷ ᠲᠠᠭᠠᠨ ᠬᠦᠷᠴᠦ ᠡᠪᠡᠰᠤᠨ ᠤ ᠨᠠᠯᠤᠷᠬᠠᠢ ᠪᠠᠷ ᠣᠨᠤᠨ ᠮᠦᠷᠡᠨ ᠦᠭᠡᠳᠡ ᠮᠣᠰᠬᠢᠵᠤ᠂ ᠪᠠᠷᠠᠭᠤᠨ ᠠᠴᠠ ᠬᠢᠮᠤᠷᠠᠭ᠎ᠠ ᠭᠤᠷᠤᠬᠠᠨ ᠳᠤ ᠬᠦᠷᠴᠦ ᠢᠷᠡᠪᠡ᠃ ᠲᠡᠨᠳᠡ ᠠᠴᠠ ᠬᠢᠮᠤᠷᠠᠭ᠎ᠠ ᠭᠤᠷᠤᠬᠠᠨ ᠤ ᠦᠭᠡᠳᠡ ᠦᠭᠰᠤᠵᠦ᠂ ᠪᠠᠳᠠᠷ ᠬᠤᠰᠢᠭᠤᠨ ᠤ ᠬᠤᠷᠴᠤᠬᠠᠢ ᠪᠣᠯᠳᠠᠭ ᠲᠤ ᠡᠵᠢ ᠳᠡᠭᠦᠦ  ᠨᠠᠷ  ᠲᠠᠢ ᠪᠠᠨ ᠤᠴᠠᠷᠠᠪᠠ᠃ ᠲᠡᠮᠤᠵᠢᠨ ᠠᠴᠠ ︽ᠲᠠᠨᠠᠷ ᠴᠢᠳᠠᠬᠤ ᠦᠭᠡᠢ᠂ ᠪᠢ ᠨᠡᠭᠡᠶ᠎ᠡ︾ ᠭᠡᠳ ᠣᠭᠤᠳᠤᠷ ᠳᠡᠷᠬᠢ ᠬᠤᠩᠭᠤᠷ ᠢᠶᠠᠨ ᠤᠨᠤᠭᠠᠳ ᠰᠢᠷᠭ᠎ᠠ ᠠᠭᠲᠠ ᠪᠠᠨ ᠡᠪᠡᠰᠤᠨ ᠤ ᠨᠠᠯᠤᠷᠬᠠᠢ ᠪᠠᠷ ᠮᠣᠰᠬᠢᠨ ᠭᠤᠷᠪᠠᠨ ᠬᠤᠨᠤᠭ ᠶᠠᠪᠤᠵᠤ ᠨᠢᠭᠡᠨ ᠦᠷᠯᠤᠭᠡ ᠵᠠᠮ ᠳᠤ ᠳᠣᠬᠢᠶᠠᠯᠳᠤᠭᠰᠠᠨ ᠣᠯᠠᠨ ᠠᠳᠤᠭᠤᠨ ᠳᠡᠭᠡᠷ᠎ᠡ ᠬᠦᠷᠤᠭ᠍ᠰᠡᠨ ᠳᠤ ᠨᠢᠭᠡᠨ ᠭᠤᠶᠤᠮᠰᠤᠭ ᠬᠦᠪᠡᠭᠦᠨ ᠭᠡᠬᠦᠣ ᠰᠠᠭᠠᠵᠤ ᠪᠠᠶᠢᠪᠠ᠃ ᠲᠡᠷᠡ ᠬᠡᠥᠭᠡᠳ ᠲᠠᠢ ᠵᠣᠯᠭᠠᠵᠤ ᠰᠢᠷᠭ᠎ᠠ ᠠᠭᠲᠠ ᠪᠠᠨ ᠰᠤᠷᠠᠭᠯᠠᠭᠰᠠᠨ ᠳᠤ᠂ ᠲᠡᠷᠡ ᠬᠦᠪᠡᠭᠦᠨ ᠦᠭᠦᠯᠡᠷᠤᠨ ︽ᠡᠨᠡ ᠦᠷᠯᠦᠭᠡ ᠨᠠᠷᠠ ᠪᠢᠲᠡᠭᠦᠦ ᠪᠠᠷ ᠨᠠᠢᠮᠠᠨ ᠰᠢᠷᠭ᠎ᠠ ᠠᠭᠲᠠ ᠶᠢ ᠡᠭᠦᠪᠡᠷ ᠲᠠᠭᠤᠵᠤ ᠭᠠᠷᠪᠠ᠃ ᠪᠢ ᠮᠦᠷ ᠢ ᠨᠢ ᠵᠢᠭᠠᠵᠤ ᠦᠭᠭᠦᠶ᠎ᠡ᠃ ᠲᠡᠭᠡᠭᠡᠳ ᠪᠣᠭᠤᠷᠴᠤ ᠲᠠᠢ ᠬᠠᠮᠲᠤ ᠮᠣᠷᠳᠠᠵᠤ᠂ ᠰᠢᠷᠭ᠎ᠠ ᠮᠣᠷᠢᠳ ᠤᠨ ᠮᠦᠷ ᠢ ᠮᠣᠰᠬᠢᠵᠤ…︾ ᠭᠡᠵᠡᠢ᠃   ᠡᠭᠦᠨ ᠠᠴᠠ ᠦᠵᠡᠭᠦᠯ᠎ᠡ ᠮᠣᠩᠭᠤᠯᠴᠤᠳ ᠤᠨ ᠮᠦᠷ ᠮᠦᠷᠳᠡᠬᠦ ᠪᠣᠶᠤ ᠮᠦᠷ ᠮᠦᠷᠳᠡᠬᠦ ᠤᠬᠠᠭᠠᠨ ᠶᠣᠰᠤ ᠨᠢᠭᠡᠨᠲᠡ ᠠᠯᠢ ᠬᠡᠳᠤᠶᠢᠨ ᠠᠴᠠ ᠪᠣᠯᠪᠠᠰᠤᠷᠠᠨ ᠲᠡᠭᠦᠯᠳᠡᠷᠵᠢᠵᠤ᠂ ᠨᠢᠭᠡᠲᠤᠮᠡᠯ ᠮᠣᠩᠭᠤᠯ ᠪᠦᠷᠢᠯᠳᠤᠬᠦ 13 ᠳ᠋ᠤᠭᠠᠷ ᠵᠠᠭᠤᠨ ᠠᠴᠠ ᠬᠤᠯᠠ ᠡᠮᠤᠨ᠎ᠡ ᠬᠡᠷᠡᠭᠯᠡᠵᠦ ᠪᠠᠶᠢᠭᠰᠠᠨ ᠪᠦᠭᠡᠳ ᠨᠢᠭᠡᠨᠲᠡ ᠪᠣᠯᠪᠠᠰᠤᠷᠠᠯ᠎ᠠ ᠭᠡᠳᠡᠭ ᠢ ᠮᠦᠷ ᠮᠦᠷᠳᠡᠬᠦ ᠮᠡᠷᠭᠡᠵᠢᠯ ᠤᠨ ᠭᠡᠮᠵᠢᠶᠡᠨ ᠠᠴᠠ ᠬᠠᠷᠠᠭᠤᠯᠵᠠᠢ᠃ ᠰᠠᠶᠢᠰᠢᠶᠠᠯ ᠤᠨ ᠲᠣᠭᠤᠷᠪᠢᠭᠰᠠᠨ ︽ᠴᠢᠩᠬᠢᠰ ᠬᠠᠭᠠᠨ ᠤ ᠲᠣᠪᠴᠢᠶᠠᠨ︾ ᠤ ᠳᠡᠭᠡᠳᠤ ᠲᠡᠪᠲᠡᠷ ᠤᠨ 533 ᠨᠢᠭᠤᠷ ᠲᠤ ︽ᠲᠣᠬᠠᠢ ᠶᠢᠨ ᠦᠶ᠎ᠡ  ᠳᠤ ᠮᠣᠩᠭᠤᠯᠴᠤᠳ ᠲᠠᠯ᠎ᠠ ᠲᠦᠭᠦᠷᠡᠩ ᠪᠡᠯᠴᠢᠭᠰᠡᠨ ᠲᠠᠪᠤᠨ ᠬᠤᠰᠢᠭᠤ ᠮᠠᠯ ᠲᠠᠢ ᠪᠠᠶᠢᠭᠰᠠᠨ ᠢᠶᠠᠷ ᠦᠯᠤ ᠪᠠᠷᠠᠮ᠂ ᠮᠠᠯ ᠰᠦᠷᠦᠭ ᠢᠶᠠᠨ ᠡᠵᠡᠩᠨᠡᠨ ᠬᠠᠮᠢᠶᠠᠷᠬᠤ ᠠᠷᠭ᠎ᠠ  ᠶᠢᠨ ᠲᠠᠯ᠎ᠠ ᠪᠠᠷ ᠴᠤ ᠨᠡᠯᠢᠶᠡᠳ ᠦᠨᠳᠤᠷ ᠬᠡᠮᠵᠢᠶᠡᠨ ᠳᠤ ᠬᠦᠷᠴᠡᠢ᠃ ᠶᠠᠭᠤᠨ ᠤ ᠤᠷᠢᠳ᠂ ᠡᠯ᠎ᠡ ᠲᠦᠷᠤᠯ ᠤᠨ ᠮᠠᠯ ᠢ ᠵᠤᠶᠢᠯ ᠲᠦᠷᠤᠯ ᠢᠶᠠᠷ ᠨᠢ ᠠᠰ ᠠᠰ ᠲᠤᠨᠢ ᠮᠠᠯᠵᠢᠳᠠᠭ ᠪᠦᠭᠡᠳ ᠠᠵᠢᠯ ᠤᠨ ᠬᠤᠪᠢᠶᠠᠷᠢ ︵ᠲᠡᠮᠡᠭᠡᠴᠢᠨ᠂ ᠠᠳᠤᠭᠤᠴᠢᠨ᠂ ᠬᠤᠨᠢᠴᠢᠨ᠂ ᠦᠭᠡᠷᠴᠢᠨ︶ ᠲᠠᠢ ᠪᠠᠶᠢᠭᠰᠠᠨ᠃ ᠬᠤᠶᠠᠷ ᠳᠤ᠂ ᠪᠡᠯᠴᠢᠭᠡᠷ ᠢ ᠲᠣᠬᠢᠷᠠᠭᠤᠯᠬᠤ ᠠᠰᠢᠭᠯᠠᠬᠤ ᠲᠠᠯ᠎ᠠ ᠪᠠᠷ ᠮᠠᠰᠢ ᠪᠠᠶᠠᠯᠢᠭ ᠲᠣᠷᠰᠢᠯᠭ᠎ᠠ ᠲᠠᠢ ᠪᠠᠶᠢᠪᠠ᠃ ᠭᠤᠷᠪᠠ ᠳᠤ᠂ ᠮᠠᠯ ᠢ ᠡᠳ᠋ᠯᠡᠵᠦ ᠬᠡᠷᠡᠭᠯᠡᠬᠦ ᠮᠡᠷᠭᠡᠵᠢᠯ ᠪᠠ ᠮᠠᠯ ᠠᠵᠦ ᠠᠬᠤᠢ ᠶᠢᠨ ᠠᠰᠢᠭ ᠰᠢᠮ᠎ᠡ ᠶᠢ ᠪᠣᠯᠪᠠᠰᠤᠷᠠᠭᠤᠯᠬᠤ ᠮᠡᠷᠭᠡᠵᠢᠯ ᠤᠨ ᠲᠠᠯ᠎ᠠ ᠪᠠᠷ ᠴᠤ ᠨᠡᠯᠢᠶᠡᠳ ᠦᠨᠳᠤᠷ ᠬᠡᠮᠵᠢᠶᠡᠨ ᠳᠤ ᠬᠦᠷᠴᠡᠢ︾ ᠭᠡᠵᠡᠢ᠃ ᠲᠠᠪᠤᠨ ᠬᠤᠰᠢᠭᠤ ᠮᠠᠯ ᠨᠢ ᠮᠣᠩᠭᠤᠯᠴᠤᠳ ᠤᠨ ᠠᠵᠦ ᠠᠬᠤᠢ ᠶᠢᠨ ᠠᠮᠢᠨ ᠰᠤᠳᠠᠰᠤ ᠪᠣᠯᠵᠤ᠂ ᠠᠷᠤ ᠲᠠᠯ᠎ᠠ ᠶᠢᠨ ᠠᠤᠭ᠎ᠠ ᠶᠡᠭᠡ ᠲᠦᠰᠢᠭ ᠲᠤᠯᠭᠤᠷ ᠪᠣᠯᠵᠤ ᠪᠠᠶᠢᠯ᠎ᠠ ᠭᠡᠳᠡᠭ ᠢ ᠳᠡᠯᠡᠭᠡᠢ ᠶᠢᠨ ᠬᠡᠪᠴᠢᠶᠡᠨ ᠳᠤ ᠣᠳᠤᠬᠢ ᠡᠷᠳᠡᠮᠲᠡᠨ ᠮᠡᠷᠭᠡᠳ ᠶᠡᠬᠡᠪᠡᠷ ᠰᠣᠳᠤᠯᠵᠤ ᠪᠠᠶᠢᠨ᠎ᠠ᠃ ᠶᠠᠫᠤᠨ ᠤ ᠦᠮᠡᠶᠢᠰᠡᠥ᠂ ᠲᠠᠳᠠᠥ ᠶᠢᠨ ᠵᠣᠬᠢᠶᠠᠭᠰᠠᠨ ︽ᠮᠣᠩᠭᠤᠯᠴᠤᠳ ᠤᠨ ᠨᠡᠭᠦᠳᠡᠯ ᠤᠨ ᠰᠣᠶᠣᠯ ᠤᠨ ᠲᠣᠬᠠᠢ ᠠᠮᠢ ᠠᠬᠤᠢ ᠤᠭᠰᠠᠭᠠᠲᠠᠨ ᠤ ᠵᠦᠢ ᠶᠢᠨ ᠰᠣᠳᠤᠯᠤᠯ︾ ᠭᠡᠬᠦ ᠨᠣᠮ ᠤᠨ 50 ᠳ᠋ᠤᠭᠠᠷ ᠨᠢᠭᠤᠷ ᠲᠤ ︽ᠨᠡᠭᠦᠳᠡᠯ ᠮᠠᠯᠵᠢᠯ ᠤᠨ ᠢᠷᠡᠯᠲᠡ ᠪᠣᠯ ᠤᠮᠠᠷᠠᠳᠤ ᠶᠢᠨ ᠣᠢ ᠰᠢᠭᠤᠢ ᠠᠴᠠ ᠭᠠᠷᠴᠤ ᠢᠷᠡᠭᠰᠡᠨ ᠠᠩ ᠭᠦᠷᠤᠭᠡ ᠬᠢᠳᠡᠭ ᠠᠷᠠᠳ᠂ ᠲᠠᠯ᠎ᠠ ᠭᠠᠵᠠᠷ ᠡᠷᠬᠢᠴᠡᠬᠦ ᠰᠦᠷᠤᠭ᠍ᠯᠡᠨ ᠠᠮᠢᠳᠤᠷᠠᠳᠠᠭ ᠲᠣᠭᠤᠷᠠᠶᠢᠲᠤ ᠠᠮᠢᠲᠠᠨ ᠤ ᠰᠦᠷᠦᠭ   ᠲᠠᠢ ᠬᠠᠮᠳᠤ ᠪᠠᠷ ᠣᠷᠤᠰᠢᠬᠤ ᠬᠠᠷᠢᠴᠠᠭ᠎ᠠ ᠪᠠᠶᠢᠭᠤᠯᠤᠨ᠂ ᠠᠮᠢᠲᠠᠨ ᠤ ᠰᠦᠷᠦᠭ ᠤᠨ ᠨᠡᠭᠦᠳᠡᠯᠯᠡᠬᠦ ᠶᠢ ᠳᠠᠭᠠᠵᠤ ᠬᠦᠮᠦᠨ ᠨᠢ ᠴᠦ ᠨᠡᠭᠦᠳᠡᠯᠯᠡᠬᠦ ᠪᠣᠯᠵᠤ ᠢᠷᠡᠭᠰᠡᠨ… ᠬᠡᠷᠪᠡ ᠨᠡᠭᠦᠳᠡᠯ ᠮᠠᠯᠵᠢᠯ  ᠤᠨ ᠢᠷᠡᠯᠲᠡ ᠶᠢ ᠮᠣᠩᠭᠤᠯ ᠤᠨ ᠲᠠᠯ᠎ᠠ ᠭᠠᠵᠠᠷ ᠠᠴᠠ ᠡᠬᠢᠯᠡᠭᠰᠡᠨ ᠭᠡᠵᠦ ᠪᠣᠳᠤᠪᠠᠯ ᠬᠤᠨᠢ ᠪᠣᠶᠤ ᠮᠣᠷᠢ ᠪᠣᠯᠬᠤ ᠪᠣᠯᠤᠯᠴᠠᠭ᠎ᠠ ᠪᠣᠢ᠃ ᠬᠤᠨᠢᠨ ᠤ ᠵᠡᠷᠯᠢᠭ ᠲᠦᠷᠤᠯ ᠢ ᠮᠡᠳᠡᠭᠡ ᠦᠭᠡᠢ ᠪᠣᠯᠪᠠᠴᠤ᠂ ᠲᠡᠮᠡᠭᠡ᠂ ᠮᠣᠷᠢᠨ ᠤ ᠵᠡᠷᠯᠢᠭ ᠲᠦᠷᠤᠯ ᠣᠷᠤᠰᠢᠵᠤ ᠪᠠᠶᠢᠬᠤ ᠶᠢ ᠮᠡᠳᠡᠵᠤ  ᠪᠠᠶᠢᠬ᠎ᠠ᠃ ᠮᠣᠩᠭᠤᠯ ᠦᠬᠡᠷ ᠤᠨ ᠤᠭ ᠲᠦᠷᠤᠯ ᠬᠠᠮᠢᠭ᠎ᠠ ᠠᠴᠠ ᠢᠷᠡᠭᠰᠡᠨ ᠪᠣᠯ︖ ᠡᠨᠡ ᠨᠢ ᠮᠦᠨ ᠮᠡᠳᠡᠭᠡᠳᠤᠢ ᠵᠤᠶᠢᠯ ᠪᠢᠯᠡ…︾ ᠭᠡᠵᠡᠢ᠃       ᠬᠤᠶᠠᠷ᠂ ᠲᠠᠪᠤᠨ ᠬᠤᠰᠢᠭᠤ ᠮᠠᠯ ᠤᠨ ᠮᠦᠷᠳᠡᠯᠲᠡ ᠶᠢᠨ ᠤᠬᠠᠭᠠᠨ      ᠮᠣᠩᠭᠤᠯᠴᠤᠳ ᠤᠨ ᠲᠠᠪᠤᠨ ᠬᠤᠰᠢᠭᠤ ᠮᠠᠯ ᠭᠡᠳᠡᠭ ᠨᠢ ᠳᠠᠷᠤᠢ ᠠᠳᠤᠭᠤ᠂ ᠲᠡᠮᠡᠭᠡ᠂ ᠦᠬᠡᠷ᠂ ᠬᠤᠨᠢ᠂ ᠢᠮᠠᠭ᠎ᠠ ᠵᠡᠷᠭᠡ ᠪᠣᠯᠤᠨ᠎ᠠ᠃ ᠡᠭᠦᠨ ᠳᠤ ᠮᠣᠷᠢᠨ ᠤ ᠬᠦᠯ ᠤᠨ ᠬᠠᠮᠤᠭ ᠳᠣᠣᠷᠠᠬᠢ ᠡᠪᠡᠷᠯᠢᠭ ᠬᠡᠰᠡᠭ ᠢ ᠲᠣᠭᠤᠷᠠᠢ ᠭᠡᠵᠦ᠂ ᠲᠡᠮᠡᠭᠡᠨ ᠤ ᠰᠢᠬᠢᠷ᠎ᠡ ᠶᠢᠨ ᠬᠠᠮᠤᠭ ᠳᠣᠣᠷᠠᠬᠢ ᠬᠡᠰᠡᠭ ᠢ ᠲᠠᠪᠠᠭ  ᠭᠡᠵᠦ᠂ ᠦᠬᠡᠷ᠂ ᠬᠤᠨᠢ᠂ ᠢᠮᠠᠭᠠᠨ ᠤ  ᠰᠢᠬᠢᠷ᠎ᠡ ᠶᠢᠨ ᠬᠠᠮᠤᠭ ᠳᠣᠣᠷᠠᠬᠢ ᠡᠪᠡᠷᠯᠢᠭ ᠰᠠᠯᠠᠭᠠᠲᠤ ᠬᠡᠰᠡᠭ ᠢ ᠬᠤᠬᠢᠰᠤ ᠭᠡᠳᠡᠭ᠃ ᠮᠣᠩᠭᠤᠯᠴᠤᠳ ᠤᠨ ᠮᠦᠷ ᠮᠦᠷᠳᠡᠬᠦ ᠤᠬᠠᠭᠠᠨ ᠪᠣᠯ ᠳᠠᠷᠤᠢ᠂ ᠲᠣᠭᠤᠷᠠᠢ᠂ ᠲᠠᠪᠠᠭ᠂ ᠬᠤᠭᠢᠰᠤ ᠶᠢᠨ ᠭᠠᠵᠠᠷ ᠤᠨ ᠬᠦᠷᠤᠰᠤᠨ ᠳᠤ ᠦᠯᠡᠳᠡᠭᠡᠭᠰᠡᠨ ᠳᠤᠭᠲᠠᠭᠰᠠᠨ ᠳᠦᠷᠰᠤ ᠪᠠᠶᠢᠳᠠᠯ ᠤᠨ ᠤᠯᠠ ᠮᠦᠷ ᠤᠨ ᠬᠡᠪ ᠵᠢᠷᠤᠭ ᠪᠣᠶᠤ ᠬᠡᠮᠵᠢᠶᠡᠲᠤ ᠣᠷᠤᠢ ᠮᠦᠷ ᠢ ᠦᠨᠳᠤᠰᠤᠯᠡᠨ᠂ ᠲᠣᠬᠠᠢ ᠶᠢᠨ ᠤᠯᠠ ᠮᠦᠷ ᠢ ᠦᠯᠡᠳᠡᠭᠡᠭᠰᠡᠨ ᠮᠠᠯ ᠤᠨ ᠨᠠᠰᠤ ᠵᠢᠯ᠂ ᠲᠠᠷᠭᠤᠨ ᠡᠴᠡᠩᠬᠡᠢ᠂ ᠨᠠᠰᠤᠨ ᠤ ᠶᠡᠭᠡ ᠪᠠᠭ᠎ᠠ ᠵᠠᠯᠠᠭᠤ ᠬᠦᠭᠰᠢᠨ᠂ ᠪᠡᠶ᠎ᠡ ᠪᠢᠯᠳᠡᠷ ᠢ ᠤᠨᠤᠭᠠᠨ ᠲᠠᠨᠢᠬᠤ ᠤᠬᠠᠭᠠᠨ ᠮᠦᠨ᠃ ᠮᠣᠩᠭᠤᠯᠴᠤᠳ ᠮᠠᠯ ᠤᠨ ᠲᠣᠭᠤᠷᠠᠢ᠂ ᠲᠠᠪᠠᠭ᠂ ᠬᠤᠭᠢᠰᠤ ᠶᠢᠨ ᠦᠯᠡᠳᠡᠭᠡᠭᠰᠡᠨ ᠤᠯᠠ ᠮᠦᠷ ᠤᠨ ᠶᠡᠭᠡ ᠪᠠᠭ᠎ᠠ᠂ ᠨᠢᠭᠡ ᠮᠠᠯ ᠤᠨ ᠲᠤᠰ ᠪᠡᠶ᠎ᠡ ᠶᠢᠨ ᠬᠢᠨᠢ ᠳᠦᠷᠪᠡᠨ ᠲᠤᠭᠤᠷᠠᠢ ᠪᠣᠶᠤ ᠲᠦᠷᠪᠡᠨ ᠲᠠᠪᠠᠭ᠂ ᠲᠦᠷᠪᠡᠨ ᠬᠤᠭᠢᠰᠤ ᠶᠢᠨ ᠠᠳᠠᠯᠢ ᠪᠣᠰᠤ ᠣᠨᠴᠠᠭᠠᠢ ᠣᠨᠴᠠᠯᠢᠭ᠂ ᠡᠮᠤᠨ᠎ᠡ ᠬᠤᠶᠢᠨᠠᠬᠢ ᠬᠦᠯ ᠤᠨ ᠮᠦᠷ ᠤᠨ ᠬᠤᠭᠤᠷᠤᠨᠳᠤᠬᠢ ᠵᠠᠢ ︵ᠬᠤᠶᠢᠨᠠᠬᠢ ᠬᠦᠯ ᠤᠨ ᠮᠦᠷ ᠨᠢ ᠡᠮᠦᠨᠡᠬᠢ ᠬᠦᠯ ᠤᠨ ᠮᠦᠷ ᠳᠡᠭᠡᠷ᠎ᠡ ᠲᠠᠪᠬᠤᠷᠯᠠᠵᠤ ᠬᠢᠰᠬᠢᠵᠤ ᠭᠠᠷᠤᠭᠰᠠᠨ ᠵᠢᠰᠢᠭᠦᠦ ᠵᠦᠷᠢᠭᠦᠯᠦᠭᠰᠡᠨ ᠵᠠᠢ᠂ ᠠᠰ ᠠᠷᠤ ᠳᠤᠨᠢ ᠪᠠᠶᠢᠭ᠎ᠠ ᠵᠠᠢ᠂ ᠬᠤᠶᠢᠨᠠᠬᠢ ᠬᠦᠯ ᠨᠢ ᠡᠮᠤᠨᠡᠬᠢ ᠬᠦᠯ ᠤᠨ ᠮᠦᠷ ᠳᠡᠭᠡᠷ᠎ᠡ ᠬᠢᠰᠬᠢᠵᠦ ᠭᠦᠢᠴᠡᠳ ᠳᠠᠪᠬᠤᠷᠯᠠᠵᠤ ᠭᠠᠷᠤᠭᠰᠠᠨ ᠵᠠᠢ︶ ᠪᠣᠶᠤ ᠨᠢᠭᠡᠮᠰᠤᠨ ᠠᠷᠤ ᠬᠦᠯ ᠤᠨ ᠮᠦᠷ ᠡᠮᠤᠨ᠎ᠡ  ᠬᠦᠯ ᠤᠨ ᠮᠦᠷ ᠲᠠᠢ ᠭᠠᠳᠠᠭᠤᠷ ᠲᠠᠯ᠎ᠠ ᠪᠠᠷ ᠪᠠᠷᠤᠭ ᠵᠡᠷᠭᠡᠴᠡᠨ ᠭᠠᠷᠤᠭᠰᠠᠨ ᠤᠯᠠ ᠮᠦᠷ᠂ ᠬᠤᠭᠢᠰᠣ ᠶᠢᠨ ᠰᠠᠯᠠᠭᠠᠨ ᠤ ᠣᠷᠭᠤᠴᠠ ᠶᠢᠨ ᠲᠡᠭᠰᠢ ᠪᠣᠰᠤ ᠠᠴᠠ ᠪᠣᠯᠵᠤ ᠦᠯᠡᠳᠡᠭᠡᠭᠰᠡᠨ ᠤᠯᠠ ᠮᠦᠷ᠂ ᠲᠠᠪᠠᠭ ᠤᠨ ᠶᠡᠭᠡ ᠪᠠᠭ᠎ᠠ ᠪᠠ ᠲᠠᠪᠠᠭ ᠤᠨ ᠬᠤᠸᠠᠷ ᠤᠨ ᠠᠳᠠᠯᠢ ᠪᠣᠰᠤ ᠠᠴᠠ ᠪᠣᠯᠵᠤ ᠭᠠᠵᠠᠷ ᠤᠨ ᠭᠠᠳᠠᠷᠭᠤ ᠳᠤ ᠪᠦᠷᠢᠯᠳᠤᠭ᠍ᠰᠡᠨ ᠤᠯᠠ ᠮᠦᠷ᠂ ᠰᠢᠷᠡᠭᠡ ᠪᠦᠬᠦ᠂ ᠠᠶᠠᠰ ᠪᠦᠬᠦ᠂ ᠰᠣᠯᠪᠢ ᠪᠦᠬᠦ ᠠᠴᠠ ᠰᠢᠯᠲᠠᠭᠠᠯᠠᠵᠤ ᠦᠯᠡᠳᠡᠭᠰᠡᠨ ᠲᠠᠪᠠᠭ ᠤᠨ ᠤᠯᠠ ᠮᠦᠷ᠂ ᠬᠤᠭᠢᠰᠣ ᠶᠢᠨ ᠬᠡᠪ ᠭᠠᠯᠪᠢᠷ ᠤᠨ ᠠᠳᠠᠯᠢ ᠪᠣᠰᠤ ᠤᠶᠢᠯᠡᠳᠤᠯᠴᠡᠯ ᠠᠴᠠ ᠪᠣᠯᠵᠤ ᠪᠦᠷᠢᠯᠳᠤᠭ᠍ᠰᠡᠨ ᠦᠬᠡᠷ᠂ ᠬᠤᠨᠢ᠂ ᠢᠮᠠᠭ᠎ᠠ ᠶᠢᠨ ᠤᠯᠠ ᠮᠦᠷ᠂ ᠮᠠᠯ ᠤᠨ ᠴᠢᠳᠤᠷ ᠲᠤᠱᠠᠭ᠎ᠠ ᠲᠠᠢ ᠪᠠᠶᠢᠬᠤ ᠦᠶ᠎ᠡ ᠶᠢᠨ ᠤᠯᠠ ᠮᠦᠷ ᠵᠡᠷᠭᠡ ᠶᠢ ᠶᠡᠬᠡᠬᠡᠨ ᠰᠣᠳᠤᠯᠤᠭᠰᠠᠨ ᠪᠠᠶᠢᠳᠠᠭ᠃ ᠮᠠᠯ ᠤᠨ ᠤᠯᠠ ᠮᠦᠷ ᠢ ᠨᠡᠶᠢᠳᠡᠮᠴᠢ ︵ᠲᠦᠭᠡᠮᠡᠯ︶ ᠴᠢᠨᠠᠷ᠂ ᠵᠢᠮ᠎ᠡ ᠶᠣᠰᠤᠴᠢ ᠴᠢᠨᠠᠷ᠂ ᠦᠪᠡᠷᠮᠢᠴᠡ ᠣᠨᠴᠠᠭᠠᠢ ᠴᠢᠨᠠᠷ᠂ ᠲᠣᠭᠲᠠᠮᠠᠯ ᠴᠢᠨᠠᠷ᠂ ᠦᠷᠬᠦᠯᠵᠢᠯᠡᠭᠰᠡᠨ ᠴᠢᠨᠠᠷ ᠲᠠᠢ ᠭᠡᠵᠦ ᠰᠢᠨᠵᠢᠯᠡᠨ ᠦᠵᠡᠵᠦ ᠪᠣᠯᠬᠤ ᠪᠦᠭᠡᠳ ᠡᠨᠡ ᠬᠡᠳᠤᠨ ᠲᠠᠯ᠎ᠠ ᠶᠢ ᠬᠤᠯᠪᠤᠨ ᠤᠯᠠ ᠮᠦᠷ ᠤᠨ ᠬᠡᠯᠪᠡᠷᠢ ᠳᠡᠭᠡᠷ᠎ᠡ ᠨᠢ ᠬᠦᠳᠡᠯᠬᠦ ᠬᠦᠳᠡᠯᠭᠡᠭᠡᠨ ᠢ ᠨᠡᠮᠡᠵᠦ᠂ ᠰᠢᠯᠵᠢᠬᠦ ᠠᠯᠬᠤᠯᠲᠠ ᠶᠢᠨ ᠮᠠᠶ᠋ᠢᠭ ᠲᠦᠯᠦᠪ ᠰᠢᠨᠵᠢ ᠶᠢ ᠪᠠᠰᠠ ᠰᠣᠳᠤᠯᠵᠤ ᠪᠣᠯᠤᠨ᠎ᠠ᠃ ᠪᠠᠰᠠ ᠭᠠᠵᠠᠷ ᠤᠨ ᠭᠠᠳᠠᠷᠭᠤ ᠶᠢᠨ ᠬᠠᠲᠠᠭᠤ ᠵᠦᠭᠡᠯᠡᠨ᠂ ᠬᠦᠷᠤᠰᠤ ᠰᠢᠷᠤᠢ ᠶᠢᠨ ᠴᠢᠩᠭ᠎ᠠ ᠰᠤᠯᠠ ᠪᠣᠶᠤ ᠰᠢᠷᠤᠢ ᠶᠢᠨ ᠨᠢᠭᠲᠠᠴᠠ᠂ ᠬᠠᠯᠳᠤᠷᠢᠵᠤ ᠭᠤᠯᠭᠤᠷᠰᠠᠨ ᠡᠰᠡᠬᠦ᠂ ᠳᠠᠷᠤᠯᠲᠠ ᠶᠢᠨ ᠶᠡᠭᠡ ᠪᠠᠭ᠎ᠠ ᠪᠣᠶᠤ ᠴᠢᠭᠯᠡᠯ ᠵᠡᠷᠭᠡ ᠶᠢ ᠠᠩᠬᠠᠷᠴᠤ᠂ ᠬᠠᠪᠲᠠᠭᠠᠢ ᠪᠠᠶᠡᠲᠤ ᠶᠢᠨ ᠰᠠᠷᠡᠯ᠂ ᠡᠰᠡᠭᠦᠯ᠎ᠡ ᠪᠣᠰᠤᠭ᠎ᠠ ᠪᠡᠶᠡᠲᠦ ᠶᠢᠨ ᠰᠡᠷᠡᠯ ᠵᠡᠷᠭᠡ ᠬᠠᠷᠠᠭᠠᠰᠤᠨ ᠠᠴᠠ ᠪᠠᠰᠠ ᠰᠣᠳᠤᠯᠵᠤ ᠪᠣᠯᠤᠨ᠎ᠠ᠃ ᠪᠠᠰᠠ ᠴᠠᠭ ᠬᠤᠭᠤᠴᠠᠭᠠᠨ ᠤ ᠲᠠᠯ᠎ᠠ ᠠᠴᠠ ᠰᠢᠨ᠎ᠡ ᠮᠦᠷ ᠪᠣᠶᠤ ᠬᠠᠭᠤᠴᠢᠨ ᠮᠦᠷ ᠭᠡᠳᠡᠭ ᠢ  ᠲᠣᠳᠤᠯᠠᠬᠤ᠂ ᠰᠠᠯᠬᠢᠨ ᠪᠣᠷᠤᠭᠠᠨ ᠤ ᠡᠮᠤᠨᠡᠬᠢ ᠮᠦᠷ ᠪᠣᠶᠤ ᠳᠠᠷᠠᠭᠠᠬᠢ ᠮᠦᠷ ᠭᠡᠳᠡᠭ ᠢ ᠰᠢᠨᠵᠢᠯᠡᠬᠦ᠂ ᠪᠠᠰᠠ ᠦᠷᠬᠦᠯᠵᠢᠯᠡᠭᠰᠡᠨ ᠴᠢᠨᠠᠷ ᠤᠨ ᠲᠠᠯ᠎ᠠ ᠠᠴᠠ ᠮᠠᠯ ᠤᠨ ᠠᠯᠬᠤᠴᠠ ᠶᠢ ᠡᠩ ᠤᠨ ᠠᠯᠬᠤᠴᠠ᠂ ᠡᠩ ᠤᠨ ᠪᠣᠰᠤ ᠠᠯᠬᠤᠴᠠ᠂ ᠲᠠᠩ ᠠᠯᠬᠤᠴᠠ ᠪᠠ ᠳᠠᠪᠲᠠᠬᠤ ᠠᠯᠬᠤᠴᠠ ᠭᠡᠵᠤ  ᠬᠤᠪᠢᠶᠠᠨ ᠦᠵᠡᠵᠦ ᠪᠣᠯᠤᠨ᠎ᠠ᠃ ᠡᠭᠦᠨ ᠳᠤ ᠭᠠᠵᠠᠷ ᠤᠨ ᠭᠠᠳᠠᠷᠭᠤ ᠶᠢᠨ ᠰᠢᠷᠤᠢ ᠶᠢᠨ ᠦᠩᠭᠡ ᠨᠢ ᠠᠯᠢ ᠴᠦ ᠦᠶ᠎ᠡ ᠶᠢᠨ ᠤᠯᠠ ᠮᠦᠷ ᠲᠤ ᠣᠨᠴᠠᠭᠠᠢ ᠦᠢᠯᠡᠳᠤᠯ ᠦᠵᠡᠭᠦᠯᠳᠡᠭ᠃ ᠪᠦᠷᠬᠦᠭ ᠪᠣᠶᠤ ᠰᠠᠯᠬᠢᠨ ᠲᠠᠢ ᠡᠳᠦᠷ᠂ ᠰᠢᠲᠠᠮ᠎ᠠ ᠬᠠᠯᠠᠭᠤᠨ ᠡᠳᠦᠷ᠂ ᠪᠣᠷᠤᠭᠠᠨ ᠴᠠᠰᠤ ᠲᠠᠢ ᠡᠳᠦᠷ ᠵᠡᠷᠭᠡ ᠨᠢ ᠮᠠᠯ ᠤᠨ ᠤᠯᠠ ᠮᠦᠷ ᠤᠨ ᠰᠢᠨ᠎ᠡ ᠬᠠᠭᠤᠴᠢᠨ ᠲᠠᠢ ᠰᠢᠭᠤᠳ ᠬᠤᠯᠪᠤᠭᠳᠠᠬᠤ ᠪᠠᠷ ᠪᠠᠷᠠᠬᠤ ᠦᠭᠡᠢ ᠤᠯᠠ ᠮᠦᠷ ᠤᠨ ᠴᠢᠨᠠᠷ ᠴᠢᠨᠰᠠᠭ᠎ᠠ ᠲᠠᠢ ᠶᠡᠭᠡᠭᠡᠨ ᠬᠤᠯᠪᠤᠭ᠎ᠠ ᠲᠠᠢ ᠪᠠᠶᠢᠳᠠᠭ᠃       ᠭᠤᠷᠪᠠ᠂ ᠮᠠᠯ ᠤᠨ ᠮᠦᠷ ᠢ ᠮᠦᠷᠳᠡᠬᠦ ᠤᠶᠢᠯᠡ ᠶᠢᠨ ᠠᠴᠢ ᠬᠤᠯᠪᠤᠭᠳᠠᠯ      ᠮᠠᠨ ᠤ ᠮᠣᠩᠭᠤᠯᠴᠤᠳ ᠤᠨ ᠡᠭᠦᠳᠤᠨ ᠪᠦᠲᠤᠭᠡᠭᠰᠡᠨ ᠵᠠᠷᠢᠮ ᠵᠤᠶᠢᠯᠡᠰ ᠨᠢ ᠣᠳᠤ ᠴᠤ ᠭᠡᠳ ᠲᠡᠯᠡᠭᠡᠢ ᠶᠢᠨ ᠰᠣᠶᠤᠯ ᠪᠣᠯᠪᠠᠰᠤᠨ ᠤ ᠲᠦᠪᠰᠢᠨ ᠠᠴᠠ ᠬᠤᠴᠤᠷᠬᠤ ᠦᠭᠡᠢ ᠪᠦᠭᠡᠳ ᠶᠡᠭᠡ ᠰᠢᠨᠵᠢᠯᠡᠬᠦ ᠤᠬᠠᠭᠠᠨᠴᠢ ᠪᠠᠶᠢᠲᠠᠭ ᠭᠡᠳᠡᠭ ᠢ ᠭᠠᠳᠠᠭᠠᠳᠤ ᠳᠣᠳᠤᠭᠠᠳᠤ ᠶᠢᠨ ᠣᠯᠠᠨ ᠬᠦᠮᠤᠰ ᠠᠭᠠᠵᠢᠮ ᠳᠠᠭᠠᠨ ᠪᠦᠷ ᠮᠡᠳᠡᠬᠦ ᠪᠣᠯᠵᠤ ᠣᠯᠠᠨ ᠤᠯᠤᠰ ᠣᠷᠤᠨ ᠪᠦᠷ ᠰᠣᠳᠤᠯᠤᠨ ᠰᠢᠨᠵᠢᠯᠡᠵᠦ ᠪᠣᠢ᠃ ᠪᠢᠳᠠ ᠡᠪᠦᠭᠡ ᠳᠡᠭᠡᠳᠤᠰ ᠤᠨ ᠢᠶᠠᠨ ᠡᠭᠦᠳᠤᠨ ᠪᠦᠲᠤᠭᠡᠭᠰᠡᠨ ᠰᠣᠶᠤᠯ ᠪᠣᠯᠪᠠᠰᠤᠨ ᠢᠶᠠᠨ ᠳᠡᠭᠡᠵᠢᠯᠡᠨ ᠡᠷᠬᠢᠮᠨᠡᠵᠦ ᠤᠯᠠᠮᠵᠢᠯᠠᠨ ᠶᠠᠪᠤᠬᠤ ᠪᠣᠯ ᠪᠢᠳᠡᠨ ᠤ ᠳᠠᠷᠬᠠᠨ ᠡᠭᠦᠷᠭᠡ ᠮᠦᠨ᠃ ᠮᠣᠩᠭᠤᠯᠴᠤᠳ ᠤᠨ ᠡᠨᠡᠬᠦ ᠮᠠᠯ ᠤᠨ ᠮᠦᠷ ᠮᠦᠷᠳᠡᠬᠦ ᠰᠤᠩᠭᠤᠳᠠᠭ ᠤᠶᠢᠯᠡ ᠤᠬᠠᠭᠠᠨ ᠨᠢ ᠪᠦᠷ ᠰᠡᠭᠦᠯ ᠳᠡᠭᠡᠨ ᠤᠯᠤᠰ ᠤᠨ ᠬᠠᠮᠠᠭᠠᠯᠠᠯᠲᠠ ᠶᠢᠨ ᠠᠵᠢᠯ ᠤᠨ ᠰᠢᠰᠲ᠋ᠧᠮ ᠳᠤ ᠣᠷᠤᠵᠤ᠂ ᠳᠣᠳᠤᠭᠠᠳᠤ ᠶᠢᠨ ᠡᠷᠡᠭᠦᠣ ᠶᠢᠨ ᠬᠡᠷᠡᠭ ᠢ ᠲᠣᠳᠤᠷᠠᠭᠤᠯᠬᠤ ᠮᠡᠷᠭᠡᠵᠢᠯ ᠤᠨ ᠤᠶᠢᠯᠡᠰ ᠲᠤ ᠨᠡᠯᠢᠶᠡᠳ ᠬᠠᠩᠭᠠᠯᠲᠠᠲᠠᠢ ᠲᠦᠷᠤᠯ ᠵᠤᠶᠢᠯ ᠦᠭᠴᠦ ᠪᠣᠢ᠃ ᠨᠡᠩ ᠴᠤ ᠣᠳᠤᠬᠢ ᠬᠡᠷᠡᠭᠯᠡᠭᠡ ᠰᠢᠨᠵᠢᠯᠡᠭᠡᠨ ᠤ ᠡᠷᠡᠭᠦᠥ ᠶᠢᠨ ᠬᠡᠷᠡᠭ ᠤᠨ ᠮᠡᠷᠭᠡᠵᠢᠯ ᠤᠨ ᠰᠠᠯᠠᠭ᠎ᠠ ᠮᠦᠴᠢᠷ ᠤᠨ ᠬᠢᠨ ᠤ ᠪᠠᠶᠢᠩᠭᠤ ᠬᠡᠷᠡᠭᠯᠡᠵᠦ ᠪᠠᠶᠢᠭ᠎ᠠ ᠮᠦᠷ ᠤᠨ ᠮᠦᠷᠳᠡᠯᠲᠡ ᠶᠢᠨ ᠤᠬᠠᠭᠠᠨ ᠪᠣᠯ ᠪᠡᠯᠴᠢᠭᠡᠷ ᠤᠨ ᠮᠠᠯᠵᠢᠬᠤ ᠰᠣᠶᠣᠯ ᠠᠴᠠ  ᠦᠨᠳᠤᠰᠤ ᠢᠷᠡᠯᠲᠡᠢ ᠭᠡᠳᠡᠭ ᠢ ᠤᠯᠠᠮ ᠴᠦ ᠭᠡᠷᠡᠴᠢᠯᠡᠨ᠎ᠡ᠃ ᠴᠠᠭ ᠤᠨ ᠲᠠᠯ᠎ᠠ ᠪᠠᠷ ᠪᠠᠷᠤᠭ ᠲᠤᠰ ᠵᠠᠭᠤᠨ ᠤ ᠳᠡᠭᠡᠷ᠎ᠡ ᠬᠠᠭᠠᠰ ᠵᠢᠯ ᠤᠳ ᠠᠴᠠ ᠡᠬᠢᠯᠡᠨ ᠮᠠᠯ ᠤᠨ ᠮᠦᠷ ᠮᠦᠷᠳᠡᠯᠲᠡ ᠶᠢᠨ ᠤᠬᠠᠭᠠᠨ ᠢ ᠴᠢᠨᠠᠭᠰᠢ ᠬᠦᠭᠵᠢᠭᠦᠯᠦᠨ ᠳᠡᠯᠭᠡᠷᠡᠭᠦᠯᠵᠦ᠂ ᠬᠦᠮᠦᠨ ᠨᠡᠶᠢᠭᠡᠮ ᠤᠨ ᠤᠶᠢᠯᠡ ᠬᠢᠳᠡᠯ ᠳᠤ ᠤᠶᠢᠯᠡᠴᠢᠯᠡᠭᠰᠡᠭᠡᠷ ᠪᠠᠶᠢᠨ᠎ᠠ᠃ ᠡᠶᠢᠮᠤ ᠠᠴᠠ ᠨᠢᠭᠡᠨ ᠲᠦᠷᠤᠯ ᠤᠨ ᠪᠡᠶ᠎ᠡ ᠪᠠᠨ ᠳᠠᠭᠠᠭᠠᠭᠰᠠᠨ ᠲᠤᠰᠬᠠᠢ ᠮᠦᠷ ᠮᠦᠷᠳᠡᠯᠲᠡ ᠶᠢᠨ ᠤᠬᠠᠭᠠᠨ ᠪᠣᠯᠤᠭᠰᠠᠨ ᠤ ᠬᠤᠪᠢ ᠳᠤ  ᠬᠦᠮᠦᠨ ᠲᠦᠷᠤᠯᠬᠢᠲᠡᠨ ᠤ ᠪᠣᠯᠪᠠᠰᠤᠨ ᠰᠣᠶᠣᠯ ᠳᠤ᠂ ᠮᠠᠨ ᠤ ᠮᠣᠩᠭᠤᠯᠴᠤᠳ ᠤᠨ ᠲᠠᠪᠤᠨ ᠬᠤᠰᠢᠭᠤ ᠮᠠᠯ ᠤᠨ ᠮᠦᠷᠳᠡᠯᠲᠡ ᠶᠢᠨ ᠤᠬᠠᠭᠠᠨ ᠦᠨᠳᠤᠰᠤᠯᠡᠯ ᠪᠣᠯᠤᠭᠰᠠᠨ ᠠᠴᠢ ᠬᠤᠯᠪᠤᠭᠳᠠᠯ ᠲᠤᠶᠢᠯ ᠤᠨ ᠶᠡᠭᠡ ᠶᠤᠮ᠃  
 
ᠢᠷᠡᠯᠲᠡ᠄ ᠣᠩᠨᠢᠭᠤᠳ ᠬᠤᠰᠢᠭᠤᠨ ᠤ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备14003692号